ᠬᠡᠦᠬᠡᠳ ᠤᠨ ᠣᠢ ᠶᠢᠨ ᠢᠷᠦᠭᠡᠯ

ᠠᠯᠠᠭ ᠦᠷ᠎ᠡ ᠶᠢᠨ ᠶᠢᠡᠨ

ᠠᠷᠪᠠᠨ ᠭᠤᠷᠪᠠᠨ ᠤ ᠪᠠᠶᠠᠷ ᠲᠤ

ᠵᠤᠷᠢᠵᠤ ᠢᠷᠡᠭ᠍ᠰᠡᠨ ᠳᠠᠨᠠᠷ ᠲᠠᠭᠠᠨ

ᠵᠤᠷᠢᠭᠤᠯᠤᠨ ᠠᠢ᠌ᠯᠠᠳᠬᠠᠬᠤ ᠶᠢᠨ ᠣᠴᠢᠷ ᠭᠡᠪᠠᠯ

ᠡᠩᠭᠦᠷᠡᠢ ᠪᠢᠴᠢᠬᠠᠨ ᠡᠨᠡ ᠦᠷ᠎ᠡ ᠨᠢ

ᠡᠵᠢ ᠠᠪᠣ ᠳᠠᠭᠠᠨ ᠠᠴᠢᠯᠠᠯ ᠲᠡᠶ

ᠡᠯᠢᠭᠡᠨ ᠰᠠᠳᠤᠨ ᠳᠠᠭᠠᠨ ᠡᠭᠡᠯᠢᠳᠡᠢ

ᠡᠡᠭ᠌ ᠣᠯᠠᠨ ᠳᠠᠭᠠᠨ ᠦᠯᠵᠡᠢ ᠲᠡᠶ

ᠰᠤᠤᠳᠤ ᠭᠡᠭᠡᠨ ᠣᠬᠠᠭᠠᠨ ᠲᠡᠶ

ᠰᠤᠷᠭᠤᠭ ᠰᠠᠢ᠌ᠬᠠᠨ ᠵᠢᠰᠤ ᠲᠡᠶ

ᠴᠤᠪᠣᠭᠤ ᠰᠡᠷᠭᠦᠯᠡᠩ ᠠᠭᠠᠯᠢ ᠳᠠᠢ

ᠴᠤᠭ ᠪᠠᠳᠠᠷᠠᠩᠭ᠋ᠤᠢ ᠵᠤᠷᠢᠭ ᠲᠡᠶ

ᠳᠠᠷᠤᠤ ᠨᠤᠮᠤᠬᠠᠨ ᠵᠠᠩ ᠲᠡᠶ

ᠳᠠᠯᠠᠢ ᠶᠡᠭᠡ ᠡᠷᠳᠡᠮ ᠲᠡᠶ

ᠰᠠᠭᠤᠠᠠᠰᠠᠨ ᠳᠠᠭᠠᠨ ᠰᠠᠭᠤᠷᠢ ᠲᠡᠶ

ᠶᠠᠪᠣᠠᠠᠰᠠᠨ ᠳᠠᠭᠠᠨ ᠶᠠᠪᠣᠴᠠ ᠲᠡᠶ

ᠭᠡᠯᠡᠭ᠍ᠰᠡᠨ ᠳᠡᠭᠡᠨ ᠪᠠᠳᠤᠯᠠᠭ᠎ᠠ ᠲᠡᠶ

ᠭᠢᠭ᠍ᠰᠡᠨ ᠳᠡᠭᠡᠨ ᠨᠠᠢ᠌ᠳᠠᠪᠣᠷᠢᠳᠠᠢ

ᠣᠷᠳᠤ ᠮᠦᠷᠠᠨ ᠤ ᠵᠢᠭᠠᠰᠤ ᠰᠢᠭ

ᠳᠤᠭᠠᠯᠠᠰᠢ ᠦᠭᠡᠶ ᠭᠦᠷᠦᠩᠭᠡ ᠲᠡᠶ

ᠣᠳᠤᠷᠬᠤ ᠪᠣᠯᠠᠭ ᠤᠨ ᠣᠰᠤ ᠰᠢᠭ

ᠳᠤᠠᠳᠠᠷᠠᠰᠢ ᠦᠭᠡᠶ ᠪᠣᠶᠠᠨ ᠲᠡᠶ

ᠬᠠᠨ ᠰᠦᠮᠪᠦᠷ ᠬᠠᠢ᠌ᠷᠬᠠᠨ ᠰᠢᠭ

ᠬᠠᠳᠠᠭᠤ ᠪᠠᠳᠤ ᠴᠤᠠᠠᠴᠠ ᠳᠠᠢ

ᠬᠠᠳᠠ ᠴᠢᠯᠠᠭᠤᠨ ᠰᠠᠷᠢᠳᠠᠭ ᠰᠢᠭ

ᠬᠠᠨᠠᠭᠠᠷ ᠶᠡᠭᠡ ᠰᠦᠰᠦ ᠲᠡᠶ

ᠡᠨᠡ ᠪᠠᠶ᠎ᠠ ᠨᠢ ᠦᠰᠴᠦ

ᠡᠷ᠎ᠡ ᠵᠢᠨ  ᠵᠡᠷᠭᠡ ᠳᠤ ᠭᠦᠷᠴᠤ

ᠭᠦᠮᠤᠨ ᠪᠠᠶ᠎ᠠ ᠨᠢ ᠦᠰᠴᠦ

ᠭᠦᠮᠤᠨ ᠤ ᠵᠡᠷᠭᠡ ᠳᠤ ᠭᠦᠷᠭᠦ ᠵᠢᠨ

ᠪᠠᠶᠠᠨ ᠢᠷᠦᠭᠡᠯ ᠢ ᠳᠠᠯᠪᠢᠵᠤ

ᠪᠠᠳᠤ ᠵᠦᠩᠨᠠᠯ ᠢ ᠳᠤᠷᠠᠳᠬᠠᠨ

ᠠᠷᠪᠠᠨ ᠵᠥᠭ᠌ ᠡᠴᠡ ᠮᠤᠷᠢᠯᠠᠵᠤ ᠢᠷᠡᠭ᠍ᠰᠡᠨ

ᠠᠬ᠎ᠠ ᠳᠡᠭᠦᠤ ᠳᠠ ᠪᠦᠭᠦᠨ ᠳᠡᠭᠡᠨ

ᠰᠢᠮ᠎ᠠ ᠶᠢᠨ ᠳᠡᠭᠡᠵᠢ ᠴᠠᠭᠠᠨ ᠢᠳᠡᠭᠡ

ᠰᠠᠭᠠᠯᠢ ᠶᠢᠨ ᠳᠡᠭᠡᠵᠢ ᠠᠢ᠌ᠷᠠᠭ ᠴᠡᠭᠡ

ᠭᠦᠷᠦᠩᠭᠡ ᠶᠢᠨ ᠳᠡᠭᠡᠵᠢ ᠠᠷᠢᠭᠢ ᠰᠠᠷᠬᠤᠤᠨ

ᠢᠳᠡᠭᠡᠨ ᠤ ᠳᠡᠭᠡᠵᠢ ᠬᠤᠨᠢᠨ ᠰᠢᠭᠦᠰᠤ

ᠦᠷᠡᠰ ᠤᠨ ᠳᠡᠭᠡᠵᠢ ᠠᠮᠤᠰᠤ ᠪᠣᠳᠠᠭ᠎ᠠ

ᠡᠷᠭᠢᠮ ᠶᠤᠰᠤᠨ ᠤ ᠪᠠᠯᠡᠭ᠌ ᠰᠠᠯᠳᠠ

ᠡᠨᠡ ᠪᠦᠭᠦᠨ ᠶᠢᠡᠨ ᠡᠷᠭᠦᠨ ᠳᠡᠪᠰᠢᠭᠦᠯᠵᠤ

ᠳᠠᠭᠢᠳᠤ ᠦᠷ᠎ᠡ ᠶᠢᠨ ᠳᠠᠯᠤ ᠡᠴᠡ ᠳᠠᠳᠠᠵᠤ

ᠥᠷᠪᠦᠭᠡᠳᠤ ᠦᠷ᠎ᠡ ᠶᠢᠨ ᠦᠯᠮᠡᠢ ᠡᠴᠡ ᠲᠦᠰᠢᠵᠤ

ᠠᠰᠢᠳᠠ ᠮᠥᠩᠭᠡ ᠠᠮᠤᠷ ᠠᠮᠤᠭᠤᠯᠠᠩ ᠪᠣᠯᠬᠤ ᠶᠢᠨ

ᠠᠷᠢᠭᠤᠨ ᠢᠷᠦᠭᠡᠯ ᠢ ᠳᠡᠪᠰᠢᠭᠦᠯᠤᠨ ᠮᠥᠷᠭᠦᠨᠡᠮ


ᠵᠤᠬᠢᠶᠠᠭᠴᠢ ᠶᠢᠨ ᠬᠠᠶ‍ᠢᠭ ᠄ ᠪᠠᠶᠠᠠᠨᠠᠭᠤᠷ ᠬᠤᠳᠠ ᠶᠢᠨ ᠣᠷᠠᠤᠨ ᠤᠨ ᠬᠣᠢ᠌ᠳᠤ ᠬᠤᠰᠢᠭᠤᠨ ᠤ ᠮᠤᠩᠭ᠋ᠤᠯ ᠳᠤᠮᠳᠠᠳᠤ ᠰᠤᠷᠭᠠᠭᠤᠯᠢ

ᠵᠤᠬᠢᠶᠠᠭᠴᠢ᠄ ᠨᠠᠰᠤᠠᠪᠠᠭᠠᠳᠤᠷ ᠡᠮᠭᠡᠳᠭᠡᠪᠡ
ᠬᠠᠷᠢᠶ᠎ᠠ᠄ ᠵᠠᠩ ᠤᠢ᠌ᠯᠠ
ᠳᠠᠷᠤᠮ᠄ 4500
ᠴᠠᠭ᠄ 2010 ᠤᠨ ᠤ 02 ᠰᠠᠷ᠎ᠠ ᠶᠢᠨ 03