ᠳᠤᠷᠠᠯᠠᠯ

ᠳᠤᠷᠠᠯᠠᠯ ᠶᠢᠡᠨ ᠳᠠ

ᠳᠤᠷᠠᠯᠠᠭᠰᠠᠨ ᠪᠣᠯᠭᠠᠨ ᠳᠤ

ᠪᠣᠤ ᠥᠭ᠌

ᠳᠤᠷ᠎ᠠ ᠬᠠᠢ᠌ᠷ᠎ᠠ ᠶᠢ ᠴᠢᠨᠢ ᠪᠣᠯᠢᠶᠠᠮ᠎ᠠ

ᠰᠠᠢ᠌ᠷᠬᠠᠭᠰᠠᠨ ᠪᠣᠯᠭᠠᠨ ᠳᠤ

ᠪᠣᠤ ᠯᠠ ᠥᠭ᠌

ᠨᠠᠷᠠᠰᠤ ᠰᠢᠭ ᠳᠤᠷᠠᠯᠠᠯ ᠶᠢᠡᠨ

ᠬᠠᠳᠠ ᠰᠢᠭ

ᠳᠦᠰᠢᠭ᠌ ᠲᠡᠭᠡᠨ ᠯᠠ ᠥᠭ᠌


ᠳᠤᠷᠠᠯᠠᠯ ᠶᠢᠡᠨ ᠳᠠ

ᠬᠠᠩᠰᠢ ᠦᠨ᠎ᠡ

ᠪᠣᠤ ᠬᠠᠶᠠᠯᠴᠠ

ᠬᠤᠳᠠᠯᠳᠤᠭ᠎ᠠ ᠮᠠᠢ᠌ᠮᠠᠢ

ᠪᠣᠤ ᠪᠣᠯᠭ᠎ᠠ

ᠬᠠᠩᠰᠢᠯᠠᠵᠤ ᠦᠯᠦ ᠳᠡᠢ᠌ᠯᠭᠦ

ᠥᠷᠳᠡᠭ᠌ ᠢ ᠨᠢ

ᠪᠣᠤ ᠯᠠ ᠠᠷᠠᠯᠵᠢ

ᠬᠠᠢ᠌ᠷᠠᠯᠠᠯᠴᠠᠵᠤ ᠢᠳᠡᠭᠡᠯᠴᠡᠭ᠍ᠰᠡᠨ

ᠬᠠᠢ᠌ᠷ᠎ᠠ ᠶᠢᠨ ᠶᠡᠭᠡ

ᠳᠡᠩᠨᠡᠭᠦᠷ ᠶᠢᠡᠷ ᠯᠠ ᠭᠡᠮᠵᠢ


ᠳᠤᠷᠠᠯᠠᠯ ᠶᠢᠡᠨ ᠳᠠ

ᠳᠤᠷᠠᠯᠠᠭᠰᠠᠨ ᠪᠣᠯᠭᠠᠨ ᠳᠤ

ᠪᠣᠤ ᠥᠭ᠌

ᠳᠤᠷ᠎ᠠ ᠬᠠᠢ᠌ᠷ᠎ᠠ ᠶᠢ ᠴᠢᠨᠢ ᠪᠣᠯᠢᠶᠠᠮ᠎ᠠ

ᠰᠠᠢ᠌ᠷᠬᠠᠭᠰᠠᠨ ᠪᠣᠯᠭᠠᠨ ᠳᠤ

ᠪᠣᠤ ᠯᠠ ᠥᠭ᠌

ᠨᠠᠷᠠᠰᠤ ᠰᠢᠭ ᠳᠤᠷᠠᠯᠠᠯ ᠶᠢᠡᠨ

ᠬᠠᠳᠠ ᠰᠢᠭ

ᠳᠦᠰᠢᠭ᠌ ᠲᠡᠭᠡᠨ ᠯᠠ ᠥᠭ᠌ ᠡ᠁


ᠵᠤᠬᠢᠶᠠᠭᠴᠢ ᠶᠢᠨ ᠬᠠᠶ‍ᠢᠭ ᠄ ᠵᠠᠷᠤᠳ ᠬᠤᠰᠢᠭᠤᠨ ᠤ ᠮᠤᠩᠭ᠋ᠤᠯ ᠳᠤᠷᠰᠢᠯᠳᠠ ᠶᠢᠨ ᠪᠠᠭ᠎ᠠ ᠰᠤᠷᠭᠠᠭᠤᠯᠢ

ᠵᠤᠬᠢᠶᠠᠭᠴᠢ᠄ ᠮᠤᠩᠭ᠋ᠤᠯᠰᠤᠶᠤᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2345
ᠴᠠᠭ᠄ 2009 ᠤᠨ ᠤ 12 ᠰᠠᠷ᠎ᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ