ᠵᠢᠷᠦᠭᠡᠨ ᠠᠭᠤᠯᠠ

ᠳᠠᠯ᠎ᠠ ᠶᠢᠨ ᠳᠤᠮᠳᠠ ᠵᠢᠷᠦᠭᠡ ᠰᠢᠭ᠌ ᠣᠷᠭᠤᠭᠰᠠᠨ ᠡᠴᠡ

ᠲᠦᠮᠡᠨ ᠤ ᠳᠤᠮᠳᠠ ᠵᠢᠷᠦᠭᠡᠨ ᠠᠭᠤᠯᠠ ᠭᠡᠵᠤ ᠠᠯᠳᠠᠷᠰᠢᠭᠰᠠᠨ ᠶᠤᠮ

ᠳᠠᠪᠴᠢᠶᠠᠷᠢ ᠴᠢᠩᠭ᠋᠎ᠠ ᠮᠤᠩᠭ᠋ᠤᠯ ᠦᠷᠠᠰ ᠲᠡᠶ ᠪᠣᠯᠬᠤᠷ ᠶᠢᠡᠨ

ᠳᠢᠪ ᠤᠨ ᠳᠤᠮᠳᠠ ᠵᠢᠷᠦᠭᠡ ᠪᠣᠯᠵᠤ ᠰᠥᠡᠳᠡᠷᠯᠡᠭ᠍ᠰᠡᠨ ᠶᠤᠮ

    ᠵᠢᠷᠦᠭᠡᠨ ᠠᠭᠤᠯᠠ ᠡ

    ᠵᠤᠷᠢᠭ ᠡᠷᠴᠢᠯᠡᠭᠦᠯᠳᠡᠭ᠌ ᠰᠠᠭᠢᠭᠤᠰᠤ ᠶᠤᠮ ᠡ

ᠵᠦᠰᠤᠵᠤ ᠭᠠᠷᠤᠭᠰᠠᠨ ᠵᠠᠮ ᠳᠠᠨ ᠤ ᠬᠤᠷᠮᠤᠢ ᠶᠢ ᠡᠮᠵᠢᠶᠡᠷᠢᠯᠡᠨ᠎ᠡ

ᠵᠦᠳᠠᠷᠠᠵᠤ ᠢᠷᠡᠭ᠍ᠰᠡᠨ ᠭᠦᠮᠤᠨ ᠠᠷᠠᠤᠨ ᠳᠠᠨ ᠤ ᠪᠠᠷ᠎ᠠ ᠶᠢ ᠭᠠᠢ᠌ᠬᠠᠨ᠎ᠠ

ᠳᠡᠭ᠍ᠷᠢ ᠪᠠᠭᠠᠨᠠᠳᠠᠭᠰᠠᠨ ᠣᠷᠭᠢᠯ ᠪᠠᠢ᠌ᠬᠤ ᠦᠭᠡᠶ ᠴᠤ

ᠳᠢᠪ ᠤᠨ ᠳᠤᠮᠳᠠ ᠵᠢᠷᠦᠭᠡ ᠭᠡᠮᠡᠷ ᠪᠣᠰᠴᠤ ᠵᠤᠭᠰᠤᠨ᠎ᠠ

    ᠵᠢᠷᠦᠭᠡᠨ ᠠᠭᠤᠯᠠ ᠡ

    ᠵᠤᠷᠢᠭ ᠡᠷᠴᠢᠯᠡᠭᠦᠯᠳᠡᠭ᠌ ᠰᠠᠭᠢᠭᠤᠰᠤ ᠶᠤᠮ ᠡ

ᠳᠠᠢ᠌ᠴᠢᠨ ᠨᠠᠭᠤᠷ ᠤᠨ ᠣᠰᠤ ᠨᠢ ᠳᠠᠨ ᠤ ᠳᠦᠷᠢ ᠶᠢ ᠳᠤᠯᠢᠳᠠᠨ᠎ᠠ

ᠳᠠᠮᠢᠷᠳᠠᠵᠤ ᠢᠷᠡᠭ᠍ᠰᠡᠨ ᠠᠮᠢ ᠭᠤᠤᠯᠳᠠᠨ ᠣᠮᠳᠠ ᠥᠵᠡᠭᠡᠳ ᠪᠠᠶᠠᠰᠤᠨ᠎ᠠ

ᠳᠡᠦᠭᠡᠨ ᠳᠤ ᠳᠡᠮᠳᠡᠭᠯᠡᠭ᠍ᠳᠡᠭ᠍ᠰᠡᠨ ᠰᠠᠷᠢᠳᠠᠭ ᠦᠭᠡᠶ ᠪᠣᠯᠪᠠᠴᠤ

ᠳᠢᠪ ᠤᠨ ᠳᠤᠮᠳᠠ ᠵᠢᠷᠦᠭᠡ ᠪᠣᠯᠵᠤ ᠳᠠᠮᠠᠭᠠᠯᠠᠨ᠎ᠠ  

    ᠵᠢᠷᠦᠭᠡᠨ ᠠᠭᠤᠯᠠ ᠡ

    ᠵᠤᠷᠢᠭ ᠡᠷᠴᠢᠯᠡᠭᠦᠯᠳᠡᠭ᠌ ᠰᠠᠭᠢᠭᠤᠰᠤ ᠶᠤᠮ ᠡ

ᠪᠠᠳᠤᠴᠠᠭᠠᠨ ᠮᠤᠳᠤ ᠨᠢ ᠪᠠᠩᠵᠠᠯ ᠪᠣᠯᠵᠤ ᠰᠤᠯᠤᠩᠭ᠋ᠠᠷᠠᠨ᠎ᠠ

ᠪᠠᠬᠠᠷᠴᠤ ᠢᠷᠡᠭ᠍ᠰᠡᠨ ᠵᠢᠭᠤᠯᠴᠢᠳ ᠪᠣᠴᠠᠬᠤ ᠵᠠᠮ ᠶᠢᠡᠨ ᠮᠠᠷᠳᠠᠨ᠎ᠠ

ᠪᠣᠭᠤᠷᠤᠯ ᠳᠡᠦᠭᠡᠨ ᠳᠤ ᠴᠠᠳᠢᠭ ᠦᠭᠡᠶ ᠪᠣᠯᠪᠠᠴᠤ

ᠪᠣᠷᠵᠢᠭᠢᠨ ᠲᠦᠰᠢᠶᠠᠳᠤᠴᠤᠳ ᠤᠨ ᠦᠨᠢ ᠮᠥᠩᠭᠡ ᠶᠢᠨ ᠵᠢᠷᠦᠭᠡ  

     ᠵᠢᠷᠦᠭᠡᠨ ᠠᠭᠤᠯᠠ ᠡ

     ᠵᠤᠷᠢᠭ ᠡᠷᠴᠢᠯᠡᠭᠦᠯᠳᠡᠭ᠌ ᠰᠠᠭᠢᠭᠤᠰᠤ ᠶᠤᠮ ᠡ


ᠵᠤᠬᠢᠶᠠᠭᠴᠢ ᠶᠢᠨ ᠬᠠ‍‌ᠶᠢᠭ ᠄ ᠲᠦᠰᠢᠶᠠᠳᠤ

ᠵᠤᠬᠢᠶᠠᠭᠴᠢ᠄ ᠣᠷᠭᠢᠯᠤᠮ᠎ᠠ
ᠬᠠᠷᠢᠶ᠎ᠠ᠄ ᠰᠢᠯᠦᠭ
ᠳᠠᠷᠤᠮ᠄ 1811
ᠴᠠᠭ᠄ 2011 ᠤᠨ ᠤ 01 ᠰᠠᠷ᠎ᠠ ᠶᠢᠨ 12