ᠴᠢᠩᠭᠢᠰ ᠤᠨ ᠨᠠᠷᠠ

ᠨᠠᠷ᠎ᠠ ᠨᠢ ᠳᠡᠯᠡᠭᠡᠢ ᠴᠡᠴᠡᠷᠡᠭᠦᠯᠵᠤ

ᠨᠢ᠋ᠮᠠᠨ ᠵᠤᠪᠭᠢᠰ ᠲᠤ ᠴᠤᠤᠷᠢᠶᠠᠳᠠᠪᠠ

ᠣᠪᠣᠭ ᠨᠢ ᠣᠯᠠᠨ ᠪᠣᠯᠵᠤ

ᠣᠯᠠᠮ ᠵᠠᠳᠠᠷᠠᠪᠠ

ᠣᠷᠳᠤᠨ ᠨᠢ ᠪᠦᠳᠦᠭᠡᠯ ᠪᠣᠯᠵᠤ

ᠣᠯᠠᠨ ᠳᠠᠭᠠᠨ ᠭᠠᠢ᠌ᠬᠠᠭᠳᠠᠪᠠ

ᠥᠭᠡ ᠨᠢ ᠰᠤᠷᠭᠠᠯ ᠪᠣᠯᠵᠤ

ᠬᠣᠢ᠌ᠴᠢᠰ ᠲᠠᠭᠠᠨ ᠦᠯᠠᠳᠠᠪᠠ

ᠣᠮᠤᠭ ᠨᠢ ᠳᠤᠮᠤᠭ ᠪᠣᠯᠵᠤ

ᠬᠤᠷᠢᠨ ᠨᠢᠭᠡᠳᠦᠭᠡᠷ ᠵᠠᠭᠤᠨ ᠢ ᠰᠤᠴᠢᠭᠠᠪᠠ

ᠦᠪᠡᠷ ᠶᠢᠡᠨ ᠪᠣᠷᠬᠠᠨ ᠪᠣᠯᠵᠤ

ᠬᠤᠷᠮᠤᠰᠳᠠ ᠳᠡᠭ᠍ᠷᠢ ᠳᠡᠭᠡᠨ ᠪᠣᠴᠠᠪᠠ

ᠴᠢᠩᠭᠢᠰ︕

ᠵᠤᠬᠢᠶᠠᠭᠴᠢ᠄ ᠳ᠋·ᠭᠤᠮᠪᠣᠵᠠᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2389
ᠴᠠᠭ᠄ 2008 ᠤᠨ ᠤ 12 ᠰᠠᠷ᠎ᠠ ᠶᠢᠨ 13
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ