ᠪᠣᠳᠤᠯ ᠤᠨ ᠡᠮᠵᠡᠭᠯᠡᠯ

ᠰᠠᠷᠠᠨ ᠭᠡᠯᠳᠡᠭᠡᠢ

ᠳᠡᠭ᠍ᠷᠢ ᠭᠡᠢ᠌ᠪᠠᠩᠳᠦᠨ᠎ᠡ

ᠰᠠᠨᠠᠭ᠎ᠠ ᠰᠡᠮᠡᠷᠭᠡᠢ

ᠪᠣᠳᠤᠯ ᠰᠢᠷᠢᠯᠳᠤᠨ᠎ᠠ ᠁᠁


ᠲ᠋ᠠᠷᠠ ᠨᠠᠮᠤᠷ

ᠳᠡᠷᠭᠡᠯ ᠰᠠᠷᠠᠨ ᠳᠤ

ᠳᠤᠷᠠᠯᠠᠯ ᠤᠨ ᠠᠩᠬᠠᠨ ᠤ ᠰᠢᠪᠠᠨᠡᠭᠡ

ᠳᠤᠮᠤᠭ ᠤᠨ ᠪᠦᠷᠦᠢ ᠳᠤ

ᠬᠠᠢ᠌ᠷ᠎ᠠ ᠪᠠᠷ ᠨᠢᠯᠬᠠᠷᠠᠵᠤ ᠪᠠᠢ᠌ᠭᠰᠠᠨ

ᠳᠠᠷᠠ ᠨᠠᠮᠤᠷ

ᠳᠤᠷᠠᠯᠠᠯ ᠤᠨ ᠳᠤᠬᠠᠢ

ᠦᠨᠡᠨ ᠤ ᠦᠯᠢᠭᠡᠷ

ᠳᠤᠤᠯᠢ ᠶᠢᠨ ᠠᠷᠤᠤᠬᠠᠨ ᠮᠤᠲ᠋ᠢᠹ ᠲᠡᠶ ᠪᠠᠨ

ᠵᠢᠷᠭᠠᠯ ᠶᠢᠡᠷ ᠪᠦᠵᠢᠵᠤ ᠪᠠᠢ᠌ᠭᠰᠠᠨ ᠁᠁


ᠲ᠋ᠠᠷᠠ ᠨᠠᠮᠤᠷ

ᠳᠡᠭᠡᠭᠡᠳ ᠯᠠ ᠥᠩᠭᠡᠷᠡᠭ᠍ᠰᠡᠨ᠂

ᠪᠣᠳᠤᠬᠤ ᠳᠤ

ᠵᠢᠷᠦᠭᠡᠨ ᠳᠤᠯᠳᠤ ᠳᠤ

ᠪᠣᠷᠬᠠᠨ ᠢ ᠠᠳᠠᠭᠠᠷᠠᠭᠤᠯᠤᠮᠠᠷ

ᠢᠨᠠᠭ ᠪᠠᠢ᠌ᠭᠰᠠᠨ᠃

ᠳᠠᠷᠠ ᠨᠠᠮᠤᠷ

ᠳᠡᠭᠡᠭᠡᠳ ᠯᠠ ᠥᠩᠭᠡᠷᠡᠭ᠍ᠰᠡᠨ᠂

ᠳᠠᠷᠠ ᠬᠤᠯᠠ ᠶᠢᠨ ᠵᠡᠭᠦᠳᠤ ᠪᠣᠯᠵᠤ

ᠮᠦᠷᠦᠭᠡᠳᠦᠯ ᠤᠨ ᠳᠤᠮᠳᠠ

ᠪᠦᠷᠳᠥᠢᠭᠦ ᠪᠣᠯᠤᠭᠰᠠᠨ᠃

ᠵᠡᠭᠦᠳᠤᠨ ᠳᠡᠭᠡᠨ ᠴᠤ

ᠬᠠᠷᠠᠮᠨᠠᠳᠠᠭ ᠪᠠᠢ᠌ᠭᠰᠠᠨ

ᠵᠢᠷᠦᠭᠡᠨ ᠳᠡᠭᠡᠨ

ᠮᠥᠩᠭᠡᠷᠡᠭᠦᠯᠦᠮ ᠪᠠᠢ᠌ᠭᠰᠠᠨ

ᠪᠣᠳᠠᠩ ᠲᠡᠶ ᠬᠤᠷᠸ᠎ᠠ ᠶᠢ

ᠪᠣᠰᠤᠭ᠎ᠠ ᠳᠤᠭᠤᠯᠤᠮᠠᠷ

ᠪᠣᠭᠤᠷᠤᠯ ᠪᠣᠯᠳᠠᠯ᠎ᠠ

ᠵᠢᠷᠭᠠᠵᠤ ᠰᠠᠭᠤᠮᠠᠷ

ᠬᠠᠢ᠌ᠷ᠎ᠠ ᠪᠠᠷ ᠭᠦᠪᠦᠷᠡᠵᠤ

ᠬᠠᠯᠭᠢᠶᠠᠨ ᠶᠢᠡᠷ ᠰᠡᠮᠡᠷᠡᠭ᠍ᠰᠡᠨ

ᠬᠠᠢ᠌ᠷᠠᠳᠤ ᠶᠢᠨ ᠮᠢᠨᠢ ᠬᠠᠢ᠌ᠷ᠎ᠠ

ᠬᠠᠢ᠌ᠷ᠎ᠠ ᠶᠢᠨ ᠮᠢᠨᠢ ᠳᠦᠭᠡᠷᠭᠡ

ᠰᠠᠷᠠᠨ ᠬᠠᠪᠢᠷᠭᠠᠯᠠᠬᠤ ᠪᠠᠷ

ᠰᠠᠯᠭᠢᠨ ᠰᠢᠪᠳᠠᠭᠤᠯᠬᠤ ᠪᠠᠷ

ᠳᠤᠷᠭᠤᠨ ᠨᠠᠢ᠌ᠷᠠᠭᠰᠠᠨ

ᠢᠨᠠᠭ ᠤᠨ ᠳᠤᠤᠯᠢᠰ ᠲᠤ ᠮᠢᠨᠢ

ᠳᠤᠭᠤᠯᠠᠩ ᠨᠢᠯᠪᠣᠰᠤ ᠲᠡᠶ

ᠬᠠᠶ‍ᠢᠭ ᠶᠢᠡᠨ ᠦᠯᠡᠳᠡᠭᠡᠭ᠍ᠰᠡᠨ ᠶᠤᠮ ᠡ ︕

ᠳᠠᠷᠠ ᠨᠠᠮᠤᠷ ᠁᠁


ᠰᠠᠷᠠᠨ ᠰᠡᠮᠡᠷᠡᠭᠡᠳ

ᠳᠡᠭ᠍ᠷᠢ ᠭᠡᠢ᠌ᠪᠠᠩᠳᠦᠨ᠎ᠡ

ᠰᠠᠨᠠᠭ᠎ᠠ ᠭᠡᠮᠦᠷᠡᠭᠡᠳ

ᠪᠣᠳᠤᠯ ᠡᠮᠵᠡᠭᠯᠡᠨ᠎ᠡ ᠁᠁


2010 ᠣᠨ ᠤ 7ᠰᠠᠷ᠎ᠠ ᠶᠢᠨ 2


ᠵᠤᠬᠢᠶᠠᠭᠴᠢ ᠶᠢᠨ ᠬᠠᠶ‍ᠢᠭ᠄ ᠵᠠᠷᠤᠳ ᠬᠤᠰᠢᠭᠤ ᠭᠠᠬᠠᠢ᠌ᠳᠤ ᠰᠤᠷᠭᠠᠭᠤᠯᠢ

ᠵᠤᠬᠢᠶᠠᠭᠴᠢ᠄ ᠶ‍ᠢᠨ ᠯᠦᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠳᠠᠷᠤᠮ᠄ 1422
ᠴᠠᠭ᠄ 2010 ᠤᠨ ᠤ 07 ᠰᠠᠷ᠎ᠠ ᠶᠢᠨ 02
ᠪᠢᠴᠢᠭ᠍‍ᠯᠡᠭᠴᠢ᠄ ᠪᠦᠬᠡᠡᠷᠳᠡᠨᠢ
ᠨᠠᠢ᠌ᠷᠠᠭᠤᠯᠤᠭᠴᠢ᠄ ᠪᠦᠬᠡᠡᠷᠳᠡᠨᠢ