ᠢᠠᠵᠠᠠᠨᠠᠰᠢ ᠶᠢᠨ 《ᠴᠠᠭᠠᠨ ᠡᠭᠦᠯᠡ》 ᠶ᠋ᠢ ᠰᠤᠨᠢᠷᠬᠠᠭᠠᠤᠨ

ᠵᠢᠮᠢᠰ ᠪᠣᠯ ᠳᠡᠭ᠍ᠷᠢ ᠶᠢᠨ ᠬᠠᠢ᠌ᠷ᠎ᠠ ᠪᠢᠯᠠ

ᠠᠩᠭᠢᠯᠵᠤ ᠴᠢᠳᠠᠭᠰᠠᠨ ᠦᠨᠦᠷ ᠢ ᠨᠢ ᠳᠠᠭᠠᠵᠤ

ᠡᠷᠪᠠᠭᠡᠢ ᠳᠠᠨᠤᠵᠤ ᠴᠡᠩᠭᠡᠷᠯᠡᠨ᠎ᠡ


ᠦᠨᠳᠦᠰᠦ ᠪᠣᠯ ᠳᠦᠭᠡᠷᠢᠭᠦ ᠶᠢᠨ ᠠᠷᠭ᠎ᠠ ᠦᠭᠡᠶ ᠡᠷᠭᠡ ᠴᠢᠯᠦᠭᠡ

ᠭᠡᠨ ᠤ ᠪᠣᠳᠤᠯ ᠳᠤ ᠴᠠᠭᠠᠨ ᠡᠭᠦᠯᠡ ᠡᠳᠦᠷᠵᠢᠨ ᠬᠤᠷᠠᠰᠢᠨ᠎ᠠ

ᠬᠠᠢ᠌ᠷ᠎ᠠ ᠶᠢᠨ ᠭᠡᠢ ᠭᠦᠰᠡᠯ ᠳᠤ ᠪᠠᠨ ᠠᠪᠳᠠᠵᠤ

ᠬᠤᠨ ᠴᠠᠭᠠᠨ ᠡᠭᠦᠯᠡ ᠳᠠᠯᠠᠢ ᠵᠥᠭ᠌ ᠮᠦᠷᠭᠦᠨ᠎ᠡ


ᠰᠠᠷᠠᠨ ᠤ ᠰᠠᠯᠪᠠᠷᠠᠭᠰᠠᠨ ᠴᠠᠭᠠᠴᠢᠨ ᠪᠣᠯᠬᠤᠷ

ᠳᠠᠷᠠ ᠦᠶ᠎ᠡ ᠶᠢᠨ ᠨᠠᠷᠠ ᠳᠡᠭ᠍ᠷᠢ ᠶᠢᠨ ᠰᠠᠯᠭᠢᠨ ᠳᠤ ᠪᠣᠭᠳᠤᠯᠤᠯ᠎ᠠ


ᠴᠠᠭᠠᠨ ᠡᠭᠦᠯᠡ ᠦᠪᠡᠷ ᠤᠨ ᠡᠷᠭᠡ ᠦᠭᠡᠶ ᠬᠤᠷᠰᠢᠬᠤ ᠭᠡᠵᠤ

ᠳᠡᠭ᠍ᠷᠢ ᠶᠢᠨ ᠬᠤᠷᠮᠤᠢ ᠵᠢᠭᠤᠷᠠᠵᠤ ᠰᠦᠨᠠᠰᠤᠨ ᠤ ᠡᠷᠢᠯ ᠳᠤ ᠪᠠᠨ ᠴᠥᠭᠦᠷᠡᠵᠤ ᠵᠠᠮᠠᠭᠷᠠᠨ᠎ᠠ



ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠤ ᠳᠤᠮᠳᠠᠳᠤ ᠬᠤᠰᠢᠭᠤ

ᠵᠤᠬᠢᠶᠠᠭᠴᠢ᠄ ᠡᠷᠳᠡᠨᠢᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1057
ᠴᠠᠭ᠄ 2015 ᠤᠨ ᠤ 03 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁