ᠨᠠᠳᠠᠳᠤ ᠣᠷᠮ᠎ᠠ ᠬᠠᠢ᠌ᠷᠠᠯᠠᠭᠠᠴᠢ

ᠨᠠᠳᠠᠳᠤ ᠣᠷᠮ᠎ᠠ ᠬᠠᠢ᠌ᠷᠠᠯᠠᠭᠠᠴᠢ

ᠪᠣᠯᠵᠤ ᠪᠠᠢ᠌ᠨ᠎ᠠ ᠳ᠋ᠠ᠂ ᠴᠢᠷᠮᠠᠢ ᠭᠡᠵᠤ

ᠪᠣᠷᠠᠮ ᠤᠨ ᠨᠢᠭᠡ ᠥᠭᠡ ᠬᠠᠢ᠌ᠷᠠᠯᠠᠭᠠᠴᠢ

ᠪᠣᠰᠢᠭᠤᠯᠠᠭᠠᠴᠢ ᠳ᠋ᠠ᠂ ᠠᠮᠵᠢᠵᠤ ᠪᠢᠴᠢ ᠭᠡᠵᠤ

ᠪᠣᠯᠤᠳ ᠤᠨ ᠴᠢᠩᠭ᠎ᠠ ᠵᠤᠷᠢᠭ ᠬᠠᠢ᠌ᠷᠠᠯᠠᠭᠠᠴᠢ

ᠪᠣᠷᠤᠭᠤᠳᠠᠭᠰᠠᠨ ᠴᠤ ᠵᠠᠰᠠᠭᠠᠤᠨ ᠁ ᠭᠡᠵᠤ

ᠪᠣᠴᠠᠭᠠᠰᠢ ᠦᠭᠡᠶ 《ᠦᠨᠡᠨ》 ᠊ᠢ ᠬᠠᠢ᠌ᠷᠠᠯᠠᠭᠠᠴᠢ


ᠤᠢ᠌ᠴᠢᠭᠤᠵᠠᠢ ᠭᠡᠷᠰᠤᠯᠡ ᠭᠡᠵᠤ

ᠣᠬᠠᠭᠠᠨ ᠤ ᠭᠢᠯᠠᠰ ᠣᠴᠢ ᠬᠠᠢ᠌ᠷᠠᠯᠠᠭᠠᠴᠢ

ᠤᠢ᠌ᠴᠢᠭᠰᠠᠨ ᠴᠤ ᠶᠠᠭᠠᠭᠢᠬᠤ ᠪᠣᠢ᠂ ᠪᠣᠰᠤᠭᠠᠤᠨ︕ ᠭᠡᠵᠤ

ᠣᠴᠢᠭ ᠤᠨ ᠳᠤᠯᠭᠠᠭᠤᠷᠢ ᠢᠳᠡᠭᠡᠯ ᠬᠠᠢ᠌ᠷᠠᠯᠠᠭᠠᠴᠢ

ᠨᠠᠷᠠᠳᠤ ᠳᠤ ᠭᠦᠮᠤᠨ ᠪᠣᠯᠬᠤ ᠰᠠᠢ᠌ᠬᠠᠨ

ᠨᠠᠳᠠ ᠰᠢᠭ ᠭᠦᠮᠤᠨ

ᠭᠦᠮᠤᠨ ᠪᠣᠯᠤᠭᠠᠤᠨ ᠬᠤᠷᠸ᠎ᠠ ᠳᠤ

ᠭᠦᠮᠤᠨ ᠤ ᠪᠠᠨ ᠰᠠᠢ᠌ᠨ ᠢ ᠭᠦᠷᠳᠡᠭᠦ ᠰᠠᠢ᠌ᠬᠠᠨ

ᠭᠦᠰᠡᠯ ᠨᠢ ᠳᠠᠩᠳᠠ ᠭᠤᠶᠤ ᠪᠠᠢ᠌ᠳᠠᠭ ᠴᠤ

ᠭᠦᠰᠡᠷᠳᠡᠭᠦ ᠶᠢᠨ ᠥᠵᠦᠭᠦᠷ ᠰᠥᠭᠦᠷᠡᠭᠦᠯᠵᠤ ᠣᠷᠭᠢᠳᠠᠭ

ᠭᠦᠴᠢᠷ ᠨᠢ ᠳᠡᠩᠳᠡᠭᠦᠤ ᠣᠷᠴᠢᠯᠠᠩ ᠳᠠᠭᠠᠨ

ᠭᠦᠮᠤᠨ ᠨᠢ ᠭᠦᠮᠤᠨ ᠳᠡᠭᠡᠨ

ᠭᠦᠴᠤ ᠦᠭ‍ᠭᠦ ᠪᠠᠰᠠ ᠴᠤ ᠰᠠᠢ᠌ᠬᠠᠨ


ᠨᠠᠳᠠᠳᠤ ᠣᠷᠮ᠎ᠠ ᠬᠠᠢ᠌ᠷᠠᠯᠠᠭᠠᠴᠢ

ᠨᠠ᠊ · ᠭᠡᠭᠡᠡᠰᠡᠷᠡ ᠳᠤ ᠣᠷᠮ᠎ᠠ ᠬᠠᠢ᠌ᠷᠠᠯᠠᠭᠠᠴᠢ ᠡ


ᠵᠤᠬᠢᠶᠠᠭᠴᠢ ᠶᠢᠨ ᠬᠠᠶ‍ᠢᠭ᠄ ᠦᠪᠣᠷ ᠮᠤᠩᠭ᠋ᠤᠯ ᠤᠨ ᠨᠡᠢ᠌ᠭᠡᠮ ᠤᠨ ᠰᠢᠡᠵᠢᠯᠡᠭᠦ ᠣᠬᠠᠭᠠᠨ ᠤ ᠭᠦᠷᠢᠶᠡᠯᠡᠩ ᠤᠨ ᠣᠤᠠᠬ᠎ᠠ ᠵᠤᠬᠢᠶᠠᠯ ᠰᠤᠳᠤᠯᠬᠤ ᠭᠠᠵᠠᠷ

ᠵᠤᠬᠢᠶᠠᠭᠴᠢ᠄ ᠨᠠ᠊·ᠭᠡᠭᠡᠡᠰᠡᠷᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1416
ᠴᠠᠭ᠄ 2010 ᠤᠨ ᠤ 06 ᠰᠠᠷ᠎ᠠ ᠶᠢᠨ 24
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁