ᠴᠢᠨᠤ ᠳᠡᠷᠭᠡᠳᠡ

ᠴᠡᠭ᠍ᠴᠡᠦᠭᠡᠢ ᠵᠢᠷᠭᠢᠭᠦᠢ

ᠴᠢᠨᠤ ᠳᠡᠷᠭᠡᠳᠡ ᠴᠡᠴᠡᠭ᠌ ᠪᠣᠯᠤᠨ ᠣᠷᠭᠤᠬᠤᠢ

ᠴᠡᠩᠭᠡᠯ ᠪᠠᠶᠠᠷ ᠬᠤᠤᠰᠯᠠᠬᠤᠢ

ᠴᠢᠨᠤ ᠳᠡᠷᠭᠡᠳᠡ ᠣᠶᠠᠷᠠᠬᠤᠢ

ᠴᠢᠠᠳᠠᠮᠤᠨᠢ ᠡᠷᠳᠡᠨᠢ ᠶᠢᠨ ᠵᠡᠭᠦᠯᠳᠡ

ᠴᠢᠨᠤ ᠴᠢᠷᠠᠢ ᠶᠢ ᠴᠢᠮᠠᠵᠤ

ᠴᠡᠩᠭᠡᠷ ᠳᠤᠷᠭᠠᠨ ᠣᠷᠢᠶᠠᠯᠳᠠ

ᠦᠰᠦᠨ ᠢ ᠭᠤᠶᠤᠵᠤ ᠁   

ᠪᠣᠳᠤᠪᠠᠯ ᠬᠠᠢ᠌ᠷ᠎ᠠ ᠶᠢᠨ ᠰᠠᠷᠨᠠᠢ ᠶᠢ ᠪᠣᠷᠬᠠᠨ ᠡᠴᠡ ᠭᠤᠶᠤᠵᠤ

ᠪᠣᠷᠤ ᠭᠦᠤ ᠳᠤ ᠬᠠᠨᠢ ᠭᠡᠵᠤ ᠦᠭ‍ᠭᠦᠭ᠍ᠰᠡᠨ ᠪᠢᠯᠢᠤ᠂

ᠪᠦᠤᠪᠠᠢ᠌ᠯᠠᠵᠤ ᠨᠠᠠᠳᠢᠩᠨᠠᠬᠤ ᠠᠵᠠ ᠵᠢᠷᠭᠠᠯ ᠳ᠋ᠤ

ᠪᠣᠯᠭᠢᠯᠠᠬᠤ ᠵᠢᠷᠦᠭᠡᠨ᠎ᠡ ᠨᠢᠭᠤᠭᠳᠠᠭᠰᠠᠨ ᠪᠣᠯᠵᠤ

ᠬᠠᠯᠠᠭᠤᠬᠠᠨ ᠪᠦᠯᠢᠶᠡᠭᠡᠨ ᠲ᠋ᠦᠯᠡᠭᠠᠬᠠᠨ

ᠬᠠᠮᠳᠤ ᠶᠢᠨ ᠵᠠᠶᠠᠭ᠎ᠠ ᠳᠡᠯᠭᠡᠷᠡᠭᠦᠢ  ᠪᠠᠰᠡ ᠮᠥᠩᠭᠡᠷᠡᠭᠦᠢ

ᠪᠣᠠᠳᠤᠭᠤᠷ ᠬᠠᠴᠠᠷ ᠶᠢᠡᠨ ᠦᠭ‍ᠭᠦ ᠳ᠋ᠤ

ᠥᠨᠦᠰᠭᠦᠢ ᠪᠠᠰᠠ ᠥᠨᠡᠷᠯᠡᠭᠦᠢ ᠦᠷᠭᠦᠯᠵᠢ

ᠦᠳᠡᠯᠳᠠᠯ᠎ᠠ ᠪᠠᠨ ᠬᠠᠮᠳᠤ ᠰᠢᠤ ᠭᠡᠮᠡᠨ

ᠡᠪᠦᠷ ᠤᠨ ᠮᠢᠨᠢ ᠰᠠᠯᠭᠢ ᠶᠢ ᠪᠦᠭᠡᠴᠡᠢ᠌ᠯᠡᠵᠤ

ᠡᠷ᠎ᠡ ᠭᠦᠮᠤᠨ ᠤ ᠳᠡᠭ᠍ᠷᠢ ᠶᠢ ᠰᠠᠷᠨᠠᠢ ᠪᠠᠷ ᠴᠢᠮᠠᠵᠠᠢ᠂


ᠴᠢᠨᠤ ᠳᠡᠷᠭᠡᠳᠡ

ᠴᠡᠭ᠍ᠴᠦᠭᠡᠢ ᠵᠢᠷᠭᠢᠭᠦᠢ

ᠴᠡᠩᠭᠡᠯ ᠪᠠᠶᠠᠷ ᠤᠨ ᠬᠤᠷᠸ᠎ᠠ

ᠨᠢᠯᠪᠣᠰᠤᠨ ᠳᠤᠰᠤᠯ ᠶᠢᠡᠷ ᠣᠶᠠᠷᠠᠬᠤᠢ

ᠴᠢᠩ ᠵᠤᠷᠢᠭ ᠢ ᠪᠠᠷᠢᠵᠤ ᠴᠢᠯᠠᠭᠤ ᠴᠤ ᠭᠡᠮᠡᠨ᠎ᠡ

ᠡᠷᠭᠡᠯᠡᠵᠤ ᠥᠯᠡᠳᠡᠭᠦᠢ ᠁   

ᠴᠢᠨᠤ ᠳᠡᠷᠭᠡᠳᠡ

ᠪᠢ ᠬᠤᠷᠭᠤᠳᠠᠵᠠᠢ︕

ᠵᠤᠬᠢᠶᠠᠭᠴᠢ᠄ ᠬᠠᠷᠠᠨᠤᠳ ᠳᠦᠷᠤ ᠵᠠᠶᠠᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1646
ᠴᠠᠭ᠄ 2011 ᠤᠨ ᠤ 03 ᠰᠠᠷ᠎ᠠ ᠶᠢᠨ 11
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ