ᠭᠡᠮᠰᠢᠯ

ᠥᠭᠡᠢ᠌ᠯᠡᠨ ᠰᠠᠭᠤᠭ᠎ᠠ ᠡᠵᠢ ᠳᠡᠭᠡᠨ ᠵᠤᠯᠭᠠᠬᠤ ᠪᠠᠷ

ᠦᠷ᠎ᠡ ᠨᠢ ᠨᠤᠳᠤᠭ ᠲᠠᠭᠠᠨ ᠪᠣᠴᠠᠬᠤ ᠪᠣᠯᠵᠤ

ᠦᠳᠡᠰᠢ ᠶᠢᠨ ᠰᠠᠷᠠᠨ ᠢ ᠬᠠᠷᠠᠨ ᠬᠠᠷᠠᠨ

ᠦᠷ ᠭᠡᠭᠡᠷᠡᠭᠦ ᠶᠢ ᠭᠦᠯᠢᠶᠡᠨ ᠶᠠᠳᠠᠯ᠎ᠠ

          ᠲ᠋ᠡᠷᠭᠡᠨ ᠦᠷᠳᠡᠭᠡᠨ ᠳᠤ ᠠᠮᠵᠢᠭᠤᠯᠤᠨ ᠭᠦᠷᠦᠯ᠎ᠡ

          ᠲ᠋ᠠᠭᠠᠨ᠎ᠠ ᠶᠢᠨ ᠦᠨᠦᠷ ᠰᠡᠩᠭᠢᠨᠡᠭᠦ ᠮᠠᠳᠤ

          ᠲ᠋ᠡᠷᠳᠡᠭᠡ ᠪᠠᠢ᠌ᠭ᠎ᠠ ᠡᠵᠢ ᠶᠢ ᠪᠠᠨ ᠰᠠᠨᠠᠬᠤ ᠳ᠋ᠤ

          ᠲ᠋ᠠᠩᠨᠠᠢ ᠳᠤ ᠮᠢᠨᠢ ᠰᠥ᠋ ᠠᠮᠳᠠᠭᠳᠠᠬᠤ ᠮᠠᠳᠤ

《ᠳᠦᠷ ᠊᠊᠊᠊᠊᠊᠊᠊᠊᠊᠊᠊᠊᠊᠊ ᠲᠦᠷ》 ᠭᠦᠷᠴᠢᠭᠢᠨᠡᠨ ᠮᠠᠰᠢᠨ ᠭᠦᠳᠡᠯᠦᠯ᠎ᠡ

ᠳᠦᠷᠭᠡᠨ ᠬᠠᠷᠢᠶ᠎ᠠ ᠯᠠ ᠭᠡᠵᠤ ᠣᠷᠮᠠᠰᠢᠪᠠ

ᠲᠥᠪ ᠭᠦᠷᠭᠦ ᠳᠦᠴᠢᠭᠡᠳ ᠴᠠᠭ

ᠲᠦᠮᠡ ᠮᠢᠩᠭ᠋ᠠᠨ ᠪᠣᠳᠤᠯ ᠳᠤ ᠠᠪᠳᠠᠭᠳᠠᠪᠠ

           ᠬᠠᠵᠠᠭᠤ ᠶᠢᠨ ᠰᠠᠭᠤᠳᠠᠯ ᠳᠤ ᠰᠠᠭᠤᠭᠰᠠᠨ

           ᠬᠠᠷᠠᠴᠠᠨ ᠳ᠋ᠤ ᠦᠷᠳᠦᠭᠦ ᠪᠣᠭᠤᠷᠤᠯᠴᠤᠳ

           ᠬᠨ ᠊᠊᠊᠊᠊᠊᠊᠊᠊᠊᠊᠊᠊᠊᠊ ᠶᠠᠭᠠᠭᠢᠭᠰᠠᠨ ᠡᠵᠢ ᠲᠡᠶ ᠮᠢᠨᠢ ᠠᠳᠠᠯᠢᠬᠠᠨ ᠪᠣᠢ

           ᠬᠠᠢ᠌ᠷᠠᠳᠤ ᠡᠵᠢ ᠮᠢᠨᠢ ︕ ᠭᠦᠤ ᠨᠢ ᠳᠠᠨ ᠢ ᠪᠠᠨ ᠰᠠᠨᠠᠨ᠎ᠠ

ᠬᠠᠷᠡᠯᠡ᠂ ᠭᠡᠨᠡᠳᠲᠡ ᠰᠡᠳᠭᠢᠯ ᠮᠢᠨᠢ ᠣᠢ᠌ᠮᠤᠷᠠᠴᠢᠬᠠᠪᠠ

ᠬᠠᠢ ︕ ᠠᠯᠤᠰ ᠡᠴᠠ ᠵᠤᠯᠭᠠᠬᠤ ᠪᠠᠷ ᠪᠠᠢ᠌ᠭᠠᠤᠨ

ᠭᠠᠷ ᠬᠤᠭᠤᠰᠤᠨ ᠶᠠᠭᠠᠭᠢᠬᠤ ᠪᠢᠯᠠ ︖

ᠭᠠᠭᠴᠠ ᠡᠵᠢ ᠳᠡᠭᠡᠨ ᠶᠠᠭᠤ ᠨᠢᠭᠡ ᠭᠦᠷᠭᠡᠭᠦ ᠪᠢᠯᠠ ︖

        ᠬᠦᠬᠡᠬᠤᠲᠠ ᠳᠤ ᠪᠠᠭᠤᠵᠤ ᠪᠣᠯᠢᠭᠠᠷᠢ ᠭᠤᠳᠤᠯ

        ᠭᠦᠭᠡ ᠳᠤᠷᠭᠠᠨ ᠳᠡᠷᠯᠢᠭ᠌ ᠬᠤᠶᠠᠷ ᠢ ᠰᠤᠭᠤᠪᠴᠢᠯᠠᠵᠤ

        ᠭᠦᠪᠠᠭᠡ ᠵᠠᠬ᠎ᠠ ᠶᠢᠨ ᠮᠠᠢ᠌ᠮᠠᠢ ᠡᠴᠠ ᠡᠪᠯᠡᠭᠦᠯᠵᠤ

        ᠭᠦᠴᠦᠯᠢᠭ᠌ ᠵᠢᠮᠢᠰ ᠡᠴᠠ ᠨᠢ ᠭᠡᠰᠡᠭ᠌ ᠪᠣᠭᠴᠤᠯᠠᠪᠠ

ᠴᠠᠭ ᠶᠢᠡᠨ ᠬᠠᠷᠠᠪᠠᠯ ᠡᠷᠳᠡ ᠪᠠᠢ᠌ᠭᠰᠠᠭᠠᠷ

ᠮᠠᠰᠢᠨ ᠭᠦᠳᠡᠯᠭᠦ ᠪᠣᠯᠤᠭᠠᠳᠤᠢ

ᠴᠠᠢ ᠶᠢᠨ ᠮᠤᠬᠤᠯᠠᠭ ᠶᠢᠡᠷ ᠣᠷᠤᠴᠢᠬᠠᠶ᠎ᠠ ᠭᠡᠳ

ᠮᠠᠰᠢ ᠳᠠᠢ᠌ᠪᠣᠩ ᠳᠠᠭᠠᠯᠠᠮᠵᠢᠳᠠᠢ ᠠᠯᠬᠤᠯᠠᠯ᠎ᠠ

         《ᠭᠦᠶ‍ᠢ ︕ ᠡᠷᠳᠡᠨᠢ ᠡ》 ᠨᠠᠰᠢ ᠪᠠᠨ ᠭᠡᠵᠤ

         ᠭᠦᠭᠡᠷᠦᠭᠦᠢ ᠣᠨᠠᠭᠠᠨ ᠨᠠᠢ᠌ᠵᠠ ᠮᠢᠨᠢ ᠳᠠᠭᠤᠳᠠᠨ᠎ᠠ

         ᠣᠳᠠᠭᠠᠨ ᠵᠢᠯ ᠠᠭᠤᠯᠵᠠᠭ᠎ᠠ ᠦᠭᠡᠶ ᠶᠤᠮ ᠭᠡᠨ᠎ᠡ

         ᠣᠳᠤ ᠵᠢᠭᠠᠬᠠᠨ ᠨᠠᠷᠭᠢᠶ᠎ᠠ ᠭᠡᠨ᠎ᠡ

《 ᠦᠭᠡᠶ ︕》 ᠭᠡᠵᠤ ᠪᠠᠶ᠎ᠠ ᠶᠢᠨ ᠡᠵᠡᠮᠳᠡᠯ ᠦᠭᠡᠶ ᠪᠢ

ᠥᠭᠡᠳᠡ ᠡᠴᠠ ᠨᠢ ᠳᠤᠰᠤᠨ ᠣᠴᠢᠭᠠᠤᠨ

ᠡᠨᠡ ᠠᠷᠢᠭᠢᠨ ᠮᠤᠬᠤᠯᠠᠭ ᠳᠤ

ᠰᠢᠷᠡᠭᠡ ᠬᠠᠪᠴᠢᠨ ᠰᠠᠷᠬᠤᠤᠨ ᠤᠨ ᠭᠠᠯ ᠳᠤ ᠣᠨᠠᠯ᠎ᠠ᠃

            ᠭᠠᠷᠬᠤ ᠳᠤ ᠵᠠᠮ ᠤᠨ ᠳ᠋ᠸᠩ ᠳᠤᠸᠠᠯᠠᠴᠢᠬᠠᠭᠰᠠᠨ

            ᠭᠠᠩᠭ᠋ᠠᠩ ᠪᠠᠢ᠌ᠭᠠᠯᠢ ᠭᠦᠰᠢᠭᠡ ᠪᠠᠨ ᠳᠠᠳᠠᠴᠢᠬᠠᠭᠠᠤᠨ

             《ᠬᠠᠷ᠎ᠠ》 ᠠᠬ᠎ᠠ ᠳᠠᠭᠠᠨ ᠠᠪᠳᠠᠭᠳᠠᠭᠰᠠᠨ ᠨᠠᠳᠠ ᠵᠢ

            ᠰᠠᠷᠠᠨ ᠠᠪᠠᠬᠠᠢ ᠮᠢᠨᠢ ᠱᠤᠤᠯᠠᠬᠤ ᠰᠢᠭ

ᠵᠠᠮ ᠤᠨ ᠬᠠᠵᠠᠭᠤᠳᠠᠭᠢ ᠣᠷᠭᠤᠮᠠᠯ ᠤᠨ ᠳᠡᠭᠡᠷ᠎ᠡ

ᠭᠡᠳᠡᠰᠤ ᠪᠠᠨ ᠳᠠᠪᠠᠷᠢᠨ ᠣᠭᠰᠢᠭᠤᠯᠤᠨ᠎ᠠ

ᠵᠠᠬ᠎ᠠ ᠶᠢᠨ ᠪᠠᠢ᠌ᠰᠢᠩ ᠡᠴᠠ ᠣᠷᠤᠨ ᠣᠯᠵᠤ

ᠡᠷ᠎ᠡ ᠪᠠᠶ᠎ᠠ ᠪᠠᠨ ᠤᠢ᠌ᠴᠢᠭᠤᠯᠤᠮᠠᠭᠴᠠ ᠬᠤᠷᠭᠢᠷᠠᠪᠠ

         ᠳᠠᠪᠣᠰᠠᠩ ᠴᠢᠨᠦᠷᠡᠭᠡᠳ ᠣᠠᠳᠠᠭᠤᠯᠬᠤ ᠥᠭᠡᠢ

         ᠳᠠᠪᠢᠯᠠᠩ ᠪᠣᠯᠵᠤ ᠦᠨᠳᠠᠢ᠌ᠪᠠᠯ

         ᠳᠤᠯᠤᠭᠠᠢ ᠳᠦᠷᠦᠭᠦᠤ ᠳᠦᠨᠠᠷᠠᠨ ᠡᠷᠭᠢᠵᠤ

         ᠳᠠᠪᠤᠨ ᠴᠤᠯᠤ ᠴᠤ ᠠᠴᠢᠶ᠎ᠠ ᠲᠡᠶ ᠰᠢᠭ ᠭᠦᠡᠳᠦᠷᠡᠨ᠎ᠡ

ᠭᠠᠷ ᠣᠳᠠᠰᠤ ᠮᠢᠨᠢ ᠳᠠᠴᠢᠭᠢᠨᠠᠯ᠎ᠠ

ᠡᠨᠡᠷᠢᠯᠳᠤ ᠡᠵᠢ ᠮᠢᠨᠢ ᠣᠳᠠᠰᠤᠳᠠᠭ᠎ᠠ ᠦᠦ ︖

《ᠮᠠᠰᠢᠨ ᠳᠠᠭᠠᠨ ᠵᠠᠪᠳᠤᠭᠰᠠᠨ ᠦᠭᠡᠶ》 ᠭᠡᠮᠡᠨ ᠫᠣᠤᠳᠠᠯ᠎ᠠ

ᠠᠴᠢᠳᠤ ᠡᠭᠡ ᠮᠢᠨᠢ 《ᠡᠩ᠂ ᠭᠦᠤ ᠮᠢᠨᠢ᠁》 ᠭᠡᠨ᠎ᠡ

           《ᠭᠡᠮᠵᠢᠭᠦᠷ》 ᠶ᠋ᠢᠡᠨ ᠦᠵᠠᠪᠠᠯ ᠦᠳᠡ ᠪᠣᠯᠴᠢᠬᠠᠵᠠᠢ

          ᠭᠡᠮᠨᠡᠭ᠍ᠰᠡᠨ ᠠᠠᠳᠠ ᠪᠠᠨ ᠰᠡᠷᠢᠭᠡᠭᠦ ᠭᠡᠭᠦ ᠳ᠋ᠤ

           《ᠾᠸᠩ ︕ ᠴᠠᠰᠢ ᠪᠠᠨ》 ᠭᠡᠵᠤ ᠪᠠᠢ᠌ᠨ᠎ᠠ

          ᠭᠡᠷᠭᠢᠶ᠎ᠡ ᠭᠡᠮᠡᠨ ᠪᠣᠳᠤᠯᠭᠠᠰᠢᠷᠠᠨ

ᠪᠣᠭᠴᠤ ᠪᠠᠨ ᠡᠭᠦᠷᠴᠤ ᠶᠠᠪᠣᠬᠤ ᠭᠡᠭᠦ ᠳ᠋ᠤ

ᠪᠣᠯᠢᠭᠠᠷᠢ ᠭᠤᠳᠤᠯ ᠤᠨ ᠦᠷᠦᠭᠡᠰᠤᠨ ᠨᠢ ᠭᠡᠪᠳᠡᠨ᠎ᠡ

ᠪᠣᠴᠠᠨ ᠣᠷᠪᠠᠭᠤᠯᠵᠤ ᠦᠵᠡᠭᠦ ᠳ᠋ᠤ

ᠪᠣᠵᠠᠭᠠᠢ ᠣᠶᠤᠳᠠᠯ ᠲᠡᠶ ᠳᠡᠷᠯᠢᠭ᠌ ᠴᠤ ᠵᠢᠯᠠᠢ᠌ᠵᠠᠢ

         ᠵᠢᠮᠢᠰ ᠭᠡᠵᠤ ᠨᠢᠴᠠ ᠳᠠᠷᠤᠭᠳᠠᠨ

         ᠵᠣᠢ᠌ᠯ ᠤᠨ ᠶᠠᠭᠤᠮᠠᠰ ᠵᠥᠭ᠌ ᠦᠭᠡᠶ ᠠᠷᠢᠯᠤᠨ

         ᠵᠥᠭᠡᠷ ᠪᠦᠳᠤᠨ ᠨᠢᠭᠡ ᠴᠤ ᠪᠠᠢ᠌ᠬᠤ ᠥᠭᠡᠢ

         ᠵᠦᠩ ᠶᠢᠡᠷ ᠶᠢᠡᠨ ᠪᠣᠳᠠᠷᠠᠨ ᠳᠡᠨᠦᠴᠢᠭᠡᠵᠡᠢ

ᠠᠢ ︕ ᠬᠠᠷᠠᠯᠠ ᠡᠵᠢ ᠳᠡᠭᠡᠨ ᠭᠡᠰᠡᠨ ᠠᠯᠢᠪᠠ

ᠡᠮᠭᠢ ᠵᠠᠮᠪᠠᠷᠠᠭ᠎ᠠ ᠲᠡᠶ ᠨᠢᠭᠡ ᠴᠤ ᠠᠯᠠᠭ᠎ᠠ

ᠡᠭᠡᠰᠢᠭ᠌ ᠤᠶᠠᠩ‍ᠭ᠎ᠠ ᠲᠡᠶ ᠡᠨᠡ ᠬᠤᠷᠸ᠎ᠠ ᠳ᠋ᠤ

ᠡᠭᠡ ᠳᠡᠭᠡᠨ ᠵᠤᠯᠭᠠᠬᠤ ᠨᠢ ᠳᠠᠪᠢᠯᠠᠩ ᠪᠣᠯᠤᠯ᠎ᠠ ︕ᠵᠤᠬᠢᠶᠠᠭᠴᠢ ᠶᠢᠨ ᠬᠠ‍‌ᠶᠢᠭ ᠄ ᠣᠷᠠᠤᠨ ᠤᠨ ᠳᠤᠮᠳᠠᠳᠤ ᠬᠤᠰᠢᠭᠤᠨ ᠤ ᠮᠤᠩᠭ᠋ᠤᠯ ᠦᠨᠳᠦᠰᠦᠳᠠᠨ ᠤ ᠰᠤᠷᠭᠠᠭᠤᠯᠢ

ᠵᠤᠬᠢᠶᠠᠭᠴᠢ᠄ ᠡᠷᠳᠡᠨᠢᠳᠡᠯᠡᠢ
ᠬᠠᠷᠢᠶ᠎ᠠ᠄ ᠰᠢᠯᠦᠭ
ᠳᠠᠷᠤᠮ᠄ 1980
ᠴᠠᠭ᠄ 2013 ᠤᠨ ᠤ 12 ᠰᠠᠷ᠎ᠠ ᠶᠢᠨ 20