ᠡᠭᠦᠯᠡ

ᠢᠰᠢᠭᠡ ᠶᠢᠨ ᠴᠠᠭᠠᠨ ᠡᠭᠦᠯᠡ  

ᠡᠭᠡ ᠪᠠᠨ ᠰᠠᠨᠠᠨ ᠳᠤᠩᠭ᠋ᠤᠴᠠᠨ᠎ᠠ  

ᠥᠭᠡᠳᠡᠩ ᠪᠠᠯᠴᠢᠭᠡᠷ ᠳᠠᠰᠢ ᠪᠠᠨ  

ᠥᠭᠡᠢ᠌ᠯᠡᠨ ᠮᠠᠢ᠌ᠯᠠᠨ ᠭᠦᠶ‍ᠦᠯᠳᠡᠨ᠎ᠡ  


ᠬᠤᠷᠠᠭ᠎ᠠ ᠶᠢᠨ ᠴᠠᠭᠠᠨ ᠡᠭᠦᠯᠡ  

ᠬᠤᠰᠢᠭᠤ ᠵᠥᠭᠡᠯᠡᠨ ᠳᠤᠭᠯᠠᠨ᠎ᠠ  

ᠬᠤᠨ ᠴᠠᠭᠠᠨ ᠳᠠᠪᠠᠯ ᠤᠨ  

ᠬᠤᠷᠮᠤᠢ ᠨᠢ ᠭᠡᠢ᠌ᠳᠡᠨ ᠠᠯᠢᠶᠠᠷᠬᠠᠨ᠎ᠠ  


ᠮᠤᠷᠢᠨ ᠳᠠᠯ ᠤᠨ ᠡᠭᠦᠯᠡᠰ  

ᠮᠤᠩᠭ᠋ᠠᠨᠢᠨ ᠳᠡᠪᠭᠡᠷᠡᠨ ᠰᠠᠮᠪᠠᠢ᠌ᠯᠠᠨ᠎ᠠ

ᠣᠨᠠᠭᠠᠨ ᠨᠤᠳᠤᠭ ᠵᠥᠭ᠌ ᠵᠢᠠᠨ  

ᠣᠶᠠᠷᠠᠨ ᠦᠣᠷᠰᠠᠨ ᠢᠠᠴᠠᠭᠠᠨ᠎ᠠ  


ᠠᠴᠢᠶ᠎ᠠ ᠲᠡᠶ ᠴᠠᠭᠠᠨ ᠳᠡᠮᠡᠭᠡ  

ᠠᠰᠤᠷᠢ ᠳᠡᠭ᠍ᠷᠢ ᠳᠤ ᠴᠦᠷᠭᠡᠯᠡᠨ᠎ᠡ

ᠨᠢᠭᠡ ᠯᠠ ᠰᠡᠳᠭᠢᠯ ᠪᠠᠷᠢᠨ  

ᠨᠤᠭᠳᠤ ᠦᠭᠡᠶ ᠵᠢᠳᠭᠦᠨ᠎ᠡ


ᠨᠤᠷ᠎ᠠ ᠡᠯᠡᠰᠤᠨ ᠵᠥᠭ᠌ ᠵᠢᠠᠨ  

ᠨᠣᠢ᠌ᠳᠠᠨ ᠠᠮᠢᠰᠬᠤᠯ ᠨᠥᠭᠡᠯᠭᠢᠯᠡᠨ᠎ᠡ


ᠥᠭᠡᠷ ᠤᠨ ᠳᠠᠪᠠᠭ ᠤᠨ ᠡᠭᠦᠯᠡ

ᠦᠨᠳᠦᠷ ᠳᠡᠭ᠍ᠷᠢ ᠳᠤ ᠬᠤᠷᠭᠤᠯᠳᠠᠨ᠎ᠠ

ᠦᠶᠡᠯᠵᠠᠨ ᠡᠪᠭᠡᠷᠡᠯᠳᠦᠵᠤ ᠡᠭᠡᠨᠡᠭ᠍ᠰᠢᠨ

ᠣᠷᠠᠩᠬᠠᠢ ᠳᠠᠯ᠎ᠠ ᠳᠠᠰᠢ ᠪᠠᠨ ᠮᠥᠭᠡᠷᠡᠯᠳᠦᠨ᠎ᠡ᠃



ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠠᠢ᠌ᠮᠠᠭ ᠤ ᠳᠤᠮᠳᠠᠳᠤ ᠬᠤᠰᠢᠭᠤᠨ ᠤ ᠵᠡᠭᠦᠨ ᠳᠠᠪᠢᠨ ᠭᠤᠤᠯ ᠪᠠᠭ᠎ᠠ ᠰᠤᠷᠭᠠᠭᠤᠯᠢ

ᠵᠤᠬᠢᠶᠠᠭᠴᠢ᠄ ᠡᠷᠳᠡᠨᠢᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1757
ᠴᠠᠭ᠄ 2014 ᠤᠨ ᠤ 05 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁