ᠵᠡᠭᠦᠳᠤᠨ ᠳᠡᠯᠡᠭᠡᠢ

     1᠂ ᠳᠡᠯᠡᠭᠡᠢ ᠪᠠᠨ ᠪᠢ ᠡᠭᠦᠷᠴᠢᠭᠡᠭᠡᠳ᠂ ᠰᠠᠷᠠᠨ ᠳᠠᠰᠢ ᠭᠦᠶ‍ᠦᠵᠤ ᠪᠠᠢ᠌ᠨ᠎ᠠ ᠭᠡᠵᠤ ᠵᠡᠭᠦᠳᠦᠯᠡᠪᠡ᠃

      ᠲ᠋ᠡᠯᠡᠭᠡᠢ᠂ ᠮᠢᠨᠤ ᠨᠢᠷᠤᠭᠤᠨ ᠳᠤ ᠶᠤᠤᠯᠠᠨ ᠬᠠᠢ᠌ᠯᠠᠨ᠂ ᠭᠦᠪ ᠭᠦᠩᠭᠡᠭᠡᠨ ᠡᠪᠠᠷᠰᠢᠶᠡᠵᠤ ᠪᠠᠢ᠌ᠯ᠎ᠠ᠃ ᠨᠠᠪᠴᠢ ᠦᠭᠡᠶ ᠮᠤᠳᠤᠳ ᠨᠢ ᠰᠠᠯᠭᠢ ᠦᠭᠡᠶ ᠳᠤ ᠱᠤᠤᠭᠢᠨ᠎ᠡ᠂ ᠴᠡᠴᠡᠭ᠌ ᠦᠭᠡᠶ ᠵᠤᠨ ᠨᠢ ᠰᠢᠪᠠᠭᠤᠳ ᠵᠢᠷᠭᠢᠭᠦ ᠦᠭᠡᠶ ᠪᠠᠷ ᠨᠠᠮᠤᠷᠰᠢᠨ᠎ᠡ ᠁

    ᠲ᠋ᠠᠷᠠ ᠣᠯᠠᠨ 《ᠥᠭᠡᠢ》 ᠵᠢᠨ ᠰᠢᠯᠳᠠᠭ ᠶᠢᠡᠷ ᠳᠡᠯᠡᠭᠡᠢ᠂ ᠮᠢᠨᠤ ᠨᠢᠷᠤᠭᠤᠨ ᠳᠤ ᠬᠦᠩᠭᠡᠨ ᠯᠠ ᠪᠠᠢ᠌ᠯ᠎ᠠ᠃ ᠭᠦᠰᠡᠯ ᠪᠣᠳᠤᠯ ᠤᠨ ᠶᠢᠡᠨ ᠣᠴᠢᠷ ᠶᠢᠡᠷ ᠪᠢ ᠳᠡᠯᠡᠭᠡᠢ ᠶᠢᠨ ᠡᠯᠢᠭᠡᠨ ᠳᠤ ᠭᠦᠰᠡᠷ ᠨᠦᠰᠠᠷ ᠯᠠ ᠪᠠᠢ᠌ᠯ᠎ᠠ᠃

     2᠂ ᠪᠦᠳᠦᠴᠢᠵᠤ ᠬᠠᠳᠤᠴᠠᠵᠠᠵᠤ ᠭᠡᠴᠢᠨᠡᠨ ᠭᠦᠶ‍ᠦᠭ᠍ᠰᠡᠨ ᠢ ᠪᠣᠤ ᠮᠠᠳᠠ︕ ᠮᠢᠨᠤ ᠨᠢᠷᠤᠭᠤ ᠱᠠᠯ ᠨᠤᠷᠤᠴᠢᠬᠠᠭᠰᠠᠨ ᠪᠠᠢ᠌ᠪᠠ᠃

     ᠰᠢᠷᠬ᠎ᠠ ᠰᠤᠷᠪᠢ᠂ ᠴᠢᠰᠤ ᠰᠢᠭᠦᠰᠤ ᠁ ᠳᠠᠷᠠ ᠪᠦᠭᠦᠨ ᠳᠤ ᠱᠠᠯ ᠭᠦᠯᠦᠷᠡᠭ᠍ᠰᠡᠨ ᠪᠢ ᠭᠦᠶ‍ᠦᠳᠡᠭ᠌ ᠶᠢᠡᠨ ᠵᠤᠭᠰᠤᠭᠰᠠᠨ ᠦᠭᠡᠶ᠃ ᠭᠦᠭᠡᠷᠦᠭᠦᠢ ᠳᠡᠯᠡᠭᠡᠢ ᠪᠠᠨ  ᠪᠢᠳᠡᠭᠦᠯᠡᠵᠤ᠂ ᠳᠠᠪᠰᠢᠭᠤᠯᠤᠨ ᠳᠠᠪᠰᠢᠭᠤᠯᠤᠭᠠᠤᠨ ᠡᠭᠦᠷᠦᠭ᠍ᠰᠡᠭᠡᠷ ᠭᠦᠶ‍ᠦᠭᠦ ᠳᠤ ᠰᠠᠷᠠᠨ ᠳᠠᠭᠢᠨᠢ᠂ ᠮᠦᠩᠭᠦᠨ ᠳᠠᠤᠯᠠᠢ᠂ ᠽᠠᠠᠳᠠᠨ ᠮᠤᠳᠤ ᠲᠡᠶ ᠪᠠᠨ ᠤᠢ᠌ᠷᠠᠬᠠᠨ ᠯᠠ ᠪᠣᠯᠬᠤ ᠶᠤᠮ᠃

     3᠂ ᠨᠢᠭᠡ ᠮᠡᠳᠡᠭᠦ ᠳᠤ ᠳᠡᠯᠡᠭᠡᠢ ᠮᠢᠨᠤ ᠨᠢᠷᠤᠭᠤᠨ ᠳᠡᠭᠡᠷ᠎ᠡ ᠴᠠᠯ ᠨᠤᠭᠤᠭᠠᠷᠠᠴᠢᠬᠠᠭᠰᠠᠨ ᠪᠠᠢ᠌ᠪᠠ᠃ ᠰᠤᠷᠭᠤᠭ ᠰᠤᠳᠤᠨ ᠦᠨᠦᠷ ᠦᠨᠦᠰᠳᠠᠨ᠎ᠡ᠂ ᠭᠤᠤᠯ ᠭᠤᠷᠤᠬ᠎ᠠ ᠭᠤᠷᠴᠢᠭᠢᠨᠠᠵᠤ᠂ ᠵᠣᠢ᠌ᠯ ᠤᠨ ᠰᠢᠪᠠᠭᠤᠳ ᠳᠤᠩᠭ᠋ᠤᠳᠤᠨ᠎ᠠ ᠁

     ᠠᠮᠤᠷᠵᠢᠯ ᠳᠠᠢ᠌ᠪᠣᠰᠢᠷᠠᠯ ᠳᠤ ᠳᠤᠭᠵᠢᠷᠠᠨ ᠵᠢᠷᠭᠠᠭᠰᠠᠨ ᠳᠡᠯᠡᠭᠡᠢ ᠶᠢᠨ ᠶᠢᠡᠨ ᠠᠮᠳᠠᠳᠤ ᠨᠣᠢ᠌ᠷ ᠺ ᠨᠢ ᠰᠡᠷᠭᠦᠭᠡᠵᠡᠢ ᠭᠡᠵᠤ ᠭᠢᠴᠢᠶᠡᠨ ᠬᠦᠩᠭᠡᠨ ᠵᠥᠭᠡᠯᠡᠨ ᠠᠯᠬᠤᠯᠠᠬᠤ ᠳᠤ ᠰᠠᠷᠠᠨ ᠳᠠᠭᠢᠨᠢ᠂ ᠬᠠᠷ᠎ᠠ ᠨᠢᠳᠤᠨ ᠪᠦᠰᠡᠭᠦᠢ᠂ ᠬᠠᠢ᠌ᠷᠠᠳᠤ ᠭᠦᠭᠡᠷᠦᠭᠦᠨ ᠦᠷ᠎ᠡ ᠁ ᠪᠣᠳᠤᠯ ᠰᠡᠳᠭᠢᠯ ᠢ ᠪᠣᠯᠢᠶᠠᠵᠤ ᠴᠢᠩᠭ᠋ᠠᠭᠠᠨ᠂ ᠳᠠᠯᠢᠵᠤ ᠳᠠᠳᠠᠭᠠᠤᠨ ᠪᠣᠯᠬᠤ ᠦᠭᠡᠶ ᠳ᠋ᠤᠨᠢ ᠪᠢ ᠭᠠᠰᠢᠭᠤᠨ ᠵᠤᠪᠠᠯᠠᠩ ᠳᠤ ᠵᠥᠳᠡᠭ᠍ᠰᠡᠨ ᠪᠠᠢ᠌ᠪᠠ᠃

     ᠭᠡᠶ᠎ᠡ ᠳᠡᠯᠡᠭᠡᠢ ᠮᠢᠨᠢ ᠳᠠᠪ ᠳᠠᠭᠠᠳᠠᠢ᠌ᠬᠠᠨ ᠪᠠᠢ᠌ᠯ᠎ᠠ᠂ ᠬᠠᠶᠠ ᠪᠠᠰᠠ ᠢᠨᠢᠶᠡᠮᠰᠦᠭᠯᠡᠵᠤ ᠪᠠᠢ᠌ᠯ᠎ᠠ᠃

     ᠠᠢ ᠭᠦᠭᠡᠷᠦᠭᠦᠢ᠃ ᠵᠡᠭᠦᠳᠤᠨ ᠳᠡᠯᠡᠭᠡᠢ ᠮᠢᠨᠤ᠃


ᠵᠤᠬᠢᠶᠠᠭᠴᠢ ᠶᠢᠨ ᠬᠠ‍‌ᠶᠢᠭ ᠄ ᠣᠯᠠᠭᠠᠠᠬᠠᠳᠠ᠂ ᠵᠡᠭᠦᠨ ᠪᠠᠭᠠᠷᠢᠨ

ᠵᠤᠬᠢᠶᠠᠭᠴᠢ᠄ ᠨᠣ᠊·ᠴᠢᠯᠠᠭᠤᠠᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢ᠌ᠷᠠᠭᠤᠯᠤᠯ
ᠳᠠᠷᠤᠮ᠄ 2630
ᠴᠠᠭ᠄ 2011 ᠤᠨ ᠤ 04 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ