ᠭᠦᠮᠤᠨ ᠪᠣᠯᠬᠤ ᠶᠠᠪᠣᠴᠠ ᠳᠤ ᠬᠠᠢ᠌ᠷ᠎ᠠ ᠶᠢᠨ ᠭᠦᠮᠦᠵᠢᠯ ᠳᠤᠳᠠᠭᠳᠠᠵᠤ ᠪᠣᠯᠤᠰᠢ ᠥᠭᠡᠢ

ᠭᠦᠮᠤᠨ ᠪᠣᠯᠬᠤ ᠪᠠᠭ᠎ᠠ ᠡᠴᠡ ᠪᠠᠨ ᠭᠦᠯᠦᠭ᠌ ᠪᠣᠯᠬᠤ ᠣᠨᠠᠭᠠᠨ ᠡᠴᠡ ᠪᠠᠨ ᠭᠡᠳᠡᠭ᠌ ᠶᠢᠡᠷ ᠭᠦᠮᠤᠨ ᠪᠣᠯᠬᠤ ᠶᠠᠪᠣᠴᠠ ᠳᠤ ᠬᠠᠢ᠌ᠷ᠎ᠠ ᠶᠢᠨ ᠭᠦᠮᠦᠵᠢᠯ ᠳᠤᠳᠠᠭᠳᠠᠵᠤ ᠪᠣᠯᠤᠰᠢ ᠦᠭᠡᠶ ᠪᠠᠢ᠌ᠳᠠᠭ᠂ ᠬᠡᠦᠬᠡᠳ ᠲᠡᠭᠡᠨ ᠬᠠᠢ᠌ᠷ᠎ᠠ ᠶᠢᠨ ᠭᠦᠮᠦᠵᠢᠯ ᠢ ᠭᠢᠭᠦ ᠦᠭᠡᠶ ᠪᠣᠶᠤ ᠳᠤᠳᠠᠭᠤ ᠳᠤᠷᠭᠤᠨ ᠭᠢᠭᠦ ᠨᠢ ᠶᠠᠭ ᠴᠡᠴᠡᠭ᠌ ᠶᠢᠡᠨ ᠳᠠᠷᠢᠭᠠᠤᠨ ᠴᠠᠭ ᠳᠤᠬᠠᠢ ᠳᠤ ᠨᠢ ᠵᠤᠭᠢᠰᠳᠠᠢ ᠣᠰᠤᠯᠠᠭᠰᠠᠨ ᠦᠭᠡᠶ ᠲᠡᠶ ᠡᠭᠡᠭᠡ ᠠᠳᠠᠯᠢᠬᠠᠨ ᠶᠤᠮ᠃ ᠬᠠᠢ᠌ᠷ᠎ᠠ ᠳᠤᠳᠠᠭᠳᠠᠭᠰᠠᠨ ᠬᠡᠦᠬᠡᠳ ᠢᠳᠡᠷᠭᠦᠨ ᠴᠤᠪᠣᠭᠤᠯᠢᠭ ᠶᠢᠡᠷ ᠦᠰᠦᠨ ᠪᠣᠢ᠌ᠵᠢᠵᠤ ᠴᠢᠳᠠᠬᠤ ᠦᠭᠡᠶ ᠮᠥᠷᠳᠡᠭᠡᠨ ᠭᠦᠰᠡᠯ ᠡᠷᠡᠮᠡᠯᠵᠡᠯ ᠨᠢ ᠴᠤ ᠡᠷᠡᠮᠳᠡᠭ᠌ ᠵᠡᠷᠡᠮᠳᠡᠭ᠌ ᠪᠣᠯᠳᠠᠭ ᠶᠤᠮ᠃

ᠳᠤᠷᠭᠠᠨ ᠵᠤᠯᠠᠢ ᠪᠠᠷ ᠶᠢᠡᠨ ᠳᠤᠭᠤᠰᠤᠳᠤ ᠶ‍ᠢᠷᠳᠢᠠᠴᠤ ᠳᠤ ᠣᠨᠠᠭᠰᠠᠨ ᠳᠠᠷᠠ ᠴᠠᠭ ᠡᠴᠡ ᠪᠠᠨ ᠡᠨᠡᠷᠢᠯᠳᠤ ᠡᠵᠢ ᠠᠰᠠᠷᠠᠯᠳᠤ ᠠᠪᠣ ᠶᠢᠨ ᠶᠢᠡᠨ ᠢᠪᠠᠭᠡᠯ ᠬᠠᠢ᠌ᠷ᠎ᠠ ᠳᠤ ᠪᠦᠪᠠᠢ᠌ᠯᠡᠭ᠍ᠳᠡᠨ ᠳᠤᠯᠤᠭᠠᠨ ᠨᠠᠰᠤ ᠤᠢ᠌ᠷᠠᠳᠬᠤ ᠲᠡᠶ ᠵᠡᠷᠭᠡ ᠰᠤᠷᠭᠠᠭᠤᠯᠢ ᠰᠤᠶᠤᠯ ᠤᠨ ᠮᠦᠷ ᠭᠦᠭᠡᠭᠡᠵᠤ ᠪᠠᠭᠰᠢ ᠶᠢᠨ ᠬᠠᠢ᠌ᠷ᠎ᠠ ᠪᠠᠷ ᠭᠦᠮᠦᠵᠢᠭ᠍ᠳᠡᠨ ᠭᠦᠮᠤᠨ ᠪᠣᠯᠬᠤ ᠠᠩᠬᠠᠨ ᠤ ᠠᠯᠬᠤᠮ ᠶᠢᠡᠨ ᠡᠭᠢᠯᠡᠳᠡᠭ᠌ ᠪᠢᠯᠠ᠃ ᠭᠦᠮᠤᠨ ᠤ ᠶ‍ᠢᠷᠳᠢᠠᠴᠤ ᠳᠤ ᠡᠭᠡ ᠶᠢᠨ ᠬᠠᠢ᠌ᠷ᠎ᠠ ᠪᠣᠯ ᠠᠳᠠᠯᠢᠤᠠᠬᠠᠵᠤ ᠪᠣᠯᠤᠰᠢ ᠦᠭᠡᠶ ᠠᠭᠤᠤ ᠶᠡᠭᠡ ᠬᠠᠢ᠌ᠷ᠎ᠠ ᠭᠡᠳᠡᠭ᠌ ᠢ ᠭᠦᠮᠦᠰ ᠪᠦᠷ ᠳᠤᠳᠤᠷᠬᠠᠢ ᠮᠡᠳᠡᠳᠡᠭ᠌᠃ ᠳᠠᠢ᠌ᠮᠤ ᠡ ︕ ᠡᠭᠡ ᠪᠣᠯᠤᠭᠰᠠᠤᠨ ᠠᠷᠢᠭᠤᠨ ᠴᠠᠭᠠᠨ ᠬᠠᠢ᠌ᠷ᠎ᠠ ᠪᠠᠨ ᠦᠷ᠎ᠡ ᠬᠡᠦᠬᠡᠳ ᠲᠡᠭᠡᠨ ᠬᠠᠷᠠᠮ ᠦᠭᠡᠶ ᠥᠭ᠍ᠳᠡᠭ᠌ ︕ ᠭᠡᠳᠡᠯ᠎ᠡ ᠪᠢ ᠡ᠊ᠨᠳᠡ ᠪᠠᠭᠰᠢ ᠶᠢᠨ ᠬᠠᠢ᠌ᠷ᠎ᠠ ᠴᠤ ᠡᠭᠡ ᠶᠢᠨ ᠬᠠᠢ᠌ᠷ᠎ᠠ ᠡᠴᠡ ᠳᠤᠳᠠᠭᠤ ᠦᠭᠡᠶ ᠴᠢᠬᠤᠯᠠ ᠭᠡᠵᠤ ᠵᠤᠷᠢᠭᠳᠠᠢ ᠭᠡᠯᠡᠨ᠎ᠡ᠃ ᠣᠴᠢᠷ ᠨᠢ ᠪᠠᠭᠰᠢ ᠪᠣᠯᠤᠭᠰᠠᠤᠨ ᠦᠷᠦᠭᠡᠯ ᠤᠨ ᠬᠡᠦᠬᠡᠳ ᠢ ᠦᠪᠡᠷ ᠤᠨ ᠶᠢᠡᠨ ᠦᠷ᠎ᠡ ᠪᠠᠨ ᠰᠢᠭ᠌ ᠡᠯᠢᠭᠡᠨ ᠬᠠᠢ᠌ᠷ᠎ᠠ ᠪᠠᠨ ᠦᠴᠦᠭᠡᠨ ᠴᠤ ᠬᠠᠷᠠᠮᠯᠠᠯ ᠦᠭᠡᠶ ᠭᠦᠷᠳᠡᠭᠡᠵᠤ ᠥᠭᠡᠳᠡᠯᠡᠨ ᠳᠠᠪᠰᠢᠬᠤ ᠵᠠᠮ ᠶᠢᠡᠷ ᠭᠦᠳᠦᠯᠤᠨ ᠭᠦᠮᠤᠨ ᠪᠣᠯᠬᠤ ᠶᠤᠰᠤ ᠶᠢ ᠵᠢᠭᠠᠳᠠᠭ᠃ ᠪᠠᠭ᠎ᠠ ᠰᠤᠷᠭᠠᠭᠤᠯᠢ ᠡᠴᠡ ᠶᠡᠭᠡ ᠰᠤᠷᠭᠠᠭᠤᠯᠢ ᠭᠦᠷᠳᠡᠯ᠎ᠡ ᠢᠯᠠᠩᠭ᠋ᠤᠶ᠎ᠠ ᠳᠤᠮᠳᠠᠳᠤ ᠪᠠᠭ᠎ᠠ ᠰᠤᠷᠭᠠᠭᠤᠯᠢ ᠶᠢᠨ ᠰᠤᠷᠤᠭᠴᠢᠳ ᠲᠤ ᠬᠠᠢ᠌ᠷ᠎ᠠ ᠶᠢᠨ ᠭᠦᠮᠦᠵᠢᠯ ᠭᠢᠭᠦ ᠪᠣᠯ ᠳᠤᠩ ᠴᠢᠬᠤᠯᠠ ᠪᠠᠢ᠌ᠳᠠᠭ᠃ ᠡᠷᠳᠡᠮᠳᠡᠨ ᠱᠸᠯᠯᠢ ᠭᠡᠯᠡᠭ᠍ᠰᠡᠨ ᠨᠢ 《ᠶᠤᠰᠤ ᠮᠤᠷᠠᠯ ᠤᠨ ᠳᠤᠳᠤᠷᠠᠭᠢ ᠬᠠᠮᠤᠭ ᠤᠨ ᠶᠡᠭᠡ ᠨᠢᠭᠤᠴᠠ ᠪᠣᠯ ᠬᠠᠢ᠌ᠷ᠎ᠠ ᠮᠦᠨ》 ᠭᠡᠵᠡᠢ᠃ ᠮᠠᠨ ᠤ ᠦᠨᠳᠦᠰᠦᠳᠠᠨ ᠡᠷᠳᠡᠨ ᠡᠴᠡ ᠪᠠᠨ ᠦᠷ᠎ᠡ ᠬᠡᠦᠬᠡᠳ ᠶᠢᠡᠨ ᠰᠤᠷᠭᠠᠬᠤ ᠳᠠᠪᠰᠢᠩᠭ᠋ᠤᠢ ᠠᠷᠭ᠎ᠠ ᠪᠠᠷᠢᠯ ᠲᠡᠶ ᠪᠠᠢ᠌ᠳᠠᠭ᠃ ᠠᠬᠠᠮᠠᠤᠨ ᠨᠠᠰᠤᠳᠠᠨ ᠶᠢᠡᠨ ᠠᠴᠢᠯᠠᠵᠤ ᠭᠦᠡᠳᠦᠯᠡᠭᠦ᠂ ᠦᠨᠡᠠᠴᠢ ᠰᠢᠳᠤᠷᠭᠤ ᠡᠶ᠎ᠡ ᠨᠠᠢ᠌ᠷ ᠲᠡᠶ᠂ ᠦᠷᠤ ᠵᠥᠭᠡᠯᠡᠨ ᠰᠡᠳᠭᠢᠯ ᠲᠡᠶ᠂ ᠦᠨᠦᠴᠢᠨ ᠳᠤᠤᠷᠠᠳᠤ ᠶᠢ ᠲᠡᠳᠬᠦᠵᠤ ᠶᠠᠪᠣᠬᠤ᠂ ᠠᠴᠢ ᠵᠢᠷᠤᠮ ᠢ ᠳᠡᠷᠰᠯᠡᠭᠦ ᠦᠭᠡᠶ᠂ ᠨᠤᠳᠤᠭ ᠣᠰᠤᠨ ᠳᠠᠭᠠᠨ ᠬᠠᠢ᠌ᠷᠠᠳᠠᠢ ᠪᠠᠢ᠌ᠬᠤ ᠣᠯᠠᠮᠵᠢᠯᠠᠯᠳᠤ ᠵᠠᠩ ᠠᠭᠠᠯᠢ ᠶᠢ ᠭᠦᠮᠦᠵᠢᠭᠦᠯᠳᠡᠭ᠌᠃ 《ᠨᠢᠯᠬ᠎ᠠ ᠮᠤᠳᠤ ᠶᠢ ᠨᠠᠮᠠᠭᠠᠨ ᠡᠴᠡ ᠨᠢ᠂ ᠨᠢᠯᠬ᠎ᠠ ᠬᠡᠦᠬᠡᠳ ᠢ ᠪᠠᠭ᠎ᠠ ᠡᠴᠡ ᠨᠢ》 ᠭᠡᠵᠤ ᠬᠠᠷᠠᠬᠠᠨ ᠪᠠᠭ᠎ᠠ ᠡᠴᠡ ᠨᠢ ᠬᠠᠢ᠌ᠷ᠎ᠠ ᠶᠢᠨ ᠭᠦᠮᠦᠵᠢᠯ ᠢ ᠭᠦᠷᠳᠡᠭᠡᠳᠡᠭ᠌᠃ ᠡᠢ᠌ᠮᠤ ᠡᠴᠡ ᠦᠷ᠎ᠡ ᠬᠡᠦᠬᠡᠳ ᠨᠢ ᠪᠠᠭ᠎ᠠ ᠡᠴᠡ ᠪᠠᠨ ᠣᠩᠭ᠋ᠤᠨ ᠪᠠᠢ᠌ᠭᠠᠯᠢ᠂ ᠣᠨᠠᠭᠰᠠᠨ ᠨᠤᠳᠤᠭ᠂ ᠡᠭᠡ ᠰᠤᠶᠤᠯ᠂ ᠠᠯᠢᠪᠠ ᠪᠦᠭᠦᠨ ᠳᠡᠭᠡᠨ ᠭᠢᠵᠠᠭᠠᠯᠠᠰᠢ ᠦᠭᠡᠶ ᠬᠠᠢ᠌ᠷ᠎ᠠ ᠲᠡᠶ ᠪᠠᠢ᠌ᠵᠤ᠂ ᠪᠠᠭᠰᠢ ᠠᠬᠠᠮᠠᠤᠨ ᠶᠢᠡᠨ ᠭᠦᠡᠳᠦᠳᠭᠡᠭᠦ᠂ ᠪᠣᠰᠤᠳ ᠲᠤ ᠪᠣᠯᠪᠠᠰᠤᠨ ᠶᠤᠰᠤᠷᠬᠠᠭ ᠬᠠᠠᠳᠤᠬᠤ ᠵᠡᠷᠭᠡ ᠡᠷᠭᠢᠮ ᠳᠡᠭᠡᠳᠤ ᠵᠠᠩ ᠴᠢᠨᠠᠷ ᠢ ᠪᠦᠷᠢᠯᠳᠦᠭᠦᠯᠦᠭ᠍ᠰᠡᠨ ᠪᠠᠢ᠌ᠳᠠᠭ᠃

ᠡᠭᠦᠨ ᠡᠴᠡ ᠪᠢᠳᠠ ᠬᠠᠢ᠌ᠷ᠎ᠠ ᠶᠢᠨ ᠭᠦᠮᠦᠵᠢᠯ ᠪᠣᠯ ᠭᠡᠴᠦᠨᠡᠨ ᠴᠢᠬᠤᠯᠠ ᠭᠡᠳᠡᠭ᠌ ᠢ ᠣᠢ᠌ᠯᠠᠭᠠᠵᠤ ᠪᠣᠯᠤᠨ᠎ᠠ᠃

ᠣᠳᠤᠬᠠᠨ ᠳᠤ ᠵᠠᠷᠢᠮ ᠡᠴᠢᠭᠡ ᠡᠭᠡ ᠨᠢ ᠣᠷᠤᠭ ᠰᠠᠯᠵᠤ ᠬᠡᠦᠬᠡᠳ ᠲᠤ ᠪᠠᠨ ᠭᠡᠷ ᠪᠦᠯᠢ ᠶᠢᠨ ᠬᠠᠯᠠᠭᠤᠨ ᠳᠤᠯᠠᠭᠠᠨ ᠬᠠᠢ᠌ᠷ᠎ᠠ ᠬᠠᠯᠠᠮᠵᠢ ᠶᠢ ᠭᠦᠷᠳᠡᠭᠡᠵᠤ ᠳᠡᠢ᠌ᠯᠭᠦ ᠦᠭᠡᠶ ᠪᠣᠶᠤ ᠡᠴᠢᠭᠡ ᠡᠭᠡ ᠨᠢ ᠨᠠᠭᠠᠳᠤᠮ ᠳᠤ ᠰᠢᠨᠤᠵᠤ ᠦᠷ᠎ᠡ ᠬᠡᠦᠬᠡᠳ ᠶᠢᠡᠨ ᠬᠠᠷᠠᠭᠠᠯᠵᠠᠵᠤ ᠬᠠᠮᠢᠶᠠᠷᠬᠤ ᠳᠠᠯ᠎ᠠ ᠪᠠᠷ ᠭᠦᠢᠴᠡᠳ ᠦᠭᠡᠶ ᠵᠡᠷᠭᠡ ᠡᠴᠡ ᠪᠣᠯᠵᠤ ᠭᠦᠭᠡᠷᠦᠭᠦᠢ ᠬᠡᠦᠬᠡᠳ ᠨᠢ ᠬᠠᠢ᠌ᠷ᠎ᠠ ᠬᠠᠯᠠᠮᠵᠢ ᠳᠤᠳᠠᠭᠳᠠᠨ ᠬᠠᠷᠠᠬᠠᠨ ᠪᠠᠭ᠎ᠠ ᠡᠴᠡ ᠪᠠᠨ ᠬᠠᠵᠠᠭᠠᠢ ᠵᠠᠮ ᠶᠢᠡᠷ ᠣᠷᠤᠵᠤ ᠬᠠᠤᠯᠢ ᠶᠢ ᠵᠦᠷᠢᠴᠠᠨ ᠶᠠᠯ᠎ᠠ ᠭᠢᠭᠦ ᠵᠠᠮ ᠶᠢᠡᠷ ᠶᠠᠪᠣᠭᠰᠠᠨ ᠵᠢᠱᠢᠶ᠎ᠠ ᠴᠤ ᠪᠠᠭ᠎ᠠ ᠪᠣᠰᠤ ᠭᠠᠷᠴᠤ ᠨᠡᠢ᠌ᠭᠡᠮ ᠪᠠ ᠭᠡᠷ ᠪᠦᠯᠢ ᠳᠤ ᠭᠡᠴᠦᠨᠡᠨ ᠶᠡᠭᠡ ᠵᠤᠪᠠᠯᠠᠩ ᠪᠠ ᠳᠠᠷᠤᠭᠠᠰᠤ ᠶᠢ ᠠᠪᠴᠢᠷᠠᠵᠤ ᠪᠠᠢ᠌ᠬᠤ ᠠᠵᠢ ︕

ᠶᠠᠭ ᠡᠢ᠌ᠮᠤ ᠡᠴᠡ ᠪᠠᠭᠰᠢ ᠪᠣᠯᠤᠭᠰᠠᠤᠨ ᠢᠯᠠᠩᠭ᠋ᠤᠶ᠎ᠠ ᠪᠠᠭ᠎ᠠ ᠰᠤᠷᠭᠠᠭᠤᠯᠢ ᠶᠢᠨ ᠪᠠᠭᠰᠢ ᠨᠠᠩ ᠢᠯᠡᠭᠦᠤ ᠳᠦᠪᠯᠡᠷᠡᠭ᠍ᠰᠡᠨ ᠰᠤᠷᠭᠠᠭᠤᠯᠢ ᠶᠢᠨ ᠪᠠᠭᠰᠢ ᠪᠣᠯᠤᠭᠰᠠᠤᠨ ᠵᠥᠪᠭᠡᠨ ᠬᠠᠷᠢᠭᠤᠴᠠᠯᠭᠠᠳᠤ ᠰᠡᠳᠬᠢᠯᠭᠡ ᠪᠠᠢ᠌ᠭᠠᠤᠨ ᠯᠠ ᠪᠣᠯᠬᠤ ᠪᠢᠰᠢ ᠨᠠᠩ ᠴᠢᠬᠤᠯᠠ ᠨᠢ ᠪᠢᠴᠢᠬᠠᠨ ᠰᠤᠷᠤᠭᠴᠢᠳ ᠲᠠᠭᠠᠨ ᠬᠠᠷᠠᠮ ᠦᠭᠡᠶ ᠶᠡᠭᠦᠯᠡᠭᠦ ᠪᠢᠯᠬᠠᠮ᠎ᠠ ᠴᠠᠯᠭᠢᠮ᠎ᠠ ᠬᠠᠢ᠌ᠷ᠎ᠠ ᠰᠡᠳᠬᠢᠯᠭᠡ ᠪᠠᠢ᠌ᠬᠤ ᠭᠡᠷᠡᠭ᠍ᠳᠡᠢ᠃ ᠣᠴᠢᠷ ᠨᠢ ᠡᠢ᠌ᠮᠤ ᠰᠤᠷᠭᠠᠭᠤᠯᠢ ᠳᠤ ᠢᠷᠠᠵᠤ ᠪᠠᠢ᠌ᠭ᠎ᠠ ᠰᠤᠷᠤᠭᠴᠢᠳ ᠤᠨ ᠣᠯᠠᠩᠭᠢ ᠨᠢ ᠨᠢᠭᠡᠳᠦᠭᠡᠷ ᠣᠨ ᠳᠤ ᠣᠷᠤᠬᠤ ᠡᠴᠡ ᠪᠠᠨ ᠡᠮᠦᠨ᠎ᠡ ᠳᠠᠷᠤᠢ ᠪᠡᠯᠡᠳᠭᠡᠯ ᠠᠩᠭᠢ ᠡᠴᠡ ᠪᠠᠨ ᠡᠭᠢᠯᠡᠨ ᠡᠵᠢ ᠠᠪᠣ ᠡᠯᠢᠭᠡᠨ ᠰᠠᠳᠤᠨ ᠡᠴᠡ ᠪᠠᠨ ᠰᠠᠯᠵᠤ ᠦᠴᠦᠭᠡᠨ ᠴᠤ ᠳᠠᠨᠢᠬᠤ ᠦᠭᠡᠶ ᠪᠣᠶᠤ ᠥᠶᠡᠷᠭᠡᠵᠤ ᠳᠠᠰᠤᠭᠰᠠᠨ ᠦᠭᠡᠶ ᠠᠢ᠌ᠯ ᠭᠡᠷ ᠲᠤ ᠪᠣᠶᠤ ᠰᠤᠷᠭᠠᠭᠤᠯᠢ ᠶᠢᠨ ᠪᠠᠢ᠌ᠷᠢ ᠳᠤ ᠰᠠᠭᠤᠵᠤ ᠰᠤᠷᠤᠯᠭ᠎ᠠ ᠰᠤᠶᠤᠯ ᠤᠨ ᠮᠦᠷ ᠭᠦᠭᠡᠭᠡᠭᠦ ᠪᠣᠯᠤᠭᠰᠠᠨ ᠪᠠᠢ᠌ᠨ᠎ᠠ᠃ ᠳᠠᠭᠢᠭᠠᠤᠨ ᠭᠡᠯᠡᠪᠠᠯ ᠡᠳᠡᠭᠡᠷ ᠰᠤᠷᠤᠭᠴᠢᠳ ᠤᠨ ᠰᠤᠷᠭᠠᠭᠤᠯᠢ ᠳᠤ ᠰᠠᠭᠤᠬᠤ ᠴᠠᠭ ᠨᠢ ᠡᠵᠢ ᠠᠪᠣ ᠲᠡᠶ ᠪᠠᠨ ᠴᠤᠭ ᠪᠠᠢ᠌ᠬᠤ ᠴᠠᠭ ᠡᠴᠡ ᠨᠢ ᠬᠤᠯᠠ ᠢᠯᠡᠭᠦᠤ ᠳᠤᠯᠠ ᠳᠠᠳᠠᠨ ᠤ ᠰᠡᠳᠭᠢᠯ ᠳᠤ ᠪᠠᠭᠰᠢ ᠪᠣᠯ ᠬᠠᠮᠤᠭ ᠤᠨ ᠤᠢ᠌ᠷ᠎ᠡ ᠳᠤᠳᠤᠨᠤ ᠳᠦᠰᠢᠭ᠌ ᠳᠤᠯᠭᠠᠭᠤᠷᠢ ᠨᠢ ᠪᠣᠯᠳᠠᠭ ᠶᠤᠮ᠃ ᠡᠳᠡᠭᠡᠷ ᠬᠡᠦᠬᠡᠳ ᠤᠨ ᠡᠵᠢ ᠠᠪᠣ ᠡᠴᠡ ᠪᠠᠨ ᠭᠦᠷᠳᠡᠵᠤ ᠳᠡᠢ᠌ᠯᠭᠦ ᠦᠭᠡᠶ ᠠᠯᠢ ᠣᠯᠠᠨ ᠬᠠᠢ᠌ᠷ᠎ᠠ ᠶᠢ ᠨᠢ ᠪᠠᠭᠰᠢ ᠡᠷᠭᠡᠪᠰᠢ ᠨᠥᠭᠦᠪᠦᠷᠢᠯᠡᠵᠤ ᠦᠭ‍ᠭᠦ ᠭᠡᠷᠡᠭ᠍ᠳᠡᠢ ᠪᠠᠢ᠌ᠳᠠᠭ᠃

ᠡᠢ᠌ᠮᠦᠷᠭᠦ ᠪᠠᠢ᠌ᠳᠠᠯ ᠳᠤ ᠪᠠᠭᠰᠢ ᠨᠡᠷ ᠮᠢᠨᠢ ᠠᠬᠠᠮᠠᠤᠨ ᠢᠳᠠᠷ ᠵᠠᠯᠠᠭᠤ ᠭᠡᠨ ᠨᠢ ᠴᠤ ᠭᠡᠰᠡᠨ ᠥᠭᠡᠢ ᠥᠭ᠍‍ᠭᠢᠶᠡᠮᠦᠷ ᠬᠠᠯᠠᠭᠤᠨ ᠬᠠᠢ᠌ᠷ᠎ᠠ ᠪᠠᠨ ᠦᠰᠪᠦᠷᠢ ᠶᠢᠨ ᠰᠤᠷᠤᠭᠴᠢᠳ ᠲᠠᠭᠠᠨ ᠭᠦᠷᠳᠡᠭᠡᠨ᠂ ᠦᠨᠳᠦᠰᠦᠳᠠᠨ ᠤ ᠪᠠᠨ ᠰᠤᠷᠭᠠᠨ ᠭᠦᠮᠦᠵᠢᠯ ᠤᠨ ᠣᠢ᠌ᠯᠠᠰ ᠲᠤ ᠦᠨᠡᠠᠴᠢ ᠪᠠᠷ ᠵᠢᠦᠡᠭᠦᠵᠤ ᠶᠠᠪᠣᠭ᠎ᠠ ᠪᠢᠰᠢᠤ ᠳ᠋ᠠ ︕ ᠭᠦᠳᠡᠭᠡ ᠶᠢᠨ ᠨᠢᠭᠡᠨ ᠰᠤᠷᠭᠠᠭᠤᠯᠢ ᠡᠴᠡ ᠮᠠᠨ ᠤ ᠰᠤᠷᠭᠠᠭᠤᠯᠢ ᠳᠤ ᠰᠢᠯᠵᠢᠵᠤ ᠢᠷᠡᠭ᠍ᠰᠡᠨ ᠨᠢᠭᠡᠨ ᠰᠤᠷᠤᠭᠴᠢ ᠶᠢᠨ ᠭᠡᠷ ᠤᠨ ᠠᠬᠠᠮᠠᠤᠨ ᠢᠩᠭᠢᠵᠤ ᠭᠡᠯᠡᠵᠤ ᠥᠩᠭᠡᠷᠡᠵᠡᠢ ᠄ 《ᠮᠠᠨ ᠤ ᠠᠢ᠌ᠯ ᠤᠨ ᠭᠦᠮᠦᠰ ᠶᠠᠷᠢᠵᠤ ᠪᠠᠢ᠌ᠨ᠎ᠠ᠂ ᠶᠠᠮᠠᠷᠪᠠ ᠠᠯᠢᠶ᠎ᠠ ᠳᠦᠢᠦᠡᠭᠡᠷ ᠰᠤᠷᠬᠤ ᠦᠭᠡᠶ ᠰᠤᠷᠤᠭᠴᠢ ᠶᠢ ᠨᠢ᠋ᠮᠠᠨ ᠤ ᠮᠤᠩᠭ᠋ᠤᠯ ᠪᠠᠭ᠎ᠠ ᠰᠤᠷᠭᠠᠭᠤᠯᠢ ᠳᠤ ᠠᠪᠠᠴᠢᠵᠤ ᠥᠭ᠍ᠪᠠᠯ ᠪᠦᠷ ᠣᠬᠠᠭᠠᠨ ᠳᠦᠭᠦᠭᠡ ᠲ᠋ᠡᠢ ᠪᠣᠯᠵᠤ ᠰᠠᠢ᠌ᠨ ᠰᠤᠷᠴᠤ ᠳᠡᠢ᠌ᠯᠭᠦ ᠶᠤᠮ》 ᠭᠡᠨ᠎ᠡ ︕ ᠳᠡᠭᠡᠭᠡᠳ ᠪᠢᠳᠠ ᠬᠡᠦᠬᠡᠳ ᠶᠢᠡᠨ ᠭᠦᠷᠭᠡᠵᠤ ᠢᠷᠠᠯ᠎ᠠ ᠰᠢᠤ ᠭᠡᠵᠡᠢ᠃ ᠡᠨᠡ ᠥᠭᠡ ᠶᠢ ᠰᠠᠳᠭᠢᠵᠤ ᠦᠵᠡᠪᠠᠯ ᠮᠠᠨ ᠤ ᠪᠠᠭᠰᠢ ᠨᠡᠷ ᠤᠨ ᠬᠠᠢ᠌ᠷ᠎ᠠ ᠶᠢᠨ ᠭᠦᠮᠦᠵᠢᠯ ᠢ ᠴᠢᠩᠭ᠋ᠠᠳᠬᠠᠨ ᠭᠢᠵᠤ ᠪᠠᠢ᠌ᠬᠤ ᠶᠢ ᠣᠯᠵᠤ ᠬᠠᠷᠠᠵᠤ ᠪᠣᠯᠬᠤ ᠮᠥᠷᠳᠡᠭᠡᠨ ᠬᠠᠢ᠌ᠷ᠎ᠠ ᠶᠢᠨ ᠭᠦᠮᠦᠵᠢᠯ ᠤᠨ ᠴᠢᠬᠤᠯᠠ ᠴᠢᠨᠠᠷ ᠢ ᠨᠠᠩ ᠳᠤᠳᠤᠷᠬᠠᠢ ᠣᠢ᠌ᠯᠠᠭᠠᠵᠤ ᠪᠣᠯᠤᠨ᠎ᠠ᠃ ᠪᠠᠰᠠ ᠵᠢᠱᠢᠶᠠᠯᠠᠪᠠᠯ ᠮᠢᠨᠤ ᠨᠢᠭᠡᠨ ᠣᠳᠠᠭ᠎ᠠ ᠶᠢᠨ ᠳᠡᠭᠦᠰᠭᠡᠭ᠍ᠰᠡᠨ ᠠᠩᠭᠢ ᠳᠤ ᠨᠢᠭᠡᠨ ᠰᠤᠷᠤᠯᠭ᠎ᠠ ᠨᠢ ᠠᠨᠠᠢ ᠮᠥᠷᠳᠡᠭᠡᠨ ᠭᠦᠮᠤᠨ ᠤ ᠶᠠᠭᠤᠮ᠎ᠠ ᠶᠢ ᠬᠤᠯᠠᠭᠠᠢ᠌ᠯᠠᠳᠠᠭ ᠵᠠᠩ ᠲᠡᠶ ᠰᠤᠷᠤᠭᠴᠢ ᠪᠠᠢ᠌ᠵᠠᠢ᠂ ᠳᠤᠮᠳᠠ ᠣᠨ ᠤ ᠦᠶ᠎ᠡ ᠳᠤ ᠭᠦᠳᠡᠭᠡ ᠶᠢᠨ ᠨᠢᠭᠡᠨ ᠰᠤᠷᠭᠠᠭᠤᠯᠢ ᠡᠴᠡ ᠰᠢᠯᠵᠢᠵᠤ ᠢᠷᠠᠵᠠᠢ᠃ ᠳᠠᠷᠠ ᠬᠠᠮᠳᠤ ᠰᠤᠷᠤᠭᠴᠢ ᠶᠢᠨ ᠶᠢᠡᠨ ᠪᠢᠷ ᠪᠠᠯᠠᠯᠠᠭᠤᠷ ᠡᠴᠡ ᠡᠭᠢᠯᠡᠨ ᠳᠡᠯᠭᠡᠭᠦᠷ ᠬᠤᠳᠠᠯᠳᠤᠭ᠎ᠠ ᠶᠢᠨ ᠢᠳᠡᠭᠡᠨ ᠣᠮᠳᠠᠭᠠᠨ ᠨᠠᠭᠠᠳᠤᠮ ᠳᠤᠭᠯᠠᠭᠠᠮ ᠤᠨ ᠵᠣᠢ᠌ᠯ ᠴᠢᠨᠠᠭᠰᠢᠯᠠᠭᠠᠤᠨ ᠪᠣᠰᠤᠳ ᠤᠨ ᠣᠨᠢᠰᠤᠯᠠᠵᠤ ᠠᠮᠵᠢᠭᠰᠠᠨ ᠦᠭᠡᠶ ᠳᠤᠭᠤᠢ ᠶᠢ ᠴᠤ ᠠᠪᠬᠤ ᠪᠣᠯᠤᠭᠰᠠᠨ ᠪᠠᠢ᠌ᠨ᠎ᠠ᠃ ᠡᠨᠡ ᠪᠠᠢ᠌ᠳᠠᠯ ᠳᠤ ᠪᠢ ᠭᠤᠤᠯᠳᠠᠭᠤ ᠬᠠᠢ᠌ᠷ᠎ᠠ ᠪᠠᠷ ᠣᠶᠠᠷᠠᠭᠤᠯᠵᠤ ᠣᠬᠠᠭᠠᠷᠠᠭᠤᠯᠬᠤ ᠠᠷᠭ᠎ᠠ ᠶᠢ ᠠᠪᠴᠤ ᠣᠠᠴᠠᠭᠠᠢ ᠶᠠᠷᠢᠯᠴᠠᠵᠤ  ᠂ ᠶᠠᠭᠤᠮ᠎ᠠ ᠬᠤᠯᠠᠭᠠᠢ᠌ᠯᠠᠬᠤ ᠶᠢᠨ ᠬᠤᠤᠷ ᠭᠡᠮ ᠢ ᠶᠠᠷᠢᠵᠤ ᠶᠤᠰᠤ ᠣᠴᠢᠷ ᠢ ᠨᠢ ᠮᠡᠳᠡᠭᠦᠯᠵᠤ᠂ ᠪᠢᠷ ᠴᠠᠭᠠᠰᠤ ᠠᠪᠴᠤ ᠦᠭ‍ᠭᠦ᠂ ᠭᠤᠤᠯ ᠰᠠᠳᠤᠪᠳᠤ ᠠᠩᠭᠢ ᠶᠢᠨ ᠬᠤᠷᠠᠯ ᠢ ᠭᠢᠵᠤ ᠦᠴᠦᠭᠡᠨ ᠳᠠᠪᠰᠢᠯᠳᠠ ᠪᠠᠢ᠌ᠪᠠᠯ ᠣᠯᠠᠨ ᠤ ᠡᠮᠦᠨ᠎ᠡ ᠮᠠᠭᠳᠠᠬᠤ ᠵᠡᠷᠭᠡ ᠠᠵᠢᠯᠯᠠᠭ᠎ᠠ ᠶᠢ ᠦᠷᠭᠦᠯᠵᠢ ᠶᠢᠨ ᠴᠢᠨᠠᠷᠳᠠᠢ ᠭᠢᠪᠠ᠃ ᠴᠢᠷᠮᠠᠢ᠌ᠯᠭ᠎ᠠ ᠭᠦᠮᠤᠨ ᠢ ᠭᠤᠮᠤᠳᠠᠭᠠᠬᠤ ᠦᠭᠡᠶ ᠭᠡᠳᠡᠭ᠌ ᠶᠢᠡᠷ ᠳᠠᠷᠠ ᠰᠤᠷᠤᠭᠴᠢ ᠢᠳᠡᠭ᠌ ᠢᠳᠡᠭ᠌ ᠶᠢᠡᠷ ᠣᠬᠠᠭᠠᠷᠠᠨ ᠶᠠᠭᠤᠮ᠎ᠠ ᠬᠤᠯᠠᠭᠠᠢ᠌ᠯᠠᠬᠤ ᠮᠠᠭᠤ ᠵᠠᠩ ᠨᠢ ᠠᠷᠢᠯᠤᠭᠰᠠᠨ ᠮᠥᠷᠳᠡᠭᠡᠨ ᠰᠤᠷᠤᠯᠭ᠎ᠠ ᠳᠠᠭᠠᠨ ᠴᠤ ᠰᠢᠮᠳᠠᠬᠤ ᠪᠣᠯᠵᠤ ᠨᠠᠯᠢᠶᠠᠤᠨ ᠵᠥᠭᠡᠷᠭᠡᠨ ᠭᠢᠷᠢ ᠪᠦᠳᠦᠮᠵᠢ ᠪᠠᠷ ᠠᠩᠬ᠎ᠠ ᠵᠡᠷᠭᠡ ᠶᠢᠨ ᠳᠤᠮᠳᠠᠳᠤ ᠰᠤᠷᠭᠠᠭᠤᠯᠢ ᠳᠤ ᠳᠠᠪᠰᠢᠨ ᠣᠷᠤᠭᠰᠠᠨ ᠪᠠᠢ᠌ᠨ᠎ᠠ᠃ ᠰᠡᠭᠦᠯ ᠳᠤ ᠨᠢ ᠪᠢ ᠳᠡᠭᠦᠨ ᠤ ᠬᠠᠮᠳᠤ ᠰᠤᠷᠤᠭᠴᠢ ᠪᠠ ᠪᠠᠭᠰᠢ ᠡᠴᠡ ᠨᠢ ᠰᠤᠷᠠᠭᠯᠠᠭᠰᠠᠨ ᠴᠢᠨᠢ ᠭᠦᠮᠤᠨ ᠤ ᠶᠠᠭᠤᠮ᠎ᠠ ᠶᠢ ᠬᠤᠯᠠᠭᠠᠢ᠌ᠯᠠᠵᠤ ᠥᠩᠭᠡᠷᠡᠭᠡ ᠦᠭᠡᠶ ᠮᠥᠷᠳᠡᠭᠡᠨ ᠰᠦᠷᠦᠯᠭ᠎ᠠ ᠳ᠋ᠠᠭᠠᠨ ᠴᠤ ᠳᠤᠩ ᠳᠡᠭᠡᠭ᠍ᠰᠢᠯᠡᠯᠳᠡ ᠲᠡᠶ ᠪᠠᠢ᠌ᠨ᠎ᠠ ᠭᠡᠨ᠎ᠡ᠃

ᠡᠳᠡᠭᠡᠷ ᠡᠴᠡ ᠥᠵᠡᠭᠦ ᠳᠤ ᠭᠦᠮᠤᠨ ᠪᠣᠯᠬᠤ ᠶᠠᠪᠣᠴᠠ ᠳᠤ ᠬᠠᠢ᠌ᠷ᠎ᠠ ᠶᠢᠨ ᠭᠦᠮᠦᠵᠢᠯ ᠪᠣᠯ ᠳᠤᠩ ᠴᠢᠬᠤᠯᠠ ᠪᠠᠢ᠌ᠳᠠᠭ ᠶᠤᠮ ᠪᠠᠢ᠌ᠨ᠎ᠠ᠃ ᠵᠢᠭᠠᠨ ᠰᠤᠷᠭᠠᠬᠤ ᠠᠵᠢᠯ ᠤᠨ ᠶᠠᠪᠣᠴᠠ ᠳᠤ ᠪᠠᠨ ᠬᠠᠢ᠌ᠷ᠎ᠠ ᠶᠢᠨ ᠭᠦᠮᠦᠵᠢᠯ ᠢ ᠣᠯᠠᠮ ᠨᠢᠭᠡ ᠠᠯᠬᠤᠮ ᠴᠢᠩᠭ᠋ᠠᠳᠬᠠᠨ ᠦᠨᠳᠦᠰᠦᠳᠠᠨ ᠤ ᠪᠠᠨ ᠦᠷ᠎ᠡ ᠬᠣᠢ᠌ᠴᠢᠰ ᠤᠨ ᠲᠦᠯᠦᠭᠡ ᠴᠢᠷᠮᠠᠢ᠌ᠨ ᠵᠢᠦᠡᠭᠦᠭᠦ ᠨᠢ ᠪᠠᠭᠰᠢ ᠪᠣᠯᠤᠭᠰᠠᠤᠨ ᠤᠨ ᠳᠠᠷᠬᠠᠨ ᠡᠭᠦᠷᠭᠡ ᠪᠣᠯᠬᠤ ᠶᠤᠮᠰᠠᠨ ︕


ᠵᠤᠬᠢᠶᠠᠭᠴᠢ ᠶᠢᠨ ᠬᠠᠶ‍ᠢᠭ ᠄ ᠨᠢ᠋ᠮᠠᠨ ᠬᠤᠰᠢᠭᠤᠨ ᠤ ᠮᠤᠩᠭ᠋ᠤᠯ ᠪᠠᠭ᠎ᠠ ᠰᠤᠷᠭᠠᠭᠤᠯᠢ

ᠵᠤᠬᠢᠶᠠᠭᠴᠢ᠄ ᠯᠢ ᠭᠡᠷᠡᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠪᠠᠭᠰᠢ ᠶᠢᠨ ᠬᠠᠨᠢ
ᠳᠠᠷᠤᠮ᠄ 3696
ᠴᠠᠭ᠄ 2010 ᠤᠨ ᠤ 04 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁