ᠳᠠᠯᠠᠨ ᠬᠤᠳᠠᠯᠴᠢ (ᠱᠤᠭ ᠶᠠᠷᠢᠶ᠎ᠠ)

ᠡᠨ᠄   (ᠨᠢᠭᠡ ᠶᠠᠭᠤᠮ᠎ᠠ ᠡᠷᠢᠵᠤ ᠪᠠᠢ᠌ᠬᠤ ᠲᠦᠯᠤᠪᠳᠠᠢ ᠦᠯᠤᠩ ᠴᠦᠯᠤᠩ ᠭᠡᠭ᠍ᠰᠡᠭᠡᠷ ᠳᠠᠢ᠌ᠰᠠᠨ ᠳᠤ ᠭᠠᠷᠤᠨ᠎ᠠ)

ᠡ᠄ ᠰᠠᠢ᠌ᠨ ᠦᠦ︖ ᠠᠬ᠎ᠠ ᠡ᠂ ᠶᠠᠭᠤ ᠶᠠᠭᠠᠷᠠᠵᠤ ᠶᠠᠪᠣᠨ᠎ᠠ︖

ᠡᠨ᠄ ᠰᠠᠢ᠌ᠨ᠂ ᠰᠠᠢ᠌ᠨ︕ ᠬᠠᠷᠢᠨ ᠪᠢ ᠴᠭᠠᠨ ᠳᠡᠮᠡᠭᠡᠨ ᠤ ᠡᠷᠢᠯ ᠳᠤ ᠶᠠᠪᠣᠵᠤ ᠪᠠᠢ᠌ᠨ᠎ᠠ︕

ᠡ᠄ ᠶᠠᠮᠠᠷ ᠴᠠᠭᠠᠨ ᠳᠡᠮᠡᠭᠡ︖ ᠭᠡᠵᠢᠶ᠎ᠡ ᠭᠡᠭᠡᠴᠢᠭᠡᠪᠡ ᠳ᠋ᠠ︖

ᠡᠨ᠄ ᠰᠦᠮᠪᠦᠷ ᠠᠭᠤᠯᠠ ᠶᠢ ᠳᠤᠪᠣ ᠳᠠᠳᠤᠢ ᠪᠠᠢ᠌ᠬᠤ ᠳ᠋ᠤ

ᠰᠦᠨ ᠳᠠᠯᠠᠢ ᠶᠢ ᠱᠠᠯᠪᠠᠭ ᠳᠠᠳᠤᠢ ᠪᠠᠢ᠌ᠬᠤ ᠳ᠋ᠤ

ᠡᠪᠦᠭᠡ ᠠᠪᠣ ᠶᠢ ᠳᠦᠷᠦᠭᠡᠳᠦᠢ ᠪᠠᠢ᠌ᠬᠤ ᠳ᠋ᠤ

ᠦᠪᠡᠷ ᠤᠨ ᠠᠪᠣ ᠶᠢ ᠦᠯᠦᠭᠡᠢ ᠲᠡᠶ ᠪᠠᠢ᠌ᠬᠤ ᠳᠤ᠂ ᠪᠢ ᠡᠪᠦᠭᠡ ᠠᠪᠣ ᠶᠢᠨ ᠶᠢᠡᠨ ᠴᠠᠭᠠᠨ ᠳᠡᠮᠡᠭᠡ ᠶᠢ ᠭᠡᠭᠡᠴᠢᠭᠡᠵᠡᠢ ᠡ︕

ᠡ᠄ ᠬᠤᠶᠠᠭᠤᠯᠠ ᠪᠠᠨ ᠡᠷᠢᠭᠦ ᠪᠠᠷ ᠶᠠᠪᠣᠶ᠎ᠠ︕ (ᠪᠠᠬᠠᠨ ᠠᠯᠬᠤᠭᠠᠤᠨ) ᠭᠦᠢ︕ ᠶᠠᠭᠤ ᠱᠤᠯᠤᠩ ᠱᠤᠯᠤᠩ ᠭᠡᠳ ᠪᠠᠢ᠌ᠨ᠎ᠠ︖

ᠡᠨ᠄   (ᠴᠢᠭᠢ ᠳᠠᠯᠪᠢᠨ ᠴᠢᠩᠨᠠᠭᠠᠤᠨ) ᠬᠠᠢ︕   ᠪᠣᠷᠤ ᠪᠢᠯᠵᠠᠤᠬᠠᠢ ᠪᠣᠷᠪᠢ ᠪᠠᠷ ᠶᠢᠡᠨ ᠠᠢ᠌ᠷᠠᠭ ᠪᠦᠯᠢᠵᠤ ᠳᠤᠰᠤ ᠪᠠᠨ ᠬᠤᠪᠢᠶᠠᠯᠴᠠᠨ᠎ᠠ ᠭᠡᠳ ᠭᠡᠷᠡᠯᠳᠦᠵᠤ ᠪᠠᠢ᠌ᠨ᠎ᠠ︕

ᠡ᠄ ᠬᠤᠪᠢᠶᠠᠭᠠᠤᠨ ᠥᠭ᠍ᠴᠢᠭᠡ ᠳ᠋ᠠ︕

ᠡᠨ᠄   (ᠬᠤᠪᠢᠶᠠᠵᠤ ᠪᠠᠢ᠌ᠬᠤ ᠭᠦᠳᠡᠯᠭᠡᠭᠡᠨ ᠭᠠᠷᠭᠠᠨ᠎ᠠ) ᠳᠠᠯᠬᠠᠤᠨ ᠤᠨ ᠠᠶᠠᠭ᠎ᠠ ᠪᠠᠷ ᠳᠠᠯᠠ ᠳᠠᠯᠠ᠂ ᠳᠠᠯᠠᠯᠭ᠎ᠠ ᠶᠢᠨ ᠰᠠᠭᠤᠯᠭ᠎ᠠ ᠪᠠᠷ ᠳᠤᠯᠤᠭ᠎ᠠ ᠳᠤᠯᠤᠭ᠎ᠠ ᠬᠤᠪᠢᠶᠠᠭᠠᠤᠨ ᠥᠭ᠍ᠴᠢᠭᠡᠯ᠎ᠡ︕

ᠡ᠄   ᠦᠯᠠᠳᠠᠵᠤ ᠳᠤᠰᠤᠭᠰᠠᠨ ᠢ ᠨᠢ ᠪᠢᠳᠠ ᠬᠤᠶᠠᠷ ᠲᠤ ᠥᠭ᠍ᠴᠢᠭᠡᠵᠡᠢ ᠭᠦᠢ︕

ᠡᠨ᠄ ᠰᠠᠢ᠌ᠨ ᠪᠣᠯᠤᠯ᠎ᠠ︕ ᠶᠠᠪᠣᠶ᠎ᠠ︕

ᠡ᠄   ᠶᠠᠭᠤ ᠫᠠᠰ ᠫᠠᠰ ᠭᠡᠳ ᠪᠠᠢ᠌ᠨ᠎ᠠ ᠠᠬ᠎ᠠ ᠡ︖

ᠡᠨ᠄   (ᠡᠮᠦᠨᠡᠰᠢ ᠵᠢᠭᠠᠨ᠎ᠠ) ᠬᠤᠶᠠᠷ ᠭᠤᠷᠭᠤᠤᠯ ᠰᠡᠭᠦᠯ ᠶᠢᠡᠷ ᠶᠢᠡᠨ ᠴᠤᠯᠢᠭᠢᠷ ᠴᠤᠭᠢᠵᠤ ᠬᠤᠪᠢᠶᠠᠵᠤ ᠠᠪᠬᠤ ᠭᠡᠳ ᠭᠡᠯᠡᠯᠴᠡᠭᠡᠨ ᠪᠣᠯᠵᠤ ᠪᠠᠢ᠌ᠨ᠎ᠠ᠃

ᠡ᠄ ᠣᠳᠤ ᠶᠠᠭᠠᠭᠢᠵᠤ ᠬᠤᠪᠢᠶᠠᠨ᠎ᠠ ᠳ᠋ᠠ︖

ᠡᠨ᠄ (ᠬᠤᠪᠢᠶᠠᠵᠤ ᠪᠠᠢ᠌ᠬᠤ ᠭᠦᠳᠡᠯᠭᠡᠭᠡᠨ ᠭᠠᠷᠭᠠᠨ᠎ᠠ) ᠪᠠᠰᠠ ᠳᠠᠯᠬᠠᠤᠨ ᠤᠨ ᠠᠶᠠᠭ᠎ᠠ ᠪᠠᠷ ᠳᠠᠯᠠ ᠳᠠᠯᠠ᠂ ᠳᠠᠯᠠᠯᠭ᠎ᠠ ᠶᠢᠨ ᠰᠠᠭᠤᠯᠭ᠎ᠠ ᠪᠠᠷ ᠳᠤᠯᠤᠭ᠎ᠠ ᠳᠤᠯᠤᠭ᠎ᠠ ᠬᠤᠪᠢᠶᠠᠭᠠᠤᠨ ᠥᠭ᠍ᠴᠢᠭᠡᠶ᠎ᠡ︕

ᠡ᠄ ᠭᠦᠢ ᠠᠬ᠎ᠠ ᠡ᠂ ᠡᠨᠡ ᠬᠤᠶᠠᠷ ᠴᠢᠨᠢ ᠪᠠᠶᠠᠷᠯᠠᠭᠠᠤᠨ ᠪᠠᠢ᠌ᠳᠠᠰᠤᠨ ᠪᠠᠳᠠᠭᠠᠨ᠎ᠠ ᠠᠯᠠᠵᠤ ᠪᠢᠳᠠ ᠬᠤᠶᠠᠭᠤᠯᠠ ᠳᠤ ᠰᠢᠭᠦᠰᠤ ᠳᠠᠯᠪᠢᠴᠢᠬᠠᠯ᠎ᠠ ᠰᠢᠳᠡ︕   (ᠢᠳᠡᠭᠦ ᠳᠦᠷᠢ ᠭᠠᠷᠭᠠᠨ᠎ᠠ)

ᠡᠨ᠄   (ᠢᠳᠡᠭᠦ ᠶᠢᠨ ᠳᠠᠭᠠᠤ) ᠰᠢᠷ᠎ᠠ ᠬᠠᠮᠠᠷ ᠲᠤ ᠪᠠᠨ ᠰᠠᠷᠢᠰᠤᠨ ᠥᠭᠡᠭᠦ ᠳᠠᠢ

ᠰᠠᠯᠳᠠᠭᠠᠨ ᠳᠤ ᠪᠠᠨ ᠰᠠᠯᠠᠭ᠎ᠠ ᠥᠭᠡᠭᠦ ᠳᠠᠢ

ᠰᠥᠪᠠᠭᠡᠨ ᠳᠤ ᠪᠠᠨ ᠰᠥᠭᠦᠮ ᠥᠭᠡᠭᠦ ᠲᠡᠶ ᠳ᠋ᠠ︕

ᠡ᠄ ᠢᠳᠡᠭᠡᠳ ᠪᠠᠷᠠᠬᠤ ᠦᠭᠡᠶ ᠳ᠋ᠠ ᠭᠦᠢ︕ ᠣᠳᠤ ᠳᠦᠷᠪᠠᠨ ᠦᠨᠳᠦᠷ ᠢ ᠨᠢ ᠡᠭᠦᠷᠦᠭᠡᠳ ᠶᠡᠪᠦᠶ᠎ᠡ︕   (ᠡᠭᠦᠷᠭᠦ ᠳᠦᠷᠢ ᠭᠠᠷᠭᠠᠵᠤ ᠪᠠᠬᠠᠨ ᠶᠠᠪᠣᠭᠠᠤᠨ)

ᠣᠳᠤ ᠡᠨᠡ ᠶᠢ ᠴᠢᠨᠢ ᠶᠠᠭᠠᠭᠢᠵᠤ ᠢᠳᠠᠶ᠎ᠠ ᠳ᠋ᠠ︖

ᠡᠨ᠄ ᠪᠢ ᠳᠤᠯᠭ᠎ᠠ ᠳᠤᠭᠤᠭᠠᠨ ᠳᠤ ᠶᠠᠪᠣᠶ᠎ᠠ︕   (ᠶᠠᠪᠣᠭᠠᠤᠨ ᠳᠠᠭᠢᠨ ᠪᠣᠴᠠᠨ᠎ᠠ)

ᠡ᠄   (ᠭᠠᠷ ᠶᠢᠡᠨ ᠳᠡᠯᠭᠡᠵᠤ) ᠳᠤᠯᠭ᠎ᠠ ᠳᠤᠭᠤᠭ᠎ᠠ ᠴᠢᠨᠢ︖

ᠡᠨ᠄ ᠢᠱᠢ︕ ᠪᠢ ᠴᠢᠨᠢ ᠡᠵᠡᠭᠦᠢ ᠵᠤ᠋ ᠡᠷᠭᠢ ᠮᠠᠩᠬ᠎ᠠ ᠪᠠᠷ ᠳᠤᠯᠭ᠎ᠠ ᠳᠤᠭᠤᠭ᠎ᠠ ᠡᠷᠢᠭᠡᠳ ᠶᠠᠪᠣᠵᠤ ᠪᠠᠢ᠌ᠳᠠᠯ᠎ᠠ ᠳᠤᠯᠤᠭᠠᠨ ᠠᠷᠭᠠᠯ ᠵᠡᠷᠭᠡᠯᠡᠭᠡᠳ ᠪᠠᠢ᠌ᠨ᠎ᠠ ᠳ᠋ᠠ᠂ ᠳᠠᠪᠠᠭᠤ ᠳ᠋ᠠ᠂ ᠣᠳᠤ ᠭᠠᠯ ᠨᠤᠴᠤᠭᠠᠠᠶ᠎ᠠ ᠳ᠋ᠠ ᠭᠡᠳ ᠭᠡᠳᠡ ᠪᠠᠨ ᠬᠠᠪᠢᠷᠠᠳᠠᠯ᠎ᠠ ᠴᠢᠨᠢ ᠨᠢᠰᠦᠭᠡᠳ ᠶᠠᠪᠣᠴᠢᠬᠠᠯ᠎ᠠ ︕

ᠡ᠄ ᠠᠷᠭᠠᠯ ᠶᠠᠭᠠᠭᠢᠵᠤ ᠨᠢᠰᠭᠦ ᠶᠤᠮ ᠪᠣᠢ︖

ᠡᠨ᠄ ᠪᠢᠰᠢ︕ ᠳᠤᠯᠤᠭᠠᠨ ᠭᠠᠯᠠᠭᠤ ᠪᠠᠢ᠌ᠵᠤ ᠰᠢᠤ︕

ᠡ᠄ ᠬᠠᠢ︕   (ᠭᠠᠴᠢᠭᠳᠠᠨ᠎ᠠ)  ᠪᠣᠯᠵᠠᠢ᠂ ᠪᠣᠯᠵᠠᠢ᠂ ᠳᠦᠭᠦᠭᠡᠢ ᠨᠣᠢ᠌ᠳᠠᠨ ᠶᠢᠡᠷ ᠨᠢ ᠢᠳᠠ ᠢᠳᠠ︕ (ᠢᠳᠠᠵᠤ ᠪᠠᠷᠠᠭᠠᠤᠨ ᠣᠠᠳᠠᠨ᠎ᠠ᠂ ᠭᠡᠨᠡᠳᠲᠡ ᠰᠡᠷᠢᠭᠡᠳ)

ᠠᠬ᠎ᠠ ᠡ︕ ᠶᠠᠭᠤ ᠲᠦᠩ ᠲᠦᠩ ᠭᠡᠳ ᠪᠠᠢ᠌ᠨ᠎ᠠ ᠪᠣᠢ︖ ᠳᠡᠭ᠍ᠷᠢ ᠳᠤᠤᠭᠠᠷᠴᠤ ᠪᠠᠢ᠌ᠬᠤ ᠶᠤᠮ ᠦᠦ ︖ ᠳᠡᠷᠭᠡ ᠶᠠᠪᠣᠵᠤ ᠪᠠᠢ᠌ᠬᠤ ᠶᠤᠮ ᠦᠦ︖

ᠡᠨ᠄ ᠬᠠᠢ︕ ᠮᠢᠨᠤ ᠬᠤᠶᠠᠷ ᠭᠤᠳᠤᠯ ᠭᠡᠷᠡᠯᠳᠦᠵᠤ ᠪᠠᠢ᠌ᠨ᠎ᠠ᠂ ᠴᠢ ᠮᠢᠬ᠎ᠠ ᠢᠯᠡᠭᠦᠤ ᠢᠳᠠᠯ᠎ᠠ᠂ ᠪᠢ ᠳᠤᠳᠠᠭᠤ ᠢᠳᠠᠯ᠎ᠠ ᠭᠡᠳ︕ (ᠭᠤᠳᠤᠯ ᠶᠢᠡᠨ ᠳᠠᠢ᠌ᠯᠵᠤ ᠠᠯᠠᠭᠠᠳᠠᠬᠤ ᠳᠦᠷᠢ ᠭᠠᠷᠭᠠᠨ᠎ᠠ) ᠢᠯᠡᠭᠦᠤ ᠢᠳᠡᠭ᠍ᠰᠡᠨ ᠢ ᠨᠢ ᠬᠤᠶᠠᠷ᠂ ᠳᠤᠳᠠᠭᠤ ᠢᠳᠡᠭ᠍ᠰᠡᠨ ᠢ ᠨᠢ ᠨᠢᠭᠡ︕ (ᠭᠤᠳᠤᠯ ᠶᠢᠡᠨ ᠭᠦᠭᠡᠭᠡᠵᠤ ᠶᠠᠪᠣᠭᠤᠯᠤᠨ᠎ᠠ) ᠶᠠᠪᠣᠶ᠎ᠠ︕

ᠡ᠄   (ᠶᠠᠪᠣᠵᠤ ᠪᠠᠢ᠌ᠭᠠᠤᠨ) ᠠᠬ᠎ᠠ ᠡ᠂ ᠳᠠᠠᠳᠠ ᠶᠠᠭᠤᠨ ᠤ ᠥᠢᠮᠡᠭᠡᠨ ᠪᠣᠯᠤᠭᠠᠤᠨ ᠪᠠᠢ᠌ᠨ᠎ᠠ ᠪᠣᠢ︖ ᠬᠤᠷᠢᠮ ᠭᠢᠵᠤ ᠪᠠᠢ᠌ᠨ᠎ᠠ ᠦᠦ︖ ᠬᠤᠷᠠᠯ ᠭᠢᠵᠤ ᠪᠠᠢ᠌ᠨ᠎ᠠ ᠦᠦ︖

ᠡᠨ᠄ ᠳᠠᠷᠠ ᠭᠡᠨ ᠪᠣᠢ︖   (ᠠᠵᠢᠭᠯᠠᠭᠠᠤᠨ)  ᠮᠢᠨᠤ ᠭᠤᠳᠤᠯ ᠴᠢᠨᠢ ᠠᠢ᠌ᠯ ᠤᠨ ᠬᠤᠷᠢᠮ ᠡᠴᠡ ᠳᠠᠪᠠᠷᠢ ᠳᠦᠭᠦᠷᠡᠩ ᠮᠢᠬ᠎ᠠ ᠳᠡᠪᠠᠷᠢᠭᠡᠳ ᠢᠷᠠᠯ᠎ᠠ ᠰᠢᠳᠠ︕ ᠬᠨ᠂ ᠬᠨ᠂ ᠬᠨ︕   (ᠭᠤᠳᠤᠯ ᠶᠢᠡᠨ ᠡᠮᠦᠰᠤᠨ᠎ᠡ)

ᠡ᠄ ᠬᠨ᠂ ᠬᠨ᠂ ᠬᠨ᠁᠂᠂   (ᠶᠠᠪᠣᠵᠤ ᠪᠠᠢ᠌ᠭᠠᠤᠨ) ᠦᠯᠦᠰᠦᠭᠡᠳ ᠭᠡᠷᠡᠭ᠌ ᠡ ᠠᠬ᠎ᠠ ᠡ︕ ᠪᠦᠳᠦᠭᠦᠨ ᠭᠡᠳᠡᠰᠤ ᠨᠢ ᠨᠠᠷᠢᠨ ᠭᠡᠳᠡᠰᠤ ᠪᠠᠨ ᠢᠳᠠᠵᠤ ᠪᠠᠢ᠌ᠨ᠎ᠠ︕

ᠡᠨ᠄   (ᠡᠮᠦᠨᠡᠰᠢ ᠵᠢᠭᠠᠭᠠᠤᠨ) ᠳᠠᠷᠠ ᠰᠠᠢ᠌ᠬᠠᠨ ᠡᠭᠡᠨᠡᠷ ᠡᠴᠡ ᠠᠰᠠᠭᠤᠵᠤ ᠦᠵᠡᠶ᠎ᠠ︕   (ᠡ ᠵᠥᠭ᠌ ᠬᠠᠠᠳᠤᠵᠤ) ᠡᠭᠡᠴᠢ ᠠᠮᠤᠷ ᠦᠦ︖

ᠡ᠄   (ᠡᠭᠡᠨᠡᠷ ᠪᠣᠯᠵᠤ ᠳᠤᠭᠯᠠᠨ ᠮᠠᠰᠢ ᠨᠢᠯᠤᠭᠤᠨ ᠳᠠᠭᠤᠨ ᠶᠢᠡᠷ) ᠡᠨ︕ ᠰᠠᠢ᠌ᠨ︕

ᠡᠨ᠄ ᠳᠠ ᠶᠠᠭᠤ ᠭᠢᠵᠤ ᠪᠠᠢ᠌ᠨ᠎ᠠ ᠪᠣᠢ︖

ᠡ᠄ (ᠲ᠋ᠤᠷᠤᠭᠰᠢ ᠵᠢᠭᠠᠵᠤ) ᠪᠢ ᠪᠦᠯᠡᠵᠢᠩ ᠶᠢᠡᠨ ᠬᠤᠤᠠᠳᠤᠭ ᠲᠤ ᠣᠨᠠᠭᠠᠴᠢᠬᠠᠯ᠎ᠠ︕

ᠡᠨ᠄ ᠪᠢ ᠣᠷᠤᠭᠠᠤᠨ ᠠᠪᠣᠭᠠᠤᠨ ᠦᠭ‍ᠭᠦᠶ᠎ᠡ︕   (ᠥᠰᠦᠷᠤᠨ᠎ᠡ)

ᠡ᠄ ᠠᠬ᠎ᠠ ᠡ︕ ᠬᠤᠷᠳᠤᠨ ᠭᠠᠷᠴᠤ ᠢᠷ᠎ᠠ︕ ᠦᠨᠦ ᠡᠭᠡᠨᠡᠷ ᠬᠤᠪᠴᠠᠰᠤ ᠶᠢ ᠴᠢᠨᠢ ᠠᠪᠣᠭᠠᠤᠨ ᠶᠠᠪᠣᠴᠢᠬᠠᠯ᠎ᠠ︕

ᠡᠨ᠄ ᠡᠢ︕ ᠣᠳᠤ ᠶᠠᠭᠠᠭᠢᠨ᠎ᠡ︕   (ᠢᠴᠢᠭᠡᠳ ᠨᠢᠭᠤᠷ ᠶᠢᠡᠨ ᠪᠦᠳᠡᠭᠡᠵᠤ ᠭᠠᠷ ᠶᠢᠠᠨ ᠵᠦᠷᠢᠭᠦᠯᠵᠤ ᠪᠠᠶ᠎ᠠ ᠪᠠᠨ ᠬᠠᠯᠬᠠᠯᠠᠨ᠎ᠠ) ᠬᠤᠶᠠᠭᠤᠯᠠ ᠪᠠᠨ ᠠᠩᠬᠠᠨ ᠤ ᠬᠤᠷᠢᠮ ᠭᠢᠵᠤ ᠪᠠᠢ᠌ᠭᠰᠠᠨ ᠠᠢ᠌ᠯ ᠡᠴᠡ ᠬᠤᠪᠴᠠᠰᠤ ᠣᠯᠵᠤ ᠡᠮᠦᠰᠭᠦ ᠪᠠᠷ ᠶᠠᠪᠣᠶ᠎ᠠ ᠳ᠋ᠠ︕

ᠡ᠄   ᠮᠠᠢ︕ ᠬᠤᠷᠳᠤᠨ ᠡᠮᠦᠰ︕   (ᠬᠤᠪᠴᠠᠰᠤ ᠡᠮᠦᠰᠦᠭᠦᠯᠭᠦ ᠳᠦᠷᠢ ᠭᠠᠷᠭᠠᠨ᠎ᠠ᠂ ᠭᠡᠨᠡᠳᠲᠡ ᠵᠤᠭᠰᠤᠰᠭᠢᠵᠤ) ᠳᠠᠷᠠ ᠴᠠᠪ ᠴᠠᠭᠠᠨ ᠶᠠᠭᠤ ᠪᠣᠢ︖

ᠡᠨ᠄ ᠨᠢᠭᠡ ᠡᠪᠦᠭᠡᠨ ᠤ ᠰᠠᠬᠠᠯ ᠳᠡᠭᠡᠷ᠎ᠡ ᠨᠠᠭᠠᠯᠳᠤᠭᠰᠠᠨ ᠳᠤᠳᠤᠷᠭᠠᠨ ᠪᠣᠳᠠᠭ᠎ᠠ ᠪᠠᠢ᠌ᠨ᠎ᠠ︕ ᠬᠤᠶᠠᠭᠤᠯᠠ ᠣᠷᠤᠵᠤ ᠦᠵᠡᠶ᠎ᠠ᠂ ᠪᠣᠳᠠᠭ᠎ᠠ ᠨᠠᠭᠠᠯᠳᠤᠵᠤ ᠪᠣᠯᠤᠭᠠᠤᠨ ᠳᠡᠮᠡᠭᠡ ᠨᠠᠭᠠᠯᠳᠤᠵᠤ ᠪᠣᠯᠬᠤ ᠦᠭᠡᠶ ᠶᠠᠭᠠᠭᠢᠬᠤ ᠪᠣᠢ︖

ᠡ᠄ (ᠰᠠᠬᠠᠯ ᠢ ᠬᠤᠶᠠᠷ ᠳᠠᠰᠢ ᠢᠷᠠᠵᠤ ᠶᠠᠪᠣᠭᠰᠠᠭᠠᠷ ᠡᠮᠦᠨᠡᠰᠢ ᠵᠢᠭᠠᠵᠤ) ᠡᠨᠡ ᠮᠦᠨ ᠦᠦ︖ ᠠᠬ᠎ᠠ ᠡ︖

ᠡᠨ᠄ ᠠᠢ︕ ᠶᠠᠭ ᠮᠥᠨ︕   (ᠡᠮᠦᠨᠡᠰᠢ ᠵᠢᠭᠠᠵᠤ) ᠮᠢᠨᠤ ᠳᠡᠮᠡᠭᠡ ᠴᠢᠨᠢ ᠪᠠᠰᠠ ᠪᠣᠳᠤᠭᠤᠯᠠᠴᠢᠬᠠᠵᠠᠢ ᠡ︕ ᠢᠩᠭᠡ ᠶᠢ ᠨᠢ ᠣᠨᠤᠭᠠᠤᠨ ᠪᠣᠳᠤᠭᠤ ᠶᠢ ᠨᠢ ᠳᠠᠪᠠᠷᠢᠶ᠎ᠠ︕

ᠡ᠄ ᠳᠠᠭᠠᠭᠠᠬᠤ ᠦᠭᠡᠶ ᠠᠬ᠎ᠠ ᠡ︕ ᠪᠣᠳᠤᠭᠤ ᠶᠢ ᠨᠢ ᠣᠨᠤᠭᠠᠤᠨ ᠢᠩᠭᠡ ᠶᠢ ᠨᠢ ᠳᠠᠪᠠᠷᠢᠶ᠎ᠠ︕   (ᠶᠠᠪᠣᠵᠤ ᠪᠠᠢ᠌ᠭᠠᠤᠨ) ᠣᠳᠤ ᠣᠮᠳᠠᠭᠠᠰᠤᠭᠠᠤᠨ ᠥᠭᠦᠯ᠎ᠡ᠂ ᠰᠠᠷᠭᠢᠨᠠᠭ ᠬᠠᠳᠠᠴᠢᠬᠠᠯ᠎ᠠ︕

ᠡᠨ᠄ ᠠᠢ᠌ᠯ ᠡᠴᠠ ᠬᠤᠤᠠᠳᠤᠭ ᠡᠷᠢᠶ᠎ᠡ ᠳ᠋ᠡ︕   (ᠭᠦᠮᠤᠨ ᠲᠡᠶ ᠬᠠᠷᠭᠤᠭᠰᠠᠨ ᠪᠠᠢ᠌ᠳᠠᠯ ᠳᠠᠢ) ᠰᠠᠢ᠌ᠨ ᠦᠦ︖ ᠬᠤᠤᠠᠳᠤᠭ ᠪᠠᠢ᠌ᠨ᠎ᠠ ᠦᠦ︖

ᠡ᠄   (ᠣᠠᠳᠤᠤ ᠭᠦᠮᠤᠨ ᠪᠣᠯᠵᠤ ᠳᠤᠭᠯᠠᠨ᠎ᠠ) ᠮᠠᠨ ᠤ ᠬᠤᠤᠠᠳᠤᠭ ᠰᠠᠯᠭᠢᠨ ᠳᠤ ᠭᠡᠢ᠌ᠰᠴᠢᠭᠡᠵᠡᠢ ᠡ︕

ᠡᠨ᠄ ᠭᠡᠢ᠌ᠰᠦᠭ᠍ᠰᠡᠨ ᠨᠢ ᠬᠠᠮᠢᠭ᠎ᠠ ᠪᠠᠢ᠌ᠨ᠎ᠠ︖

ᠡ᠄   (ᠬᠤᠯᠠ ᠶᠢ ᠵᠢᠭᠠᠭᠠᠤᠨ) ᠳᠠᠯᠠᠢ ᠶᠢᠨ ᠳᠡᠷᠳᠡᠭᠡ ᠪᠠᠢ᠌ᠨ᠎ᠠ︕

ᠡᠨ᠄ (ᠶᠠᠪᠣᠵᠤ ᠪᠠᠢ᠌ᠭᠠᠤᠨ ᠵᠤᠭᠰᠤᠵᠤ) ᠣᠤᠠᠬᠤᠭᠤᠷ ᠦᠭᠡᠶ ᠡ︕ ᠵᠠ᠂ ᠪᠣᠯᠵᠠᠢ᠂ ᠪᠢ ᠭᠠᠪᠠᠯᠠ ᠪᠠᠷ ᠶᠢᠡᠨ ᠣᠤᠠᠬᠤᠭᠤᠷ ᠭᠢᠴᠢᠭᠡᠶ᠎ᠡ︕ (ᠲ᠋ᠤᠯᠤᠭᠠᠢ ᠪᠠᠨ ᠮᠤᠯᠳᠤᠯᠵᠤ ᠠᠪᠬᠤ ᠳᠦᠷᠢ ᠭᠠᠷᠭᠠᠨ᠎ᠠ)

ᠡ᠄ ᠪᠢ ᠡᠪᠴᠢᠭᠦᠤ ᠪᠠᠷ ᠶᠢᠠᠨ ᠣᠩᠭ᠋ᠤᠴᠠ ᠭᠢᠴᠢᠭᠡᠶ᠎ᠡ︕ ᠦᠯᠤᠨ ᠭᠡᠳᠡᠰᠤ ᠪᠠᠷ ᠶᠢᠠᠨ ᠣᠭᠤᠰᠤᠷᠯᠠᠴᠢᠬᠠᠶ᠎ᠠ︕ (ᠣᠰᠤ ᠳᠠᠳᠠᠨ᠎ᠠ)

ᠡᠨ᠄   (ᠤᠰᠤ ᠣᠤᠭᠤᠵᠤ ᠣᠤᠭᠤᠭᠠᠤᠨ) ᠪᠣᠳᠤᠭᠤ ᠢᠩᠭᠡ ᠬᠤᠶᠠᠷ ᠢ ᠪᠠᠰᠠ ᠣᠰᠤᠯᠠ ᠳ᠋ᠠ︕

ᠡ᠄   (ᠶᠠᠪᠣᠵᠤ ᠪᠠᠢ᠌ᠭᠠᠤᠨ ᠭᠡᠨᠡᠳᠲᠡ ᠡᠨ ᠪᠠᠨ ᠬᠠᠷᠠᠭᠠᠤᠨ) ᠠᠬ᠎ᠠ ᠡ᠂ ᠳᠤᠯᠤᠭᠠᠢ ᠴᠢᠨᠢ ᠦᠭᠡᠶ ᠪᠣᠯᠴᠢᠬᠠᠵᠠᠢ︕

ᠡᠨ᠄ ᠠᠢ︕ ᠪᠠᠷᠤᠭ ᠬᠤᠤᠠᠳᠤᠭ ᠳᠡᠭᠡᠷ᠎ᠡ ᠮᠠᠷᠳᠠᠴᠢᠬᠠᠵᠠᠢ︕ ᠶᠠᠪᠣᠶ᠎ᠠ︕   (ᠲ᠋ᠤᠷᠤᠭᠰᠢ ᠬᠠᠷᠠᠭᠠᠤᠨ) ᠭᠦᠢ᠂ ᠨᠠᠷᠠᠨ ᠳᠠᠯ᠎ᠠ ᠨᠢ ᠨᠠᠮᠢᠯᠵᠠᠵᠤ᠂ ᠰᠡᠭᠦᠳᠡᠷ ᠳᠠᠯ᠎ᠠ ᠨᠢ ᠭᠦᠯᠳᠡᠭᠡᠳ ᠰᠥᠮᠡᠭ᠌ ᠰᠥᠮᠡᠭ᠌ ᠢᠨᠢᠶᠠᠵᠤ ᠪᠠᠢ᠌ᠨ᠎ᠠ ᠭᠦᠢ︕

ᠡ᠄   (ᠲ᠋ᠤᠷᠤᠭᠰᠢ ᠬᠠᠷᠠᠵᠤ ᠥᠵᠡᠭᠡᠳ) ᠠᠮᠠᠨ ᠳᠤ ᠨᠢ ᠠᠭᠠᠯᠵᠢ ᠡᠭᠦᠷᠯᠡᠭᠡᠳ᠂

ᠴᠢᠭᠢᠨ ᠳᠤ ᠨᠢ ᠴᠢᠪᠢᠯᠳᠤ ᠡᠭᠦᠷᠯᠡᠭᠡᠳ᠂

ᠨᠢᠳᠤᠨ ᠳᠤ ᠨᠢ ᠨᠢᠭᠦᠯᠳᠤ ᠡᠭᠦᠷᠯᠡᠭᠡᠳ ᠠᠪᠬᠤ ᠶᠢᠨ ᠠᠷᠭ᠎ᠠ ᠦᠭᠡᠶ ᠯᠠᠢ︕

ᠡᠨ᠄ ᠪᠣᠯᠵᠠᠢ︕ ᠬᠠᠶᠠᠴᠢᠬ᠎ᠠ︕ ᠰᠢᠪᠠᠷ ᠶᠢᠠᠷ ᠭᠢᠴᠢᠭᠡᠶ᠎ᠡ︕ (ᠭᠢᠵᠤ ᠪᠠᠷᠠᠭᠠᠤᠨ)  ᠵᠨ︕ ᠬᠣᠢ᠌ᠨ᠎ᠠ ᠪᠠᠨ ᠭᠤᠬ᠎ᠠ ᠲᠡᠶ᠂ ᠣᠷᠢᠳᠠᠢ ᠪᠠᠨ ᠣᠭ ᠲᠡᠶ ᠣᠴᠢᠷ ᠦᠭᠡᠶ ᠰᠠᠢ᠌ᠬᠠᠨ ᠳᠤᠯᠤᠭᠠᠢ ᠪᠣᠯᠵᠤ ᠪᠠ︕ (ᠲ᠋ᠤᠯᠤᠭᠠᠢ ᠪᠠᠨ ᠪᠠᠷᠢᠰᠭᠢᠵᠤ ᠡᠰᠢ ᠳᠠᠰᠢ ᠭᠦᠳᠡᠯᠭᠡᠵᠤ ᠭᠠᠢ᠌ᠬᠠᠭᠤᠯᠤᠨ᠎ᠠ)

ᠡ᠄   (ᠪᠠᠬᠠᠷᠬᠠᠵᠤ ᠬᠠᠷᠠᠭᠠᠤᠨ ᠶᠠᠪᠣᠨ᠎ᠠ) ᠳᠠᠠᠳᠠ ᠳᠤᠯᠤᠭᠠᠨ ᠮᠤᠩᠭ᠋ᠤᠯ ᠭᠡᠷ ᠪᠠᠢ᠌ᠨ᠎ᠠ︕

ᠡᠨ᠄ ᠠᠮᠠᠷᠠᠭᠠᠤᠨ ᠭᠠᠷᠤᠶ᠎ᠠ ᠳ᠋ᠠ᠂ ᠶᠤᠤ ᠶᠤᠤ︕

ᠡ᠄ ᠠᠢ︕ ᠨᠢᠰᠴᠢᠭᠡᠯ᠎ᠡ ᠰᠢᠳᠠ︕

ᠡᠨ᠄ ᠬᠠᠢ︕   ᠲ᠋ᠤᠯᠤᠭᠠᠨ ᠴᠠᠭᠠᠨ ᠭᠠᠯᠠᠭᠤ ᠪᠠᠢ᠌ᠨ᠎ᠠ ᠰᠢᠳᠡ︕   ᠭᠦᠢ︕ ᠳᠡᠮᠡᠭᠡ ᠶᠢ ᠡᠭᠦᠷᠦᠭᠡᠳ ᠶᠠᠪᠣᠴᠢᠬᠠᠯ᠎ᠠ︕   (ᠭᠠᠴᠢᠭᠳᠠᠨ᠎ᠠ)

ᠡ᠄ ᠬᠤᠷᠳᠤᠨ ᠳᠠᠭᠤ ᠳ᠋ᠠ︕ ᠳᠠᠭᠤ︕   (ᠬᠠᠮᠳᠤᠪᠠᠷ ᠭᠦᠶᠤᠨ᠎ᠡ)

ᠡᠨ ᠡ᠄   (ᠪᠣᠴᠠᠵᠤ ᠢᠷᠡᠭᠡᠳ ᠶᠤᠰᠤᠯᠠᠨ᠎ᠠ)᠃


〈ᠳᠡᠭᠦᠰᠪᠡ〉

2010.6.11  8᠄ 30


ᠵᠤᠬᠢᠶᠠᠭᠴᠢ ᠶᠢᠨ ᠬᠠᠶ‍ᠢᠭ᠄ ᠪᠠᠭᠠᠷᠢᠨ ᠪᠠᠷᠠᠭᠤᠨ ᠬᠤᠰᠢᠭᠤᠨ ᠤ ᠰᠢᠪᠠᠷᠳᠠᠢ ᠭᠤᠤᠯ ᠪᠠᠭ᠎ᠠ ᠰᠤᠷᠭᠠᠭᠤᠯᠢ

ᠵᠤᠬᠢᠶᠠᠭᠴᠢ᠄ ᠳᠠᠭᠢᠨᠢᠨᠠᠭᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠳᠠᠷᠤᠮ᠄ 2973
ᠴᠠᠭ᠄ 2010 ᠤᠨ ᠤ 06 ᠰᠠᠷ᠎ᠠ ᠶᠢᠨ 23
ᠪᠢᠴᠢᠭ᠍‍ᠯᠡᠭᠴᠢ᠄ ᠪᠦᠬᠡᠡᠷᠳᠡᠨᠢ
ᠨᠠᠢ᠌ᠷᠠᠭᠤᠯᠤᠭᠴᠢ᠄ ᠪᠦᠬᠡᠡᠷᠳᠡᠨᠢ
ᠲᠤᠰ ᠵᠤᠬᠢᠶᠠᠯ ᠢ ᠪᠦᠷᠭᠡ ᠳᠡᠭᠡᠨ ᠬᠠᠳᠠᠭᠠᠯᠠᠬᠤ
ᠰᠢᠭᠦᠮᠵᠢ ᠪᠢᠴᠢᠬᠦ
ᠨᠡᠪᠲᠡᠷᠡᠨ ᠤᠷᠤᠭᠠᠷᠠᠢ᠃
ᠨᠡᠪᠲᠡᠷᠡᠨ ᠤᠷᠤᠪᠠᠯ ᠰᠠᠶ‍ᠢ ᠰᠢᠭᠦᠮᠵᠢ ᠪᠢᠴᠢᠵᠦ ᠳᠡᠢ᠌ᠯᠦᠨ᠎ᠡ᠃

ᠪᠠᠢ᠌ᠷᠢ᠄ ᠮᠤᠩᠭ᠋ᠤᠯ ᠬᠡᠪ ᠰᠤᠶᠤᠯ ᠣᠷᠠᠯᠢᠭ - ᠳᠠᠯᠠᠨ ᠬᠤᠳᠠᠯᠴᠢ (ᠱᠤᠭ ᠶᠠᠷᠢᠶ᠎ᠠ)