ᠥᠭᠡᠷ ᠳᠡᠷᠭᠡ ᠪᠠ ᠡᠵᠢ

- ᠠᠷᠭᠠᠯ ᠤᠨ ᠳᠡᠷᠭᠡᠨ ᠳᠤ ᠳᠠᠬᠤᠨ ᠳᠤ ᠪᠣᠭᠤᠵᠤ ᠨᠠᠮᠢ᠋ᠢ ᠰᠠᠭᠤᠯᠭᠠᠭᠠᠤᠨ

ᠠᠷᠠᠤᠨ ᠤᠨ ᠰᠤᠷᠭᠠᠭᠤᠯᠢ ᠳᠤ ᠭᠦᠷᠭᠡᠵᠤ ᠦᠭ‍ᠭᠦ ᠪᠠᠷ ᠰᠦᠨᠢᠵᠢᠨ ᠠᠶᠠᠯᠠᠬᠤ ᠳᠤ ᠪᠠᠨ

ᠠᠢ ᠭᠦᠭᠡᠷᠦᠭᠦᠢ᠂ ᠡᠵᠢ ᠶᠢᠨ ᠮᠢᠨᠢ ᠰᠡᠳᠭᠢᠯ ᠳᠤ ᠶᠠᠭᠤ ᠪᠣᠳᠤᠭᠳᠠᠪᠠ

ᠠᠯᠤᠰ ᠡᠴᠡ ᠮᠠᠩᠬᠠᠢ᠌ᠬᠤ ᠥᠤᠷ ᠤᠨ ᠭᠡᠭᠡ ᠰᠢᠭ᠌ ᠴᠠᠢ᠌ᠵᠤ ᠪᠠᠢ᠌ᠪᠠ ᠦᠦ

(ᠠᠷᠳᠠᠢ ᠶᠢᠨ ᠰᠢᠯᠦᠭ᠌ ᠡᠴᠡ)


ᠠᠢ᠌ᠰᠤᠢ ᠭᠡᠭᠦ ᠳᠤ ᠬᠠᠢ᠌ᠵᠢᠭᠢᠨᠠᠭᠰᠠᠨ ᠮᠦᠷ ᠨᠢ

ᠵᠠᠭᠤᠨ ᠤ ᠳᠠᠪᠠᠭᠠᠨ ᠳᠤ ᠴᠠᠷᠴᠠᠵᠠᠢ

ᠠᠭᠢᠵᠤ ᠢᠷᠡᠭᠦ ᠦᠭᠡᠶ ᠭᠡᠭᠦ ᠳᠤ ᠭᠢᠬᠤᠨᠠᠬᠤ ᠳᠠᠭᠤ ᠨᠢ

ᠰᠡᠳᠭᠢᠯ ᠳᠤ ᠮᠦᠨ ᠯᠠ ᠴᠤᠤᠷᠢᠶᠠᠯᠠᠭᠰᠠᠭᠠᠷ

ᠬᠤᠶᠠᠷ ᠭᠦᠷᠳᠤ ᠨᠢ ᠳᠠᠰᠤ ᠨᠢᠭᠤᠴᠠ

ᠡᠯᠡᠰᠤᠨ ᠳᠤ ᠭᠡᠳᠥᠢᠨ ᠳᠠᠷᠤᠭᠳᠠᠵᠠᠢ

ᠬᠤᠶᠠᠷ ᠡᠪᠠᠷ ᠨᠢ ᠳᠠᠯ᠎ᠠ ᠶᠢᠨ ᠣᠷᠭᠢᠯ

ᠰᠢᠭᠤᠷᠭᠠᠨ ᠳᠤ ᠮᠦᠨ ᠯᠠ ᠰᠡᠭᠦᠢᠭ᠍ᠰᠡᠭᠡᠷ

ᠥᠩᠭᠡᠷᠡᠭᠦ ᠴᠠᠭ ᠤᠨ ᠡᠷᠭᠡ ᠪᠠᠷ

ᠡᠵᠢ ᠪᠣᠭᠤᠷᠤᠯᠳᠤᠯ᠎ᠠ ᠴᠤ

ᠥᠤᠷ ᠤᠨ ᠴᠡᠩᠭᠡᠷ ᠭᠦᠳᠦᠯ ᠳᠡᠭᠡᠷ᠎ᠡ ᠡᠴᠡ

ᠭᠦᠤ ᠪᠠᠨ ᠮᠦᠨ ᠯᠠ ᠰᠠᠷᠠᠪᠴᠢᠯᠠᠭᠰᠠᠭᠠᠷ

ᠣᠢ᠌ᠯᠠᠰ ᠮᠦᠷᠳᠠᠯ ᠤᠨ ᠡᠷᠭᠡ ᠪᠠᠷ

ᠭᠦᠤ ᠬᠤᠯᠠᠳᠠᠯ᠎ᠠ ᠴᠤ

ᠥᠢᠮᠡᠭᠡᠡᠳᠤ ᠬᠤᠳᠠ ᠶᠢᠨ ᠳᠠᠪᠵᠢᠶᠠᠨ ᠳᠤᠮᠳᠠᠭᠤᠷ

ᠭᠦᠳᠡᠭᠡ ᠪᠠᠨ ᠮᠦᠨ ᠯᠠ ᠵᠤᠷᠢᠭᠰᠠᠭᠠᠷ

ᠵᠤᠬᠢᠶᠠᠭᠴᠢ᠄ ᠳ᠋·ᠲᠦᠮᠡᠠᠰᠠᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠳᠠᠷᠤᠮ᠄ 2146
ᠴᠠᠭ᠄ 2009 ᠤᠨ ᠤ 01 ᠰᠠᠷ᠎ᠠ ᠶᠢᠨ 18
ᠪᠢᠴᠢᠭ᠍‍ᠯᠡᠭᠴᠢ᠄ ᠪᠦᠬᠡᠡᠷᠳᠡᠨᠢ
ᠨᠠᠢ᠌ᠷᠠᠭᠤᠯᠤᠭᠴᠢ᠄ ᠪᠦᠬᠡᠡᠷᠳᠡᠨᠢ
ᠲᠤᠰ ᠵᠤᠬᠢᠶᠠᠯ ᠢ ᠪᠦᠷᠭᠡ ᠳᠡᠭᠡᠨ ᠬᠠᠳᠠᠭᠠᠯᠠᠬᠤ
ᠰᠢᠭᠦᠮᠵᠢ ᠪᠢᠴᠢᠬᠦ
ᠨᠡᠪᠲᠡᠷᠡᠨ ᠤᠷᠤᠭᠠᠷᠠᠢ᠃
ᠨᠡᠪᠲᠡᠷᠡᠨ ᠤᠷᠤᠪᠠᠯ ᠰᠠᠶ‍ᠢ ᠰᠢᠭᠦᠮᠵᠢ ᠪᠢᠴᠢᠵᠦ ᠳᠡᠢ᠌ᠯᠦᠨ᠎ᠡ᠃

ᠪᠠᠢ᠌ᠷᠢ᠄ ᠮᠤᠩᠭ᠋ᠤᠯ ᠬᠡᠪ ᠰᠢᠯᠦᠭ - ᠥᠭᠡᠷ ᠳᠡᠷᠭᠡ ᠪᠠ ᠡᠵᠢ