ᠠᠷᠪᠠᠨ ᠭᠤᠷᠪᠠᠳᠤᠭᠠᠷ ᠵᠠᠭᠤᠨ

ᠠᠷᠪᠠᠨ ᠭᠤᠷᠪᠠᠳᠤᠭᠠᠷ ᠵᠠᠭᠤᠨ ᠭᠡᠵᠤ

ᠮᠤᠩᠭ᠋ᠤᠯ ᠵᠠᠭᠤᠨ ᠪᠣᠯᠵᠤ ᠬᠠᠷᠠᠭᠳᠠᠨ᠎ᠠ

ᠮᠤᠩᠭ᠋ᠤᠯ ᠤᠨ ᠵᠠᠭᠤᠨ ᠪᠣᠯᠵᠤ ᠶᠠᠷᠢᠭᠳᠠᠨ᠎ᠠ

ᠠᠳᠤᠭᠤᠨ ᠳᠦᠪᠠᠷᠭᠡᠨ ᠨᠢ ᠤᠢ᠌ᠷᠠᠳᠤᠵᠤ ᠬᠤᠯᠠᠳᠠᠨ᠎ᠠ

ᠠᠬᠠᠷ ᠰᠠᠯᠠᠮ᠎ᠠ ᠨᠢ ᠭᠢᠯᠠᠯᠵᠠᠵᠤ ᠭᠡᠷᠡᠯᠳᠤᠨ᠎ᠡ


ᠠᠷᠪᠠᠨ ᠭᠤᠷᠪᠠᠳᠤᠭᠠᠷ ᠵᠠᠭᠤᠨ ᠭᠡᠵᠤ

ᠮᠤᠷᠢᠳᠠᠢ ᠭᠦᠮᠤᠨ ᠪᠣᠯᠵᠤ ᠬᠠᠷᠠᠭᠳᠠᠨ᠎ᠠ

ᠮᠤᠷᠢᠨ ᠳᠡᠭᠡᠷᠡᠭᠢ ᠳᠡᠯᠡᠭᠡᠢ ᠪᠣᠯᠵᠤ ᠶᠠᠷᠢᠭᠳᠠᠨ᠎ᠠ

ᠮᠤᠩᠭ᠋ᠤᠯ ᠳᠠᠢ᠌ᠨ ᠪᠣᠯᠵᠤ ᠪᠢᠴᠢᠭ᠍ᠳᠡᠨ᠎ᠡ

ᠮᠤᠩᠭ᠋ᠤᠯ ᠳᠤᠲ᠋ᠸᠮ ᠪᠣᠯᠵᠤ ᠰᠢᠳᠦᠭ᠍ᠳᠡᠨ᠎ᠡ


ᠠᠷᠪᠠᠨ ᠭᠤᠷᠪᠠᠳᠤᠭᠠᠷ ᠵᠠᠭᠤᠨ ᠭᠡᠵᠤ

ᠠᠭᠤᠳᠠᠮ ᠮᠤᠩᠭ᠋ᠤᠯ ᠪᠣᠯᠵᠤ ᠬᠠᠷᠠᠭᠳᠠᠨ᠎ᠠ

ᠠᠭᠤᠯᠠ ᠣᠰᠤ ᠨᠢ ᠮᠤᠩᠭ᠋ᠤᠯ ᠤᠨ ᠪᠣᠯᠵᠤ ᠶᠠᠷᠢᠭᠳᠠᠨ᠎ᠠ

ᠣᠤᠭᠤᠭᠰᠠᠨ ᠰᠠᠷᠬᠤᠤᠨ ᠨᠢ ᠳᠠᠮᠢᠷ ᠪᠣᠯᠵᠤ ᠡᠷᠴᠢᠯᠡᠭ᠍ᠳᠡᠨ᠎ᠡ

ᠣᠴᠠᠷᠠᠭᠰᠠᠨ ᠭᠡᠦᠭᠡᠨ ᠨᠢ ᠣᠬᠠᠭᠠᠨ ᠪᠣᠯᠵᠤ ᠳᠠᠨᠢᠭᠳᠠᠨ᠎ᠠ


ᠠᠷᠪᠠᠨ ᠭᠤᠷᠪᠠᠳᠤᠭᠠᠷ ᠵᠠᠭᠤᠨ ᠭᠡᠵᠤ

ᠳᠡᠦᠭᠡ ᠶᠢᠨ ᠵᠠᠭᠤᠨ ᠪᠣᠯᠵᠤ ᠬᠠᠷᠠᠭᠳᠠᠨ᠎ᠠ

ᠳᠠᠮᠤᠵᠢᠨ ᠤ ᠵᠠᠭᠤᠨ ᠪᠣᠯᠵᠤ ᠶᠠᠷᠢᠭᠳᠠᠨ᠎ᠠ

ᠳᠦᠷᠦᠭᠡᠨ ᠳᠡᠭᠡᠷᠡᠭᠢ ᠳᠤᠤᠯᠢ ᠪᠣᠯᠵᠤ ᠪᠢᠴᠢᠭ᠍ᠳᠡᠨ᠎ᠡ

ᠳᠦᠭᠦᠮ ᠦᠭᠡᠶ ᠪᠠᠳᠤᠶᠤᠰᠤ ᠪᠣᠯᠵᠤ ᠬᠤᠴᠤᠷᠤᠨ᠎ᠠ ᠁


ᠵᠤᠬᠢᠶᠠᠭᠴᠢ ᠶᠢᠨ ᠬᠠ‍‌ᠶᠢᠭ ᠄ ᠭᠦᠯᠤᠨ ᠪᠣᠢ᠌ᠷ ᠬᠤᠳᠠ ᠶᠢᠨ ᠰᠢᠨ᠎ᠡ ᠪᠠᠷᠭᠤ ᠵᠡᠭᠦᠨ ᠬᠤᠰᠢᠭᠤᠨ ᠤ ᠠᠵᠢᠯ ᠮᠡᠷᠭᠡᠵᠢᠯ ᠤᠨ ᠳᠤᠮᠳᠠᠳᠤ ᠰᠤᠷᠭᠠᠭᠤᠯᠢ

ᠵᠤᠬᠢᠶᠠᠭᠴᠢ᠄ ᠪᠣᠷᠵᠢᠭᠢᠨ ᠷᠢᠠᠴᠢᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1627
ᠴᠠᠭ᠄ 2012 ᠤᠨ ᠤ 09 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ