ᠲᠤᠰᠤᠨ ᠵᠢᠷᠤᠭ ᠰᠤᠨᠢᠷᠬᠠᠬᠤ ‍ᠭ᠍ᠱᠠᠨ
᠊᠊᠊᠊᠊᠊᠊᠊᠊᠊᠊᠊᠊᠊᠊ ᠯ·ᠣᠳᠤᠨ ᠤ 《ᠭᠡᠭᠡᠷ᠎ᠡ ᠡᠴᠡ ᠳᠡᠭᠦᠭ᠍ᠰᠡᠨ ᠨᠠᠢ᠌ᠷᠠᠭ ᠤᠨ ᠴᠥᠷᠭᠦᠯᠡᠭᠡ》 ᠰᠢᠯᠦᠭ᠌ ᠢ ᠠᠮᠳᠠᠯᠠᠭᠰᠠᠨ ᠳᠠᠳᠠᠯᠭ᠎ᠠ

ᠢᠷᠠᠭᠤ ᠨᠠᠢ᠌ᠷᠠᠭ ᠭᠡᠭ᠍ᠴᠢ ᠳᠤᠰᠤᠨ ᠪᠣᠳᠤᠭ ᠤᠨ ᠵᠢᠷᠤᠭ ᠯᠤᠭ᠎ᠠ ᠡᠭᠡᠭᠡ ᠠᠳᠠᠯᠢᠬᠠᠨ ᠪᠠᠢ᠌ᠳᠠᠭ ᠶᠤᠮ᠃ ᠪᠦᠷᠢᠨ ᠪᠦᠳᠤᠨ ᠢᠷᠠᠭᠤ ᠨᠠᠢ᠌ᠷᠠᠭ ᠪᠣᠯ ᠪᠦᠷᠢᠨ ᠪᠦᠳᠤᠨ ᠳᠤᠰᠤᠨ ᠵᠢᠷᠤᠭ ᠮᠦᠨ᠃ ᠳᠤᠰᠤᠨ ᠵᠢᠷᠤᠭ ᠢ ᠰᠤᠨᠢᠷᠬᠠᠬᠤ ᠵᠤᠯ ᠵᠢᠷᠭᠠᠯ ᠢ ᠢᠷᠠᠭᠤ ᠨᠠᠢ᠌ᠷᠠᠭ ᠤᠨ ᠮᠠᠳᠠᠷᠠᠮᠵᠢ ᠪᠠᠷ ᠣᠯᠵᠤ ᠭᠦᠷᠳᠡᠭᠦ ᠨᠢ ᠬᠠᠷᠠᠭᠠᠨ ᠰᠠᠷᠠᠯ ᠤᠨ ᠬᠠᠵᠠᠭᠤ ᠳᠠᠳᠠᠯᠭᠠᠨ ᠶᠢᠡᠷ ᠪᠣᠳᠤᠭᠯᠠᠨ ᠪᠠᠭᠤᠬᠤ ᠰᠠᠷᠠᠯ ᠤᠨ ᠮᠦᠩᠭᠦᠨ ᠵᠢᠷᠤᠭᠯᠠᠯ ᠶᠤᠮ᠃ ᠨᠢᠭᠡ ᠶᠠᠭᠤᠮ᠎ᠠ ᠶᠢ ᠶᠠᠰᠤᠨ ᠳ᠋ᠤᠨᠢ ᠭᠦᠷᠳᠡᠯ᠎ᠡ ᠳᠠᠨᠢᠵᠤ ᠮᠡᠳᠡᠭᠦ ᠪᠣᠶᠤ ᠡᠰᠡᠭᠦᠯ᠎ᠡ ᠦᠩᠭᠡᠨ ᠳᠠᠯ᠎ᠠ ᠪᠠᠷ ᠨᠢ ᠣᠷᠤᠨ ᠵᠠᠢ ᠣᠯᠵᠤ᠂ ᠳᠤᠳᠤᠭᠰᠢ ᠰᠢᠮᠠᠤᠠᠴᠤ ᠣᠷᠤᠬᠤ ᠪᠠ ᠵᠥᠭ᠌ ᠪᠦᠭᠦᠨ ᠳᠠᠰᠢ ᠣᠤᠯ ᠭᠡᠪ ᠳᠦᠷᠭᠦ ᠪᠠᠷ ᠨᠢ ᠰᠠᠴᠤᠯᠢ ᠪᠠᠷᠢᠬᠤ ᠨᠢ ᠢᠷᠠᠭᠤ ᠨᠠᠢ᠌ᠷᠠᠭᠴᠢ ᠭᠡᠮᠡᠭᠦ ᠤᠶᠠᠩ‍ᠭ᠎ᠠ ᠶᠢᠨ ᠡᠷᠢᠯᠴᠢᠨ ᠤ ᠨᠢᠭᠡ ᠰᠠᠯᠠᠭ᠎ᠠ ᠭᠦᠭᠡᠭᠡᠴᠡᠯᠳᠦᠯ ᠤᠨ ᠠᠮᠢᠰᠬᠤᠯ ᠪᠣᠯᠵᠤ ᠪᠠᠢ᠌ᠳᠠᠭ᠃ ᠢᠷᠠᠭᠤ ᠨᠠᠢ᠌ᠷᠠᠭ ᠭᠡᠳᠡᠭ᠌ ᠡᠨᠡᠭᠦ ᠰᠡᠳᠬᠢᠯᠭᠡ ᠪᠠᠷ ᠠᠮᠢᠯᠠᠭᠰᠠᠨ ᠭᠠᠢ᠌ᠬᠠᠮᠰᠢᠭᠳᠤ ᠣᠷᠠᠯᠢᠭ ᠢ ᠵᠢᠩᠭᠢᠨᠢ ᠣᠢ᠌ᠯᠠᠭᠠᠮᠵᠢᠨ ᠣᠬᠠᠭ᠎ᠠ ᠪᠠᠷ ᠳᠠᠨᠢᠨ ᠠᠪᠬᠤ ᠳᠤ ᠳᠠᠷᠠ ᠨᠢ ᠶᠤᠰᠤᠳᠠᠢ ᠠᠮᠳᠠᠯᠠᠭᠠᠤᠨ ᠬᠠᠨᠤᠰᠢ ᠦᠭᠡᠶ ᠠᠷᠢᠭᠤᠨ ᠳᠡᠵᠢᠭᠡᠯ ᠤᠨ ᠣᠭᠢ ᠰᠢᠮ᠎ᠠ ᠪᠣᠯᠵᠤ᠂ ᠠᠷᠠᠤᠨ ᠲᠦᠮᠡᠨ ᠤ ᠠᠶᠤᠤᠯᠢᠬᠠᠢ ᠳᠤ ᠮᠥᠩᠭᠡᠵᠢᠵᠤ ᠥᠯᠡᠳᠡᠳᠡᠭ᠌ ᠶᠤᠮ᠃ ᠢᠷᠠᠭᠤ ᠨᠠᠢ᠌ᠷᠠᠭ ᠢ ᠰᠤᠨᠢᠷᠬᠠᠬᠤ ᠨᠢ ᠦᠵᠡᠮᠵᠢ ᠰᠤᠨᠢᠷᠬᠠᠬᠤ ᠲᠡᠶ ᠠᠳᠠᠯᠢᠠᠭᠨ ᠬᠠᠷᠠᠭ᠎ᠠ ᠰᠠᠤᠠᠭᠢᠯ ᠢ ᠬᠤᠵᠢᠷᠯᠠᠨ ᠳᠠᠭᠠᠯᠠᠮᠵᠢ ᠪᠦᠭᠦᠢ ᠭᠦᠷᠳᠡᠭᠡᠯ ᠶᠢᠡᠷ ᠰᠠᠨᠠᠭ᠎ᠠ ᠠᠷᠢᠭᠤᠰᠬᠠᠨ ᠴᠡᠪᠠᠷᠰᠢᠭᠦᠯᠳᠡᠭ᠌᠃ ᠢᠷᠠᠭᠤ ᠨᠠᠢ᠌ᠷᠠᠭ ᠳᠤᠳᠤᠷ᠎ᠠ ᠡᠴᠡ ᠣᠯᠵᠤ ᠥᠵᠡᠭᠡ ᠦᠭᠡᠶ ᠶᠠᠭᠤᠮ᠎ᠠ ᠪᠠᠨ ᠣᠯᠵᠤ ᠪᠣᠯᠳᠠᠭ ᠪᠣᠯᠬᠤᠷ ᠢᠷᠠᠭᠤ ᠨᠠᠢ᠌ᠷᠠᠭ ᠪᠣᠯ ᠳᠡᠯᠡᠭᠡᠢ ᠶᠢ ᠪᠦᠷᠭᠦᠭ᠍ᠰᠡᠨ ᠳᠡᠭ᠍ᠷᠢᠯᠢᠭ᠌ ᠶᠡᠭᠡ ᠦᠵᠡᠮᠵᠢ ᠳᠡᠭᠦᠰ ᠣᠷᠠᠯᠢᠭ ᠮᠦᠨ᠃ ᠭᠠᠭᠴᠠ ᠰᠢᠷᠭᠡᠭ᠌ ᠥᠭᠡ ᠪᠠᠷ ᠭᠦᠷᠳᠡᠯ᠎ᠡ ᠭᠠᠯᠪᠠ ᠶᠢ ᠬᠠᠪᠠᠬᠤ ᠪᠣᠯ ᠢᠷᠠᠭᠤ ᠨᠠᠢ᠌ᠷᠠᠭ ᠤᠨ ᠭᠠᠢ᠌ᠬᠠᠮᠰᠢᠭᠳᠤ ᠷᠢᠳᠢ ᠰᠢᠳᠢ᠃

ᠭᠦᠭᠡᠨᠡᠭᠤᠷ ᠮᠤᠵᠢ ᠶᠢᠨ ᠬᠠᠢ᠌ᠰᠢ ᠵᠸᠤ ᠶᠢᠨ ᠴᠠᠢ᠌ᠳᠠᠮ ᠤᠨ ᠰᠤᠨᠢᠨ ᠤ ᠰᠢᠨ᠎ᠡ ᠵᠢᠯ ᠤᠨ ᠠᠮᠢᠳᠤᠷᠠᠯ ᠭᠠᠷᠠᠭ ᠤᠨ ᠭᠡᠪᠯᠡᠯ (2010 ᠣᠨ ᠤ 1 ᠰᠠᠷ᠎ᠠ ᠶᠢᠨ 2 ᠊ᠤᠨ ᠡᠳᠦᠷ) ᠊ᠤᠨ ᠰᠢᠨᠡᠷᠭᠡᠭ᠌ ᠡᠰᠡᠭᠦ ᠨᠢ ᠮᠢᠨᠤ ᠬᠠᠷᠠᠭᠠᠨ ᠳᠤ ᠳᠠᠨᠢᠭᠳᠠᠵᠤ ᠠᠮᠵᠢᠭ᠎ᠠ ᠦᠭᠡᠶ ᠬᠤᠷᠤᠮ ᠳᠤ 《ᠮᠦᠩᠭᠦᠨ ᠥᠡᠳᠦᠷᠯᠢᠭ᠌》 ᠪᠣᠯᠤᠩ ᠳ᠋ᠠᠭᠢ 《ᠭᠡᠭᠡᠷ᠎ᠡ ᠡᠴᠡ ᠳᠡᠭᠦᠭ᠍ᠰᠡᠨ ᠨᠠᠢ᠌ᠷᠠᠭ ᠤᠨ ᠴᠥᠷᠭᠦᠯᠡᠭᠡ》 ᠭᠡᠮᠡᠭᠦ ᠳᠦᠷᠪᠡ ᠳᠦᠷᠪᠡᠨ ᠱᠠᠤᠨ ᠶᠢᠡᠷ ᠪᠦᠳᠦᠭ᠍ᠰᠡᠨ ᠵᠢᠷᠭᠤᠭᠠᠨ ᠪᠠᠳᠠᠭ ᠰᠢᠯᠦᠭ᠌ ᠨᠠᠮ᠎ᠠ ᠶᠢ ᠦᠪᠡᠷ ᠤᠨ ᠡᠷᠭᠡ ᠦᠭᠡᠶ ᠪᠠᠢ᠌ᠭᠠᠯᠢ ᠶᠢᠨ ᠡᠯᠪᠠᠷᠢᠯ ᠵᠥᠷᠢᠴᠡᠯᠳᠦᠭᠡᠡᠳᠤ ᠠᠬᠤᠢ ᠳᠠᠰᠢ ᠰᠤᠨᠢᠷᠬᠠᠯ ᠭᠦᠡᠳᠡᠵᠤ᠂ ᠭᠦᠮᠤᠨ ᠨᠡᠢ᠌ᠭᠡᠮ ᠤᠨ ᠡᠮᠵᠡᠭ᠌ ᠳᠤᠷᠤᠢ ᠪᠠ ᠡᠶᠡᠯᠳᠦᠯ ᠵᠤᠭᠢᠴᠠᠯ ᠢ ᠡᠨᠡᠭᠦ ᠥᠩᠭᠡ ᠪᠦᠷᠢᠳᠦᠭ᠍ᠰᠡᠨ ᠠᠮᠢᠳᠤ ᠵᠢᠷᠤᠭᠯᠠᠯ ᠶᠢᠡᠷ ᠳᠡᠯᠭᠡᠨ ᠥᠭᠦᠯᠡᠭ᠍ᠰᠡᠨ ᠪᠠᠢ᠌ᠪᠠ᠃ ᠠᠪᠤᠨ ᠣᠩᠰᠢᠬᠤ ᠳᠤ ᠵᠢᠷᠤᠭᠴᠢᠨ ᠤ ᠣᠷ᠎ᠠ ᠠᠪᠢᠶᠠᠰ ᠶᠢᠡᠷ ᠠᠮᠢᠯᠠᠭᠰᠠᠨ ᠨᠢᠭᠡ ᠬᠤᠪᠢ ᠭᠡᠭᠡᠷ᠎ᠡ ᠶᠢᠨ ᠳᠤᠰᠤᠨ ᠵᠢᠷᠤᠭ ᠰᠢᠭ ᠪᠠᠢ᠌ᠯ᠎ᠠ ᠴᠤ ᠠᠭᠢᠭᠠᠤᠨ ᠴᠠᠰᠢ ᠨᠢ ᠠᠮᠳᠠᠯᠠᠬᠤ ᠳᠤ ᠠᠷᠪᠢᠨ ᠠᠭᠤᠯᠭ᠎ᠠ ᠰᠠᠨᠠᠭ᠎ᠠ ᠬᠤᠷᠢᠶᠠᠮᠵᠢᠯᠠᠭᠳᠠᠭᠰᠠᠨ ᠵᠢᠩᠭᠢᠨᠢ ᠢᠷᠠᠭᠤ ᠨᠠᠢ᠌ᠷᠠᠭ ᠤᠨ ᠢᠳᠠ ᠢᠪᠢᠯᠦᠭ᠍ᠰᠡᠨ ᠪᠠᠢ᠌ᠨ᠎ᠠ᠃ ᠳᠤᠰ ᠰᠢᠯᠦᠭ᠌ ᠤᠨ ᠵᠤᠬᠢᠶᠠᠭᠴᠢ ᠯ·ᠣᠳᠤᠨ ᠪᠣᠯ ᠣᠷᠠᠨ ᠵᠤᠬᠢᠶᠠᠯ ᠤᠨ ᠭᠡᠢ᠌ᠮᠦᠷᠯᠢᠭ᠌ ᠵᠠᠮ ᠶᠢᠡᠷ ᠣᠳᠠᠭᠠᠨ ᠵᠢᠯ ᠠᠶᠠᠯᠠᠵᠤ ᠢᠷᠡᠭ᠍ᠰᠡᠨ ᠳᠡᠭᠡᠳᠤ ᠮᠤᠩᠭ᠋ᠤᠯ ᠤᠨ ᠵᠠᠯᠠᠭᠤ ᠣᠷᠠᠨ ᠪᠦᠳᠦᠭᠡᠯᠴᠢ ᠶᠤᠮ᠃ ᠡᠢ᠌ᠮᠦᠷᠭᠦ ᠣᠷᠠᠨ ᠵᠤᠬᠢᠶᠠᠯ ᠲᠡᠶ ᠠᠮᠢ ᠵᠠᠶᠠᠭ᠎ᠠ ᠪᠠᠨ ᠬᠤᠯᠪᠣᠭᠰᠠᠨ ᠭᠦᠮᠤᠨ ᠤ ᠭᠠᠷ ᠡᠴᠡ ᠰᠢᠯᠤᠰᠤ ᠳᠤᠰᠤᠯᠤᠮ᠎ᠠ ᠰᠠᠢ᠌ᠬᠠᠨ ᠵᠤᠬᠢᠶᠠᠯ ᠮᠡᠡᠳᠦᠯᠡᠳᠡᠭ᠌ ᠶᠤᠮ᠃ ᠵᠤᠬᠢᠶᠠᠯ ᠪᠦᠭᠦᠨ ᠳᠠᠷᠠ ᠭᠡᠪ ᠶᠢᠡᠷ ᠶᠢᠡᠨ ᠦᠨᠳᠦᠷ ᠲᠦᠪᠰᠢᠨ ᠳᠤ ᠭᠦᠷᠤᠨ ᠣᠷᠤᠨ ᠪᠠᠢ᠌ᠷᠢ ᠪᠠᠨ ᠣᠯᠵᠤ ᠴᠢᠳᠠᠳᠠᠭ ᠦᠭᠡᠶ᠃ ᠭᠦᠮᠤᠨ ᠪᠢᠴᠢᠭ᠍ᠰᠡᠨ ᠵᠤᠬᠢᠶᠠᠯ ᠳᠤᠳᠤᠷ᠎ᠠ ᠡᠴᠡ ᠪᠠᠨ ᠵᠥᠪᠭᠡᠨ ᠳᠤᠭᠠᠳᠠᠢ ᠭᠡᠳᠦᠢ ᠪᠠᠷ ᠨᠢ ᠰᠠ‍‌ᠶᠢ ᠭᠦᠰᠡᠯ ᠭᠦᠭᠡᠭᠡᠴᠡᠯᠳᠦᠯ᠂ ᠣᠷᠠᠨ ᠪᠦᠳᠦᠭᠡᠯ ᠤᠨ ᠮᠥᠩᠭᠡ ᠶᠢᠨ ᠠᠮᠢ ᠪᠠᠨ ᠣᠯᠵᠤ ᠣᠷᠤᠰᠢᠳᠠᠭ ᠣᠴᠢᠷ ᠲᠡᠶ᠃

《ᠰᠠᠷᠠᠨ ᠳᠠᠭᠢᠨᠢ ᠪᠠᠶ᠎ᠠ ᠪᠠᠨ ᠣᠭᠢᠶᠠᠬᠤ ᠭᠡᠵᠤ ᠨᠠᠭᠤᠷ ᠲᠤ ᠣᠮᠪᠠᠨ᠎ᠠ

ᠰᠠᠢ᠌ᠬᠠᠨ ᠵᠢᠰᠤᠨ ᠳᠤ ᠨᠢ ᠡᠭᠦᠯᠡᠰ ᠰᠤᠭᠳᠤᠵᠤ ᠨᠡᠭᠦᠳᠡᠯᠯᠡᠭᠦ ᠪᠠᠨ ᠮᠠᠷᠳᠠᠨ᠎ᠠ

ᠰᠠᠮᠵᠠ ᠬᠤᠯᠠᠭᠠᠢ᠌ᠯᠠᠵᠤ ᠬᠠᠷᠠᠬᠤ ᠭᠡᠤᠨ ᠮᠤᠳᠤᠨ ᠳᠤ ᠨᠢᠭᠤᠭᠳᠠᠨ᠎ᠠ

ᠱᠠᠩᠳᠠᠭᠤᠨ ᠪᠣᠳᠤᠯ ᠳᠠᠭᠠᠨ ᠢᠴᠢᠵᠵᠤ ᠨᠠᠭᠤᠷ ᠭᠦᠢᠰᠤᠨ ᠡᠴᠡ ᠪᠠᠨ ᠭᠦᠯᠦᠷᠡᠨ᠎ᠡ》

ᠪᠠᠢ᠌ᠭᠠᠯᠢ ᠶ‍ᠢᠷᠳᠢᠠᠴᠤ ᠶᠢᠨ ᠶᠠᠭᠤ ᠪᠦᠭᠦᠨ ᠠᠪᠣᠯᠴᠠᠯ ᠵᠤᠭᠢᠴᠠᠯ ᠲᠡᠶ ᠣᠷᠤᠰᠢᠵᠤ᠂ ᠳᠤᠷᠠᠯᠠᠯ ᠭᠦᠭᠡᠭᠡᠴᠡᠯᠳᠦᠯ ᠲᠡᠶ ᠪᠦᠭᠡᠤᠨ ᠰᠠᠢ᠌ᠨ ᠰᠠᠢ᠌ᠬᠠᠨ ᠪᠠ ᠮᠠᠭᠤ ᠮᠠᠭᠤᠬᠠᠢ ᠶᠢᠨ ᠢᠯᠭᠠᠯ ᠵᠠᠭᠠᠭ ᠢ ᠳᠠᠨᠢᠨ ᠮᠠᠳᠠᠷᠠᠵᠤ ᠣᠷᠤᠰᠢᠭᠰᠠᠨ ᠪᠠᠢ᠌ᠳᠠᠭ᠃ ᠠᠮᠢ ᠦᠭᠡᠶ ᠪᠣᠳᠠᠰ ᠲᠤ ᠭᠦᠷᠳᠡᠯ᠎ᠡ ᠢᠷᠠᠭᠤ ᠨᠠᠢ᠌ᠷᠠᠭ ᠳᠡᠭᠦᠨ ᠢ ᠠᠮᠢᠯᠠᠭᠤᠯᠤᠨ ᠪᠣᠰᠬᠠᠵᠤ᠂ ᠣᠶᠠᠯᠳᠤᠯ ᠵᠤᠭᠢᠴᠠᠯ ᠢ ᠨᠢ ᠡᠪᠯᠡᠭᠦᠯᠤᠨ ᠪᠦᠷᠢᠨ ᠪᠦᠳᠤᠨ ᠣᠷᠴᠢᠨ ᠠᠬᠤᠢ ᠶᠢᠨ ᠪᠦᠷᠢᠯᠳᠦᠯ ᠢ ᠪᠦᠳᠦᠭᠡᠳᠡᠭ᠌ ᠪᠠᠢ᠌ᠨ᠎ᠠ᠃ ᠳᠡᠭᠡᠷᠡᠭᠢ ᠪᠠᠳᠠᠭ ᠲᠤ ᠰᠠᠷᠠᠨ ᠳᠠᠭᠢᠨᠢ ᠶᠢᠨ ᠰᠠᠢ᠌ᠬᠠᠨ ᠵᠢᠰᠤᠨ ᠳᠤ ᠡᠭᠦᠯᠡᠰ ᠰᠤᠭᠳᠤᠵᠤ᠂ ᠰᠠᠮᠵᠠ ᠭᠦᠷᠳᠡᠯ᠎ᠡ ᠬᠤᠯᠠᠭᠠᠢ᠌ᠯᠠᠵᠤ ᠬᠠᠷᠠᠬᠤ ᠶᠢ ᠭᠤᠷᠢᠯᠠᠭᠰᠠᠨ ᠳᠤᠷᠠᠯᠠᠯ ᠰᠢᠨᠤᠯ ᠤᠨ ᠳᠦᠭᠦᠷᠡᠩ ᠥᠩᠭᠡ ᠢᠩᠭᠢᠵᠤ ᠢᠳᠡᠭᠡᠷᠡᠭᠦ ᠳᠤ ᠰᠠᠷᠠᠨ ᠳᠠᠭᠢᠨᠢ ᠶᠢᠨ ᠰᠠᠢ᠌ᠬᠠᠨ ᠪᠦᠭᠦᠨ ᠢ ᠰᠠᠨᠠᠭ᠎ᠠ ᠪᠠᠷ ᠶᠢᠡᠨ ᠡᠵᠡᠯᠡᠭ᠍ᠰᠡᠨ ᠱᠠᠩᠳᠠᠭᠤᠨ ᠪᠣᠳᠤᠯ ᠳᠠᠭᠠᠨ ᠨᠠᠭᠤᠷ ᠨᠢ ᠭᠦᠯᠦᠷᠡᠭᠦ ᠦᠭᠡᠶ ᠪᠠᠢ᠌ᠬᠤ ᠶᠢᠨ ᠠᠷᠭ᠎ᠠ ᠦᠭᠡᠶ᠃ ᠭᠦᠯᠦᠷᠡᠭᠦ ᠳᠡᠭᠡᠨ ᠶᠠᠭᠠᠭᠢᠭᠠᠤᠨ ᠭᠦᠢᠰᠤᠨ ᠡᠴᠡ ᠪᠠᠨ ᠭᠦᠯᠦᠷᠡᠳᠡᠭ᠌ ᠪᠣᠢ︖ ᠢᠷᠠᠭᠤ ᠨᠠᠢ᠌ᠷᠠᠭ ᠤᠨ ᠬᠠᠷᠠᠭ᠎ᠠ ᠰᠠᠷᠠᠯ ᠭᠡᠭ᠍ᠴᠢ ᠢᠩᠭᠢᠵᠤ ᠭᠤᠤᠯ ᠭᠠᠵᠠᠷ ᠳᠡᠭᠡᠷ᠎ᠡ ᠨᠢ ᠳᠦᠭᠡᠨᠡᠳᠡᠭ᠌ ᠶᠤᠮ᠃ ᠦᠬᠢᠨ ᠵᠠᠶᠠᠭᠠᠨ ᠤ ᠰᠠᠢ᠌ᠬᠠᠨ ᠵᠢᠰᠤᠨ ᠳᠤ ᠣᠷᠴᠢᠯᠠᠩ ᠤᠨ ᠶᠠᠭᠤ ᠪᠦᠭᠦᠨ ᠰᠤᠭᠳᠤᠬᠤ ᠨᠢ ᠵᠦᠢ᠌᠃ ᠰᠠᠮᠵᠠ ᠪᠠᠷ ᠶᠤᠰᠤᠳᠠᠢ ᠰᠠᠨᠠᠭ᠎ᠠ ᠪᠠᠢ᠌ᠭᠠᠤᠨ ᠣᠨᠤᠭ᠎ᠠ ᠦᠯᠦ ᠭᠦᠷᠭᠦ ᠪᠠᠨ ᠮᠡᠳᠡᠭ᠍ᠰᠡᠨ ᠡᠮᠵᠡᠭ᠌ ᠳᠤᠷᠤᠢ ᠪᠣᠶᠤ ᠭᠤᠷᠢᠳᠠᠯ ᠳᠠᠭᠠᠨ ᠭᠦᠷᠭᠦ ᠭᠡᠰᠡᠨ ᠭᠦᠢᠳᠡᠨ ᠮᠥᠰᠦᠯᠡᠭ᠍ᠰᠡᠨ ᠰᠠᠨᠠᠭ᠎ᠠ ᠠᠬᠤᠢ ᠶᠢ ᠪᠦᠳᠦᠭᠡᠭ᠍ᠰᠡᠨ ᠴᠤ ᠳᠡᠭᠦᠨ ᠤ ᠳᠤᠳᠤᠷ᠎ᠠ ᠮᠦᠨ ᠠᠮᠢ ᠪᠠᠶ᠎ᠠ ᠶᠢᠨ ᠨᠢᠭᠡ ᠵᠣᠢ᠌ᠯ ᠤᠨ ᠦᠪᠡᠷ ᠤᠨ ᠭᠡᠭᠦ ᠭᠦᠭᠡᠭᠡᠴᠡᠯᠳᠦᠯ ᠪᠠᠢ᠌ᠭ᠎ᠠ ᠶᠤᠮ ᠪᠠᠢ᠌ᠨ᠎ᠠ᠃ ᠴᠡᠪᠠᠷᠭᠡᠨ ᠵᠢᠰᠤ ᠶᠢ ᠳᠠᠪᠠᠷᠢᠵᠤ ᠠᠪᠣᠭᠰᠠᠨ ᠨᠠᠭᠤᠷ ᠴᠤ ᠴᠠᠤᠠᠬᠤᠯᠠᠩ ᠪᠣᠳᠤᠯ ᠲᠡᠶ ᠪᠠᠢ᠌ᠯ᠎ᠠ ᠴᠤ ᠦᠪᠡᠷ ᠢ ᠪᠠᠨ ᠥᠭᠡᠷ᠎ᠡ ᠶᠠᠭᠤᠮᠠᠨ ᠡᠴᠡ ᠵᠢᠭᠠᠬᠠᠨ ᠳᠤᠳᠠᠭᠤᠰᠢᠭᠤᠯᠵᠤ ᠥᠵᠡᠭ᠍ᠰᠡᠨ ᠪᠠ ᠡᠰᠡᠭᠦᠯ᠎ᠡ ᠪᠠᠶ᠎ᠠ ᠡᠴᠡ ᠪᠠᠨ ᠰᠤᠴᠢᠭᠰᠠᠨ ᠥᠵᠡᠭ᠍ᠳᠡᠯ ᠬᠤᠷᠤᠮ ᠢᠯᠡᠷᠡᠭ᠍ᠰᠡᠨ ᠪᠠᠢ᠌ᠨ᠎ᠠ᠃ ᠪᠠᠢ᠌ᠭᠠᠯᠢ ᠶᠢᠨ ᠨᠢᠭᠡ ᠬᠤᠪᠢ ᠥᠩᠭᠡ ᠢᠩᠭᠡᠵᠤ ᠳᠠᠯᠳᠠ ᠢᠯᠠ ᠶᠢᠨ ᠵᠠᠢ ᠬᠤᠯᠪᠣᠵᠤ᠂ ᠬᠠᠷᠠᠭᠠᠨ ᠡᠴᠡ ᠪᠠᠶ᠎ᠠ ᠳᠤ ᠰᠢᠩᠭᠡᠵᠤ ᠳᠤᠨᠤᠭᠰᠠᠨ ᠪᠠᠢ᠌ᠨ᠎ᠠ᠃

《ᠨᠠᠷᠠ ᠡᠷᠳᠡᠯᠡᠵᠤ ᠠᠭᠤᠯᠠᠰ ᠤᠨ ᠵᠤᠯᠠᠢ ᠶᠢ ᠥᠨᠦᠰᠭᠦ ᠭᠡᠯ᠎ᠡ

ᠨᠠᠷᠠᠰᠤᠨ ᠮᠤᠳᠤᠨ ᠠᠳᠠᠭᠠᠷᠬᠠᠵᠤ ᠮᠦᠴᠢᠷ ᠶᠢᠡᠷ ᠶᠢᠡᠨ ᠬᠠᠯᠬᠠᠯᠠᠯ᠎ᠠ

ᠨᠠᠮᠤᠭᠤᠬᠠᠨ ᠰᠢᠪᠠᠨᠡᠭᠡ ᠶᠢ ᠨᠢ ᠴᠢᠩᠨᠠᠵᠤ ᠰᠠᠯᠭᠢ ᠥᠯᠢᠶᠡᠭᠦ ᠪᠠᠨ ᠵᠤᠭᠰᠤᠯ᠎ᠠ

ᠨᠠᠰᠤᠨ ᠤ ᠮᠥᠷᠦᠭᠡᠳᠦᠯ ᠳᠤ ᠬᠠᠳᠠᠵᠤ ᠠᠭᠤᠯᠠᠰ ᠣᠷᠤᠢ ᠡᠴᠡ ᠪᠠᠨ ᠪᠣᠭᠤᠷᠤᠯᠳᠤᠯ᠎ᠠ》

ᠪᠠᠢ᠌ᠭᠠᠯᠢ ᠶ‍ᠢᠷᠳᠢᠠᠴᠤ ᠶᠢᠨ ᠲᠦᠮᠡᠨ ᠲᠦᠮᠡᠨ ᠪᠣᠳᠠᠰ ᠢ ᠠᠮᠢᠯᠠᠭᠤᠯᠵᠤ᠂ ᠰᠠᠤᠠᠭᠢᠯ ᠤᠨ ᠮᠠᠳᠠᠷᠠᠮᠵᠢ ᠲᠡᠶ ᠪᠣᠯᠠᠭᠠᠵᠤ ᠵᠢᠷᠤᠭᠯᠠᠬᠤ ᠪᠣᠯ ᠢᠷᠠᠭᠤ ᠨᠠᠢ᠌ᠷᠠᠭ ᠤᠨ ᠢᠳᠠ ᠭᠦᠴᠤ᠃ ᠳᠤᠷᠠᠯᠠᠯ ᠬᠠᠢ᠌ᠷ᠎ᠠ ᠶᠢᠨ ᠲᠦᠮᠡᠨ ᠵᠠᠩᠭᠢᠷᠠᠭ᠎ᠠ ᠶᠢ ᠠᠳᠠᠭᠠᠷᠬᠠᠯ ᠲᠡᠶ ᠴᠢᠩᠭ᠋ᠠᠯᠠᠬᠤ ᠪᠠ ᠳᠡᠭᠦᠨ ᠳᠤ ᠶᠠᠭᠤ ᠪᠦᠭᠦᠨ ᠶᠢᠡᠨ ᠨᠢᠭᠤᠴᠠᠯᠠᠬᠤ ᠭᠡᠭ᠍ᠴᠢ ᠰᠠᠷᠠᠯ ᠮᠠᠳᠠᠷᠠᠮᠵᠢ ᠶᠢᠨ ᠪᠠᠭᠳᠠᠭᠠᠮᠵᠢ ᠳᠤ ᠪᠠᠢ᠌ᠵᠤ ᠪᠠᠢ᠌ᠳᠠᠬ᠎ ᠡᠩ ᠤᠨ ᠣᠴᠢᠷ᠃ ᠳᠤᠷᠠᠯᠠᠭᠰᠠᠨ ᠵᠣᠢ᠌ᠯ ᠶᠢᠡᠨ ᠡᠷᠳᠡᠯᠡᠵᠤ ᠭᠢᠭᠦ ᠪᠣᠯ ᠭᠦᠢᠴᠡᠳᠭᠡᠯ ᠲᠡᠶ ᠢᠳᠠᠪᠭᠢ ᠭᠦᠭᠡᠭᠡᠴᠡᠯᠳᠦᠯ᠃ ᠳᠤᠷᠠᠯᠠᠯ ᠬᠠᠢ᠌ᠷ᠎ᠠ ᠮᠥᠩᠭᠡ ᠶᠢᠨ ᠠᠮᠢ ᠲᠡᠶ ᠪᠠᠢ᠌ᠳᠠᠭ ᠪᠣᠯᠪᠠᠴᠤ ᠮᠥᠷᠦᠭᠡᠳᠦᠯ ᠭᠡᠳᠡᠭ᠌ ᠨᠠᠰᠤᠨ ᠤ ᠬᠠᠳᠠᠭᠤ ᠰᠢᠵᠢᠮ ᠳᠤ ᠠᠭᠤᠯᠠᠰ ᠭᠦᠷᠳᠡᠯ᠎ᠡ ᠣᠷᠤᠢ ᠡᠴᠡ ᠪᠠᠨ ᠪᠣᠭᠤᠷᠤᠯᠳᠤᠭᠰᠠᠨ ᠨᠢ ᠭᠦᠮᠦᠡᠴᠢᠯᠡᠯ ᠤᠨ ᠭᠦᠭ᠌ ᠠᠶ᠎ᠠ ᠪᠠᠷ ᠪᠠᠢ᠌ᠭᠠᠯᠢ ᠶᠢ ᠡᠷᠭᠡᠰᠢᠶᠡᠯᠡᠭ᠍ᠰᠡᠨ ᠤ ᠨᠠᠢ᠌ᠷᠠᠭ ᠤᠨ ᠨᠠᠮᠤᠭᠤᠬᠠᠨ ᠳᠤᠭᠳᠤᠯᠤᠯ᠃ ᠦᠨᠦᠰᠤᠯ ᠢᠷᠡᠭᠦ ᠶᠢᠨ ᠠᠵᠠ ᠳᠤ ᠣᠷᠤᠢ ᠡᠴᠡ ᠪᠠᠨ ᠪᠣᠭᠤᠷᠤᠯᠳᠤᠭᠰᠠᠨ ᠠᠭᠤᠯᠠᠰ ᠮᠥᠷᠦᠭᠡᠳᠦᠯ ᠤᠨ ᠮᠦᠩᠭᠦᠨ ᠭᠢᠯᠪᠠᠭᠠᠨ ᠲᠡᠶ ᠭᠠᠵᠢᠬᠤ ᠨᠢ ᠪᠣᠳᠠᠰᠴᠢ ᠶ‍ᠢᠷᠳᠢᠠᠴᠤ ᠶᠢᠨ ᠠᠮᠢ ᠳᠤᠭᠳᠤᠯᠴᠠᠯ ᠤᠨ ᠨᠠᠰᠤ ᠣᠷᠤᠰᠢᠬᠤ ᠶᠢᠨ ᠠᠮᠢ ᠵᠣᠢ᠌ᠯ᠃ ᠳᠡᠭᠡᠷᠡᠭᠢ ᠳᠦᠷᠪᠡᠨ ᠮᠦᠷ ᠰᠢᠯᠦᠭ᠌ ᠢᠩᠭᠢᠵᠤ ᠪᠠᠢ᠌ᠭᠠᠯᠢ ᠶᠢᠨ ᠠᠮᠢᠳᠤ ᠵᠢᠷᠤᠭᠯᠠᠯ ᠶᠢᠡᠷ ᠭᠦᠮᠤᠨ ᠪᠣᠯᠤᠭᠰᠠᠤᠨ ᠤᠨ ᠨᠢᠭᠡ ᠵᠣᠢ᠌ᠯ ᠤᠨ ᠰᠢᠠᠵᠢ ᠠᠷᠠᠠᠰᠢᠨ ᠤ ᠰᠡᠳᠬᠢᠯᠭᠡ ᠶᠢᠨ ᠢᠯᠠᠷᠠᠯ ᠢ ᠢᠯᠡᠳᠭᠡᠭ᠍ᠰᠡᠨ ᠪᠦᠭᠡᠤᠨ ᠭᠦᠮᠤᠨ ᠤ ᠮᠠᠳᠠᠷᠠᠮᠵᠢ ᠵᠦᠢ᠌ ᠪᠠᠷ ᠪᠠᠢ᠌ᠭᠠᠯᠢ ᠶᠢ ᠠᠮᠢᠯᠠᠭᠤᠯᠤᠭᠰᠠᠨ ᠰᠢᠯᠦᠭ᠌ ᠤᠨ ᠣᠷᠠᠯᠢᠭ ᠬᠠᠷᠠᠭᠠᠨ ᠳᠤ ᠡᠨᠡ ᠮᠠᠳᠤ ᠪᠠᠷ ᠳᠤᠰᠤᠯᠢᠭ ᠪᠠᠭᠤᠭᠰᠠᠨ ᠪᠠᠢ᠌ᠨ᠎ᠠ᠃

《ᠡᠷᠪᠠᠭᠡᠢ ᠭᠡᠷᠡᠯ ᠳᠤ ᠳᠤᠷᠠᠯᠠᠵᠤ ᠰᠢᠳᠠᠵᠤ ᠥᠭᠦᠨ᠎ᠡ

ᠡᠯᠡᠰᠤ ᠰᠠᠯᠭᠢᠨ ᠳᠤ ᠭᠦᠭᠡᠭᠡᠭ᠍ᠳᠡᠵᠤ ᠨᠠᠰᠤ ᠪᠠᠨ ᠪᠠᠷᠠᠨ᠎ᠠ

ᠡᠷ᠎ᠡ ᠵᠠᠶᠠᠭᠠᠨ ᠳᠠᠭᠠᠨ ᠪᠦᠳᠦᠷᠢᠵᠤ ᠰᠠᠤᠠᠭᠢᠯ ᠶᠢᠡᠷ ᠣᠨᠠᠨ᠎ᠠ

ᠡᠮᠳᠡᠷᠭᠡᠢ ᠳᠤᠷᠠᠯᠠᠯ ᠪᠠᠶ᠎ᠠ ᠳᠡᠭᠡᠨ ᠬᠠᠭᠤᠷᠳᠠᠵᠤ ᠣᠢ᠌ᠯᠠ ᠪᠠᠨ ᠦᠵᠡᠨ᠎ᠡ》

ᠳᠤᠷ᠎ᠠ ᠲᠡᠶ ᠵᠣᠢ᠌ᠯ ᠤᠨ ᠶᠢᠡᠨ ᠳᠦᠯᠦᠭᠡ ᠥᠷᠡᠭ᠍ᠳᠡᠭᠦ ᠪᠣᠯ ᠰᠠᠢ᠌ᠬᠠᠨ᠃ ᠭᠡᠷᠡᠯ ᠭᠡᠭᠡ ᠶᠢ ᠭᠦᠰᠡᠭ᠍ᠰᠡᠨ ᠡᠷᠪᠠᠭᠡᠢ ᠮᠠᠳᠤ ᠶᠢᠨ ᠠᠮᠢ ᠵᠠᠶᠠᠭᠠᠳᠠᠨ ᠦᠪᠡᠷ ᠤᠨ ᠳᠤᠷ᠎ᠠ ᠭᠦᠰᠡᠯ ᠵᠢᠴᠢ ᠰᠠᠢ᠌ᠨ ᠰᠠᠢ᠌ᠬᠠᠨ ᠤ ᠳᠦᠯᠦᠭᠡ ᠥᠷᠡᠭ᠍ᠳᠡᠭᠦ ᠥᠵᠡᠭ᠍ᠳᠡᠯ ᠳᠠᠩᠳᠠ ᠭᠠᠷᠳᠠᠭ᠃ ᠡᠯᠡᠰᠤ ᠮᠠᠳᠤ ᠰᠠᠯᠭᠢᠨ ᠳᠤ ᠭᠦᠭᠡᠭᠡᠭ᠍ᠳᠡᠭᠦ ᠪᠠᠢ᠌ᠭᠠᠯᠢ ᠶᠢᠨ ᠬᠤᠪᠢᠰᠤᠯ ᠭᠦᠳᠡᠯᠦᠯ ᠪᠠ ᠥᠵᠡᠭ᠍ᠳᠡᠯ ᠤᠨ ᠦᠨᠡᠨ ᠳᠦᠷᠢ ᠵᠢᠮᠠᠴᠢᠯᠠᠯ ᠶᠢᠡᠷ ᠭᠦᠮᠤᠨ ᠨᠠᠢ᠌ᠭᠢᠮ ᠪᠠ ᠠᠮᠢᠳᠠᠨ ᠶᠠᠭᠤᠮᠠᠨ ᠤ ᠳᠡᠷᠡᠭᠦ ᠪᠠᠭᠤᠷᠠᠢ ᠨᠢ ᠭᠦᠴᠦᠷᠭᠡᠭ᠌ ᠳᠡᠭᠡᠨ ᠳᠡᠢ᠌ᠯᠦᠭ᠍ᠳᠡᠭᠦ ᠶᠤᠰᠤ ᠣᠴᠢᠷ ᠵᠢᠴᠢ ᠨᠠᠰᠤ ᠪᠠᠶ᠎ᠠ ᠶᠢᠨ ᠨᠢᠭᠡ ᠯᠠ ᠭᠡᠪ ᠤᠨ ᠠᠮᠢᠳᠤᠷᠠᠬᠤᠢ ᠡᠯᠡᠭ᠍ᠳᠡᠯ ᠢ ᠬᠠᠷᠠᠭᠤᠯᠤᠭᠰᠠᠨ ᠨᠢ ᠶᠡᠭᠡ ᠳᠦᠭᠡᠮᠡᠯᠴᠢ ᠨᠡᠢ᠌ᠳᠡᠯᠢᠭ᠌ ᠪᠣᠯᠤᠭᠰᠠᠨ ᠪᠠᠢ᠌ᠨ᠎ᠠ᠃ ᠭᠡᠶ᠎ᠡ᠂ ᠡᠷ᠎ᠡ ᠵᠠᠶᠠᠭᠠᠨ ᠳᠠᠭᠠᠨ ᠪᠦᠳᠦᠷᠢᠵᠤ ᠰᠠᠤᠠᠭᠢᠯ ᠶᠢᠡᠷ ᠣᠨᠠᠬᠤ ᠶᠢᠨ ᠣᠴᠢᠷ ᠶᠤᠰᠤ ᠶᠢ ᠪᠢ ᠬᠠᠷᠠᠬᠠᠨ ᠳᠠᠨᠢᠨ ᠳᠠᠢ᠌ᠯᠵᠤ ᠮᠡᠳᠡᠭ᠍ᠰᠡᠨ ᠦᠭᠡᠶ᠃ ᠡᠷ᠎ᠡ ᠭᠦᠮᠤᠨ ᠪᠦᠳᠦᠷᠢᠵᠤ ᠪᠣᠯᠳᠠᠭ ᠴᠤ ᠬᠠᠷᠢᠨ ᠡᠷ᠎ᠡ ᠵᠠᠶᠠᠭᠠᠨ ᠪᠦᠳᠦᠷᠢᠵᠤ᠂ ᠰᠥᠷᠯᠢᠭ᠌ ᠰᠥᠰᠦᠯᠢᠭ᠌ ᠡᠷ᠎ᠡ ᠵᠠᠶᠠᠭ᠎ᠠ ᠳᠠᠭᠠᠨ ᠬᠠᠷᠠᠮᠰᠠᠭᠰᠠᠨ ᠥᠩᠭᠡ ᠠᠶ᠎ᠠ ᠨᠢ ᠨᠠᠳᠠ ᠪᠠᠭ᠎ᠠ ᠳᠦᠭᠦᠷᠡᠩ ᠪᠣᠰᠤ ᠪᠦᠳᠡᠭᠢ ᠰᠠᠨᠠᠭᠳᠠᠭᠰᠠᠨ ᠪᠠᠢ᠌ᠨ᠎ᠠ᠃ ᠭᠡᠪᠠᠴᠤ ᠰᠢᠯᠦᠭ᠍ᠴᠢ ᠶᠢᠨ ᠣᠩᠭ᠋ᠤᠨ ᠰᠠᠷᠠᠯ ᠳᠤ ᠮᠦᠨ ᠦᠪᠡᠷᠮᠢᠴᠠ ᠪᠣᠳᠤᠭ ᠲᠡᠶ ᠣᠷᠤᠨ ᠪᠠᠢ᠌ᠷᠢ ᠪᠠᠨ ᠣᠯᠤᠭᠰᠠᠨ ᠭᠡᠵᠤ ᠢᠳᠡᠭᠡᠨ᠎ᠡ᠃ ᠳᠤᠮᠳᠠᠭᠤᠷ ᠳᠦᠭᠦᠷᠡᠩ ᠳᠤᠷᠠᠯᠠᠯ ᠪᠠᠶ᠎ᠠ ᠳᠡᠭᠡᠨ ᠬᠠᠭᠤᠷᠳᠠᠵᠤ ᠣᠢ᠌ᠯᠠ ᠪᠠᠨ ᠥᠵᠡᠭᠦ ᠨᠢ ᠡᠩ ᠤᠨ ᠯᠠ ᠣᠴᠢᠷ ᠪᠣᠯᠪᠠᠴᠤ ᠰᠢᠯᠦᠭ᠌ ᠲᠤ ᠣᠤᠠᠬᠠᠯᠢᠭ ᠣᠷᠤᠭᠰᠠᠨ ᠶᠢᠡᠷ ᠶᠢᠡᠨ ᠭᠡᠭᠡᠮᠰᠦᠭ᠌ ᠪᠣᠯᠤᠭᠰᠠᠨ ᠪᠠᠢ᠌ᠨ᠎ᠠ᠃

《ᠳᠡᠭ᠍ᠷᠢ ᠭᠠᠵᠠᠷ ᠶᠢᠡᠨ ᠰᠠᠨᠠᠵᠤ ᠬᠠᠶᠠ ᠪᠣᠷᠤᠭᠠᠯᠠᠨ᠎ᠠ

ᠭᠠᠵᠠᠷ ᠳᠡᠭ᠍ᠷᠢ ᠪᠠᠨ ᠮᠥᠷᠦᠭᠡᠳᠴᠤ ᠥᠷᠭᠦᠯᠵᠢ ᠭᠠᠩᠳᠠᠨ᠎ᠠ᠃

ᠰᠠᠯᠭᠢ ᠳᠤᠮᠳᠠᠭᠤᠷ ᠨᠢ ᠵᠢᠷᠤᠭᠠᠯᠠᠵᠤ ᠬᠤᠭᠤᠰᠤᠨ ᠪᠢᠯᠳᠠᠤᠴᠢᠯᠠᠨ᠎ᠠ

ᠰᠠᠨᠠᠭ᠎ᠠ ᠵᠠᠶᠠᠭ᠎ᠠ ᠬᠤᠶᠠᠷ ᠨᠡᠢ᠌ᠯᠡᠭᠦ ᠦᠭᠡᠶ ᠭᠡᠵᠢᠶᠡᠳᠡ ᠭᠢᠮᠤᠷᠠᠯᠳᠤᠨ᠎ᠡ》

ᠪᠣᠳᠤᠭᠰᠠᠨ ᠶᠠᠭᠤᠮ᠎ᠠ ᠰᠠᠨᠠᠭ᠎ᠠ ᠪᠠᠷ ᠪᠣᠯᠳᠠᠭ ᠦᠭᠡᠶ ᠬᠤᠷᠸ᠎ᠠ ᠳᠤ ᠰᠠᠨᠠᠵᠤ ᠮᠥᠷᠦᠭᠡᠳᠭᠦ ᠶᠢᠨ ᠭᠠᠩᠳᠠᠯ ᠭᠡᠵᠤ ᠪᠠᠰᠠ ᠰᠠᠢ᠌ᠬᠠᠨ᠃ ᠵᠢᠩᠭᠢᠨᠢ ᠪᠠᠢ᠌ᠭᠠᠯᠢ ᠶᠢᠨ ᠭᠠᠩ ᠭᠠᠩᠳᠠᠯ ᠭᠢᠭᠡᠤᠨ ᠰᠡᠳᠬᠢᠯᠭᠡ ᠮᠥᠷᠦᠭᠡᠳᠡᠯ ᠤᠨ ᠬᠤᠷ᠎ᠠ ᠪᠠ ᠭᠠᠩᠳᠠᠯ ᠭᠡᠭ᠍ᠴᠢ ᠠᠳᠠᠯᠢ ᠪᠣᠰᠤ ᠣᠬᠠᠭᠠᠭᠳᠠᠬᠤᠨ ᠲᠡᠶ ᠴᠤ ᠨᠢᠭᠡ ᠯᠠ ᠴᠢᠭ᠌ ᠤᠨ ᠭᠦᠭ᠌ ᠠᠶ᠎ᠠ ᠲᠡᠶ᠃ ᠰᠠᠯᠭᠢᠨ ᠤ ᠵᠢᠷᠤᠭᠠᠯᠠᠯ ᠶᠢᠡᠷ ᠪᠢᠯᠳᠠᠤᠴᠢ ᠡᠳᠡᠭᠡᠤᠨ ᠢ ᠪᠦᠯᠢᠭ᠍ᠰᠡᠨ ᠰᠢᠯᠦᠭ᠌ ᠤᠨ ᠮᠠᠰᠠ ᠭᠡᠭ᠍ᠴᠢ ᠬᠤᠷᠴᠠ ᠪᠠᠢ᠌ᠨ᠎ᠠ᠃ ᠰᠠᠨᠠᠭ᠎ᠠ ᠵᠠᠶᠠᠭ᠎ᠠ ᠬᠤᠶᠠᠷ ᠨᠡᠢ᠌ᠯᠡᠳᠡᠭ᠌ ᠦᠭᠡᠶ ᠨᠢ ᠴᠤ ᠭᠦᠮᠤᠨ ᠨᠡᠢ᠌ᠭᠡᠮ ᠤᠨ ᠮᠦᠨ ᠶᠤᠰᠤ᠃ ᠭᠢᠮᠤᠷᠠᠯᠳᠤᠭᠠᠨ ᠦᠭᠡᠶ ᠰᠢᠯᠤᠭᠤᠬᠠᠨ ᠣᠷᠤᠰᠢᠬᠤ ᠶᠠᠭᠤᠮ᠎ᠠ ᠭᠡᠵᠤ ᠦᠭᠡᠶ᠃ ᠪᠠᠢ᠌ᠭᠠᠯᠢ ᠶᠢᠨ ᠥᠵᠡᠭ᠍ᠳᠡᠯ ᠶᠢᠡᠷ ᠰᠠᠨᠠᠭ᠎ᠠ ᠠᠬᠤᠢ ᠪᠠᠨ ᠢᠯᠡᠳᠭᠡᠭᠦ ᠰᠢᠯᠦᠭ᠌ ᠤᠨ ᠣᠷᠠᠨ ᠳᠤᠭᠠᠴᠠᠯ ᠭᠡᠵᠤ ᠡᠢ᠌ᠮᠤ ᠪᠠᠢ᠌ᠳᠠᠭ ᠶᠤᠰᠤ ᠲᠡᠶ᠃

《ᠰᠢᠪᠠᠭᠤᠳ ᠮᠤᠳᠤᠨ ᠳᠠᠭᠠᠨ ᠢᠨᠠᠭᠰᠢᠵᠤ ᠰᠦᠨᠢᠵᠢᠨ ᠵᠢᠷᠭᠢᠨ᠎ᠡ

ᠮᠤᠳᠤᠳ ᠰᠢᠪᠠᠭᠤᠳ ᠶᠢᠡᠨ ᠡᠪᠦᠷᠯᠡᠵᠤ ᠵᠢᠷᠭᠠᠯ ᠳᠠᠭᠠᠨ ᠰᠤᠭᠳᠤᠨ᠎ᠠ

ᠰᠦᠨᠢ ᠡᠳᠦᠷ ᠶᠢᠡᠨ ᠥᠭᠡᠢ᠌ᠯᠡᠵᠤ ᠠᠳᠠᠭᠠᠷᠬᠠᠨ ᠬᠠᠷᠠᠨ᠎ᠠ

ᠰᠡᠭᠦᠳᠡᠷ ᠭᠡᠷᠡᠯ ᠡᠴᠡ ᠥᠷᠭᠦᠵᠤ ᠭᠦᠰᠢᠭᠡᠨ ᠳᠡᠭᠡᠨ ᠳᠠᠯᠳᠠᠯᠠᠨ᠎ᠠ》

ᠭᠦᠰᠡᠭ᠍ᠰᠡᠨ ᠪᠣᠳᠤᠭᠰᠠᠨ ᠳᠠᠭᠠᠨ ᠭᠦᠷᠭᠦ ᠵᠢᠷᠭᠠᠯ ᠶᠤᠮ᠃ ᠪᠠᠢ᠌ᠭᠠᠯᠢ ᠪᠠ ᠭᠦᠮᠤᠨ ᠠᠮᠢᠳᠠᠨ ᠤ ᠬᠤᠭᠤᠷᠤᠠᠳᠤ ᠪᠠᠨ ᠡᠶᠡᠯᠳᠤᠨ ᠣᠶᠠᠯᠳᠤᠵᠤ᠂ ᠣᠷᠭᠠᠨᠢᠭ ᠶᠢᠡᠷ ᠰᠢᠳᠦᠭᠡᠯᠢᠭ᠌ ᠣᠷᠤᠰᠢᠬᠤ ᠬᠠᠢ᠌ᠷ᠎ᠠ ᠰᠡᠳᠬᠢᠯᠭᠡ ᠶᠢᠨ ᠵᠤᠭᠢᠴᠠᠯ ᠨᠢ ᠪᠠᠢ᠌ᠭᠠᠯᠢ ᠶ‍ᠢᠷᠳᠢᠠᠴᠤ ᠶᠢᠨ ᠣᠷᠤᠰᠢᠯ ᠳᠤᠭᠳᠠᠨᠢᠯ ᠤᠨ ᠨᠢᠭᠡ ᠵᠣᠢ᠌ᠯ ᠤᠨ ᠲᠡᠩᠴᠡᠬᠦᠷᠢ ᠶᠢᠨ ᠠᠮᠢ ᠨᠠᠰᠤ ᠶᠢ ᠪᠠᠳᠤᠯᠠᠵᠤ ᠪᠠᠢ᠌ᠳᠠᠭ᠃ ᠥᠭᠡᠢ᠌ᠯᠡᠯ ᠳᠤᠳᠤᠷ᠎ᠠ ᠠᠳᠠᠭᠠᠷᠬᠠᠯ ᠵᠡᠭᠦᠭ᠍ᠳᠡᠳᠡᠭ᠌ ᠴᠤ ᠦᠪᠡᠷ ᠤᠨ ᠭᠡᠭᠦ ᠣᠷᠤᠰᠢᠯ ᠳᠤᠭᠳᠠᠨᠢᠯ ᠨᠢ ᠳᠠᠢ᠌ᠯᠤᠩᠭᠢ ᠡᠳᠡᠭᠡᠤᠨ ᠡᠴᠡ ᠪᠠᠨ ᠵᠠᠢ᠌ᠳᠠᠬᠤ ᠥᠵᠡᠭ᠍ᠳᠡᠯ ᠪᠠᠢ᠌ᠩᠭ᠋ᠤ ᠣᠷᠤᠰᠢᠳᠠᠭ᠃ ᠰᠢᠯᠦᠭ᠌ ᠤᠨ ᠬᠠᠷᠠᠭ᠎ᠠ ᠪᠠᠷ ᠳᠤᠳᠤᠷᠠᠭᠰᠠᠨ ᠪᠣᠷᠤᠭᠤ ᠳᠠᠯ᠎ᠠ ᠨᠢ ᠵᠦᠪ ᠳᠠᠯ᠎ᠠ ᠡᠴᠡ ᠪᠠᠨ ᠳᠠᠯᠳᠠᠷᠠᠬᠤ ᠭᠦᠨ ᠣᠬᠠᠭᠠᠯᠢᠭ ᠶᠤᠰᠤ ᠶᠢ ᠡ᠊ᠨᠳᠡ ᠭᠡᠷᠡᠯ ᠰᠡᠭᠦᠳᠡᠷ ᠶᠢᠡᠷ ᠵᠣᠢ᠌ᠭᠰᠠᠨ ᠪᠠᠢ᠌ᠨ᠎ᠠ᠃ ᠡᠢ᠌ᠮᠦᠷᠭᠦᠤ ᠪᠣᠳᠠᠳᠠᠢ ᠥᠵᠡᠭ᠍ᠳᠡᠯ ᠶᠢᠡᠷ ᠮᠦᠨ ᠪᠣᠳᠠᠳᠠᠢ ᠳᠠᠯ᠎ᠠ ᠶᠢ ᠪᠠᠯᠭᠡᠳᠡᠭᠦ ᠰᠢᠯᠦᠭ᠌ ᠤᠨ ᠭᠦᠡᠯᠢᠭ᠌ ᠰᠢᠠᠵᠢ ᠳᠠᠶᠠᠭᠠᠷ ᠲᠤ ᠠᠶᠠᠠᠳᠠᠭᠠᠨ ᠳᠠᠨᠢᠭᠳᠠᠳᠠᠭ ᠶᠤᠮ᠃ ᠰᠢᠯᠦᠭ᠌ ᠡᠢ᠌ᠮᠤ ᠪᠠᠢ᠌ᠵᠤ ᠳᠠᠭᠠᠷᠠᠨ᠎ᠠ᠃

《ᠣᠰᠤᠨ ᠡᠷᠭᠢ ᠪᠠᠨ ᠢᠯᠪᠢᠵᠤ ᠵᠥᠭᠡᠯᠡᠨ ᠠᠷᠭᠠᠳᠠᠨ᠎ᠠ

ᠡᠷᠭᠢ ᠦᠪᠡᠷ ᠶᠢᠡᠨ ᠢᠳᠡᠭ᠍ᠳᠡᠵᠤ ᠵᠥᠭᠡᠷ ᠣᠪᠯᠠᠨ᠎ᠠ

ᠣᠷᠭᠤᠮᠠᠯ ᠭᠦᠪᠠᠭᠡᠨ ᠳᠡᠭᠡᠷ᠎ᠡ ᠨᠢ ᠨᠠᠢ᠌ᠭᠤᠵᠤ ᠵᠥᠩᠳᠡᠭᠡᠨ ᠣᠶᠠᠷᠠᠨ᠎ᠠ

ᠡᠷᠭᠢᠵᠤ ᠢᠷᠡᠭᠦ ᠦᠭᠡᠶ ᠴᠠᠭ ᠮᠦᠴᠡ ᠳᠤᠮᠳᠠ ᠨᠢ ᠥᠷᠡᠭ᠍ᠳᠡᠨ᠎ᠡ》

ᠦᠪᠡᠷ ᠤᠨ ᠠᠰᠢᠭᠳᠠᠢ ᠳᠠᠯ᠎ᠠ ᠪᠠᠨ ᠶᠠᠭᠤ ᠪᠦᠭᠦᠨ ᠬᠠᠷᠠᠮᠨᠠᠵᠤ ᠳᠤᠳᠤᠮᠳᠠᠬᠤ ᠨᠢ ᠳᠠᠭᠠᠷᠠᠨ᠎ᠠ᠃ ᠭᠡᠳᠡᠯ᠎ᠡ ᠰᠠᠤᠠᠭᠢᠯ ᠰᠠᠨᠠᠭᠠᠨ ᠳᠠᠭᠠᠨ ᠬᠠᠨᠤᠵᠤ᠂ ᠦᠪᠡᠷ ᠢ ᠪᠠᠨ ᠦᠪᠡᠷ ᠶᠢᠡᠨ ᠥᠷᠡᠭ᠍ᠳᠡᠭᠦᠯᠭᠦ ᠪᠣᠶᠤ ᠬᠤᠭᠤᠰᠤᠨ ᠣᠩᠭᠢᠷᠭᠠᠳᠠᠬᠤ ᠶᠠᠪᠣᠳᠠᠯ ᠭᠦᠮᠤᠨ ᠠᠮᠢᠳᠠᠨ ᠳᠤ ᠮᠦᠨ ᠠᠳᠠᠯᠢᠠᠭᠨ ᠣᠷᠤᠰᠢᠳᠠᠭ᠃ ᠭᠦᠮᠤᠨ ᠠᠮᠢᠳᠠᠨ ᠤ ᠡᠢ᠌ᠮᠦᠷᠭᠦ ᠥᠵᠡᠭ᠍ᠳᠡᠯ ᠳᠤ ᠵᠥᠩᠳᠡᠭᠡᠨ ᠣᠶᠠᠷᠠᠬᠤ ᠬᠠᠵᠠᠭᠤ ᠳᠠᠯ᠎ᠠ ᠶᠢᠨ ᠣᠢ᠌ᠷᠠᠬᠠᠨ ᠡᠰᠡᠭᠦᠯ᠎ᠡ ᠬᠠᠮᠤᠭ ᠬᠤᠯᠠᠬᠠᠨ ᠬᠠᠷᠠᠭ᠎ᠠ ᠰᠡᠳᠬᠢᠯᠭᠡ ᠶᠢᠨ ᠳᠤᠭᠳᠤᠯᠤᠯ ᠨᠢ ᠵᠦᠪ ᠪᠣᠷᠤᠭᠤ ᠳᠠᠯ᠎ᠠ ᠶᠢᠨ ᠠᠯᠢ ᠳᠤ ᠨᠢ ᠴᠤ ᠭᠡᠰᠡᠨ ᠭᠦᠷᠭᠦ ᠦᠭᠡᠶ ᠭᠡᠵᠤ ᠦᠭᠡᠶ᠃ ᠬᠠᠷᠢᠨ ᠴᠠᠭ ᠮᠦᠴᠡ ᠯᠠ ᠣᠨ ᠣᠨ ᠤ ᠣᠷᠤᠰᠬᠠᠯ ᠶᠢᠡᠷ ᠶᠢᠡᠨ ᠡᠷᠭᠢᠵᠤ ᠪᠣᠴᠠᠯ ᠦᠭᠡᠶ ᠶᠠᠭᠤ ᠪᠦᠭᠦᠨ ᠢ ᠥᠯᠡᠳᠡᠭᠡᠯ ᠦᠭᠡᠶ ᠦᠵᠡᠨ ᠥᠩᠭᠡᠷᠡᠭᠡᠵᠤ ᠶᠠᠪᠣᠨ᠎ᠠ᠃ ᠪᠣᠳᠤᠯᠢᠶᠠᠠᠳᠤ ᠶ‍ᠢᠷᠳᠢᠠᠴᠤ ᠶᠢᠨ ᠪᠣᠢ ᠪᠦᠭᠦᠢ ᠶᠠᠭᠤᠮᠠᠨ ᠤ ᠳᠤᠳᠤᠷ᠎ᠠ ᠴᠠᠭ ᠤᠨ ᠥᠷᠡᠭ᠍ᠳᠡᠯ ᠪᠣᠯ ᠬᠠᠮᠤᠭ ᠤᠨ ᠬᠠᠷᠠᠮᠰᠠᠯ ᠲᠡᠶ᠃ ᠴᠠᠭ ᠢ ᠳᠠᠯᠠᠭᠠᠷ ᠰᠥᠢᠦᠡᠭᠡᠭᠦ ᠨᠢ ᠭᠦᠮᠤᠨ ᠪᠣᠯᠤᠭᠰᠠᠤᠨ ᠤᠨ ᠭᠤᠨᠢᠭᠳᠤ ᠵᠥᠴᠦᠭᠡ ᠰᠢᠭ᠌ ᠰᠠᠤᠠᠭᠢᠯ ᠡᠪᠭᠡᠷᠡᠮ᠎ᠡ ᠪᠠᠢ᠌ᠳᠠᠭ᠃ ᠳᠤᠰ ᠰᠡᠭᠦᠯᠴᠢ ᠶᠢᠨ ᠳᠦᠷᠪᠡᠨ ᠮᠦᠷ ᠲᠤ ᠴᠠᠭ ᠢ ᠭᠤᠤᠯᠴᠢᠯᠠᠭᠰᠠᠨ ᠪᠠᠢ᠌ᠨ᠎ᠠ᠃ ᠡᠨᠡᠭᠦ ᠭᠤᠤᠯᠴᠢᠯᠠᠯ ᠡᠴᠡ ᠰᠢᠯᠦᠭ᠍ᠴᠢ ᠶᠢᠨ ᠴᠠᠭ ᠤᠨ ᠳᠦᠯᠦᠭᠡ ᠰᠠᠨᠠᠭᠠᠰᠢᠷᠠᠨ ᠴᠠᠭ ᠢ ᠬᠠᠷᠠᠮᠨᠠᠭᠰᠠᠨ ᠴᠠᠭᠴᠢ ᠦᠵᠡᠯ ᠰᠡᠳᠬᠢᠯᠭᠡ ᠶᠢ ᠮᠠᠳᠠᠵᠤ ᠪᠣᠯᠤᠨ᠎ᠡ᠃

ᠪᠠᠢ᠌ᠭᠠᠯᠢ ᠶᠢᠨ ᠥᠵᠡᠭ᠍ᠳᠡᠯ ᠢ ᠳᠦᠷᠰᠦᠯᠡᠭᠦ ᠪᠠᠷ ᠳᠠᠮᠵᠢᠭᠤᠯᠤᠨ ᠭᠦᠮᠤᠨ ᠨᠡᠢ᠌ᠭᠡᠮ ᠤᠨ ᠪᠣᠳᠠᠳᠤ ᠭᠡᠷᠡᠭ᠌ ᠣᠴᠢᠷ ᠢ ᠪᠣᠳᠤᠭᠳᠤ ᠥᠩᠭᠡ ᠪᠠᠷ ᠵᠢᠷᠤᠭᠯᠠᠭᠰᠠᠨ ᠳᠤᠰ ᠰᠢᠯᠦᠭ᠌ ᠪᠣᠯ ᠶᠤᠰᠤᠳᠠᠢ ᠰᠤᠨᠢᠷᠬᠠᠯ ᠳᠠᠳᠠᠭᠰᠠᠨ ᠠᠮᠳᠠᠯᠢᠭ ᠨᠠᠢ᠌ᠷᠠᠭ ᠲᠤ ᠳᠤᠭᠠᠴᠢᠭᠳᠠᠨ᠎ᠠ᠃ ᠰᠢᠯᠦᠭ᠍ᠴᠢ ᠭᠦᠮᠤᠨ ᠤ ᠭᠢᠷᠠᠬᠠᠢ ᠬᠠᠷᠠᠭ᠎ᠠ᠂ ᠭᠡᠷᠡᠯᠯᠢᠭ᠌ ᠰᠠᠷᠠᠯ ᠣᠬᠠᠭᠠᠨ ᠳᠤ ᠪᠠᠢ᠌ᠭᠠᠯᠢ ᠳᠡᠯᠡᠭᠡᠢ ᠳᠠᠷᠠ ᠭᠡᠪ ᠶᠢᠡᠷ ᠶᠢᠡᠨ ᠭᠦᠮᠤᠨ ᠯᠦᠭᠡ ᠢᠵᠢᠯᠢᠭᠡᠨ ᠣᠷᠤᠰᠢᠵᠤ᠂ ᠪᠣᠳᠠᠰ ᠢ ᠠᠮᠢᠯᠠᠭᠤᠯᠤᠨ ᠠᠮᠢᠳᠤᠷᠠᠯ ᠪᠠ ᠰᠡᠳᠬᠢᠯᠭᠡ ᠪᠠᠷ ᠭᠦᠳᠡᠯᠭᠡᠭᠡᠡᠵᠢᠭᠦᠯᠤᠨ ᠭᠡᠪ ᠨᠠᠮᠪᠠᠵᠢᠭᠤᠯᠬᠤ ᠣᠷᠠᠨ ᠰᠠᠤᠠᠭᠢᠮᠵᠢ ᠳᠦᠭᠦᠷᠡᠩ ᠴᠠᠯᠭᠢᠶᠠᠯᠠᠵᠤ ᠢᠷᠡᠳᠡᠭ᠌᠃ ᠳᠤᠰ ᠨᠠᠢ᠌ᠷᠠᠭ ᠤᠨ ᠴᠥᠷᠭᠦᠯᠡᠭᠡ ᠪᠣᠯ ᠵᠢᠷᠤᠭᠯᠠᠯ ᠳᠤᠳᠤ᠂ ᠰᠠᠤᠠᠭᠢᠮᠵᠢ ᠥᠷᠭᠡᠨ᠂ ᠰᠡᠳᠦᠪᠯᠡᠭᠦᠨ ᠠᠮᠢᠳᠤᠯᠢᠭ᠂ ᠣᠤᠠᠬ᠎ᠠ ᠭᠦᠨ᠂ ᠳᠤᠰᠬᠠᠯ ᠴᠢᠩᠭ᠎ᠠ᠂ ᠳᠦᠷᠰᠦᠯᠠᠯ ᠪᠣᠳᠠᠳᠠᠢ᠂ ᠳᠦᠯᠦᠭᠡᠯᠡᠯ ᠵᠦᠪ ᠪᠣᠯᠤᠭᠰᠠᠨ ᠵᠡᠷᠭᠡ ᠪᠠᠷ ᠶᠢᠡᠨ ᠵᠢᠩᠭᠢᠨᠢ ᠬᠠᠷᠠᠭ᠎ᠠ ᠰᠠᠤᠠᠭᠢᠯ ᠬᠤᠵᠢᠷᠯᠠᠬᠤ ᠨᠢᠭᠡᠨ ᠬᠤᠪᠢ ᠳᠤᠰᠤᠨ ᠵᠢᠷᠤᠭ ᠰᠢᠭ ᠪᠣᠯᠤᠯ᠎ᠠ ᠭᠡᠵᠤ ᠪᠢ ᠦᠵᠡᠵᠤ ᠪᠠᠢ᠌ᠨ᠎ᠠ᠃ ᠭᠡᠳᠥᠢᠪᠠᠷ ᠭᠢᠳᠠᠤᠨ ᠰᠢᠯᠦᠭ᠌ ᠤᠨ ᠦᠨᠦᠷ ᠠᠮᠳᠠ ᠪᠠᠷ ᠵᠢᠭᠠᠬᠠᠨ ᠭᠡᠯᠪᠠᠷᠢᠵᠢᠭ᠍ᠰᠡᠨ ᠰᠢᠤ ᠰᠠᠨᠠᠭᠳᠠᠯ᠎ᠠ ᠴᠤ ᠥᠭᠡᠷ᠎ᠡ ᠦᠨᠳᠦᠰᠦᠳᠠᠨ ᠤ ᠣᠷᠠᠨ ᠵᠤᠬᠢᠶᠠᠯ ᠤᠨ ᠣᠷᠠᠯᠢᠭ ᠢ ᠦᠪᠡᠷ ᠤᠨ ᠣᠷᠠᠨ ᠵᠤᠬᠢᠶᠠᠯ ᠳᠠᠭᠠᠨ ᠣᠶᠠᠯᠳᠤᠭᠤᠯᠤᠨ ᠥᠢᠯᠡᠳᠦᠯᠭᠡᠵᠢᠭᠦᠯᠭᠦ ᠨᠢ ᠮᠦᠨᠴᠤ ᠨᠢᠭᠡ ᠵᠣᠢ᠌ᠯ ᠤᠨ ᠡᠷᠢᠯᠳᠡ ᠬᠠᠢ᠌ᠯᠳᠠ ᠶᠢᠨ ᠰᠢᠨᠠᠴᠢᠯᠠᠯ ᠤᠨ ᠭᠡᠯᠪᠢᠷᠢ ᠪᠠᠢ᠌ᠵᠤ ᠳᠠᠭᠠᠷᠠᠨ᠎ᠠ᠃ ᠳᠤᠮᠳᠠᠳᠤ ᠣᠯᠤᠰ ᠤᠨ ᠣᠷᠠᠨ ᠵᠤᠬᠢᠶᠠᠯ ᠪᠣᠯ ᠭᠢᠳᠠᠤᠨ ᠦᠨᠳᠦᠰᠦᠳᠠᠨ ᠤ ᠣᠷᠠᠨ ᠵᠤᠬᠢᠶᠠᠯ ᠶᠢᠡᠷ ᠭᠤᠤᠯ ᠪᠣᠯᠭᠠᠭᠰᠠᠨ ᠣᠯᠠᠨ ᠦᠨᠳᠦᠰᠦᠳᠠᠨ ᠤ ᠣᠷᠠᠨ ᠵᠤᠬᠢᠶᠠᠯ ᠪᠣᠯᠤᠨ᠎ᠡ ᠭᠡᠰᠡᠨ ᠵᠠᠷᠢᠮ ᠡᠷᠳᠡᠮᠳᠡᠨ ᠮᠡᠷᠭᠡᠤᠨ ᠤᠨ ᠭᠡᠯᠡᠭ᠍ᠰᠡᠨ ᠰᠢᠭ᠌ ᠴᠥᠭᠡᠨ ᠳᠤᠭᠠᠳᠤ ᠦᠨᠳᠦᠰᠦᠳᠠᠨ ᠤ ᠣᠷᠠᠨ ᠵᠤᠬᠢᠶᠠᠯ ᠨᠢ ᠭᠢᠳᠠᠤᠨ ᠦᠨᠳᠦᠰᠦᠳᠠᠨ ᠤ ᠣᠷᠠᠨ ᠵᠤᠬᠢᠶᠠᠯ ᠤᠨ ᠳᠤᠭᠤᠷᠢᠨ ᠳᠤ ᠬᠤᠰᠢᠭᠤᠴᠢ ᠣᠢ᠌ᠯᠠᠳᠤᠯ ᠭᠠᠷᠭᠠᠵᠤ᠂ ᠭᠢᠳᠠᠤᠨ ᠤᠨ ᠣᠷᠠᠨ ᠵᠤᠬᠢᠶᠠᠯ ᠡᠴᠡ ᠵᠠᠷᠢᠮ ᠳᠠᠯ᠎ᠠ ᠪᠠᠷ ᠵᠤᠭᠢᠬᠤ ᠰᠢᠮ᠎ᠠ ᠳᠡᠵᠢᠭᠡᠯ ᠭᠦᠷᠳᠡᠵᠤ ᠪᠠᠢ᠌ᠭ᠎ᠠ ᠨᠢ ᠦᠨᠡᠨ ᠶᠤᠮ᠃ ᠣᠷᠠᠨ ᠵᠤᠬᠢᠶᠠᠯ ᠢᠷᠠᠭᠤ ᠨᠠᠢ᠌ᠷᠠᠭ ᠰᠤᠨᠢᠷᠬᠠᠬᠤ ᠭᠡᠭ᠍ᠴᠢ ᠰᠠᠢ᠌ᠬᠠᠨ ᠪᠠᠢ᠌ᠳᠠᠭ᠃ ᠦᠪᠡᠷ ᠤᠨ ᠳᠤᠷ᠎ᠠ ᠰᠤᠨᠢᠷᠠᠭᠯ ᠳᠤ ᠭᠦᠷᠦᠭ᠍ᠰᠡᠨ ᠳᠤᠰ ᠰᠢᠯᠦᠭ᠌ ᠢ ᠰᠢᠯᠦᠭ᠍ᠴᠢ ᠶᠢᠨ ᠭᠢᠨᠢ ᠦᠵᠡᠯᠳᠠ ᠬᠠᠷᠠᠯᠳᠠ ᠶᠢ ᠬᠠᠮᠢᠶᠠᠷᠤᠯ ᠦᠭᠡᠶ ᠪᠠᠷ ᠪᠣᠳᠤᠯ ᠳᠠᠨᠢᠯᠳᠠ ᠶᠢᠨ ᠶᠢᠡᠨ ᠪᠣᠷᠤ ᠰᠠᠤᠠᠭᠢᠴᠠ ᠪᠠᠷ ᠭᠡᠳᠤᠨ ᠥᠭᠡ ᠭᠡᠯᠭᠢᠭ᠍ᠰᠡᠨ ᠨᠢ ᠰᠢᠭᠦᠮᠵᠢ ᠪᠢᠰᠢ ᠰᠢᠯᠦᠭ᠌ ᠰᠤᠨᠢᠷᠬᠠᠭᠭᠰᠠᠨ ᠵᠥᠪᠭᠡᠨ ᠬᠤᠪᠢ ᠪᠠᠶ᠎ᠠ ᠶᠢᠨ ᠳᠠᠳᠠᠯᠭᠠᠨ ᠭᠡᠳᠡᠭ᠌ ᠢ ᠨᠠᠢ᠌ᠷᠠᠭᠴᠢ ᠭᠤᠸᠠᠢ ᠪᠣᠯᠤᠨ ᠨᠠᠢ᠌ᠷᠠᠭ ᠲᠤ ᠬᠠᠢ᠌ᠷᠳᠠᠢ᠂ ᠨᠠᠳᠠ ᠬᠠᠢ᠌ᠷᠠᠳᠠᠢ ᠣᠷᠠᠨ ᠰᠤᠨᠢᠷᠬᠠᠭᠴᠢᠳ ᠮᠢᠨᠢ ᠣᠢ᠌ᠯᠠᠭᠠᠷᠠᠢ ᠭᠡᠵᠤ ᠵᠢᠷᠤᠭ ᠰᠢᠭ ᠨᠠᠢ᠌ᠷᠠᠭ ᠤᠨ ᠳᠤᠬᠠᠢ ᠥᠭᠦᠯᠡᠭ᠍ᠰᠡᠨ ᠳᠤᠰ ᠣᠬᠤᠷ ᠵᠤᠬᠢᠶᠠᠯ ᠶᠢᠡᠨ ᠳᠠᠪᠬᠤᠷ ᠴᠡᠭᠯᠡᠯ᠎ᠡ᠃

ᠵᠤᠬᠢᠶᠠᠭᠴᠢ ᠶᠢᠨ ᠬᠠᠶ‍ᠢᠭ ᠄ ᠭᠦᠭᠡ‍ᠨᠡᠭᠤᠷ ᠮᠤᠵᠢ ᠶᠢᠨ ᠬᠠᠢ᠌ᠰᠢ ᠵᠸᠤ ᠶᠢᠨ ᠳᠡᠯᠡᠭᠡᠢ ᠬᠤᠳᠠ


ᠵᠤᠬᠢᠶᠠᠭᠴᠢ᠄ ᠪᠠ᠊·ᠭᠠᠨᠵᠤᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯ ᠰᠢᠭᠦᠮᠵᠢ
ᠳᠠᠷᠤᠮ᠄ 2355
ᠴᠠᠭ᠄ 2010 ᠤᠨ ᠤ 06 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁