ᠡᠵᠢ

᠊᠊᠊᠊᠊᠊᠊᠊᠊᠊᠊᠊᠊᠊᠊ ᠡᠵᠢ ᠡ ︕ ᠭᠤᠶᠤᠶ᠎ᠠ ᠃ ᠨᠠᠮᠠᠶ᠋ᠢ ᠳᠠᠷᠠ ᠵᠥᠭ᠌ ᠪᠣᠤ ᠯᠠ ᠳᠦᠯᠭᠢᠴᠢᠭᠡ ᠃ ᠳᠠᠨ ᠢ ᠭᠡᠨ ᠠᠰᠠᠷᠠᠨ᠎ᠠ ᠳ᠋ᠠ ︕ ᠡᠵᠢ ᠮᠢᠨᠢ ᠭᠡᠵᠤ ᠴᠣᠢ᠌ᠷᠠᠭ ᠬᠠᠳᠠᠪᠴᠢ ᠭᠤᠤᠯᠴᠢᠯᠠᠨ ᠭᠤᠷᠣᠢ᠌ᠳᠠᠯ᠎ᠠ ᠰᠥᠭᠦᠦᠡᠴᠤ ᠂ ᠡᠨᠡᠷᠢᠯ ᠤᠨ ᠳᠡᠭ᠍ᠷᠢ ᠡᠵᠢ ᠡᠴᠡ ᠪᠠᠨ ᠠᠭᠤᠴᠢᠯᠠᠯ ᠭᠦᠰᠡᠨ ᠨᠢᠯᠪᠣᠰᠤ ᠪᠦᠮᠪᠦᠷᠢᠭᠦᠯᠦᠨ᠎ᠡ ᠃

᠊᠊᠊᠊᠊᠊᠊᠊᠊᠊᠊᠊᠊᠊᠊ ᠪᠢ ᠲᠦᠯᠭᠢᠵᠤ ᠦᠦ ︖ ᠴᠢᠮ᠎ᠠ ᠶᠢ᠂ ᠶᠠᠪᠣᠭᠰᠠᠨ ᠶᠢᠡᠨ ᠦᠵᠡ ᠃ ᠡᠴᠢᠭᠡ ᠶᠢᠨ ᠶᠢᠡᠨ ᠶᠠᠰᠤ ᠶᠢ ᠱᠠᠷᠭᠢᠷᠠᠭᠤᠯᠵᠤ ᠂ ᠡᠪᠦᠭᠡᠤᠨ ᠤᠨ ᠶᠢᠡᠨ ᠰᠦᠷ ᠢ ᠭᠤᠳᠤᠭᠠᠬᠤ ᠳᠠᠭᠠᠨ᠁ ᠵᠠᠵᠢᠨ ᠦᠰᠦ ᠨᠢ ᠪᠣᠭᠤᠷᠤᠯᠳᠤᠵᠤ ᠂ ᠵᠠᠬ᠎ᠠ ᠠᠷᠠᠭ᠎ᠠ ᠨᠢ ᠣᠨᠠᠵᠤ ᠂ ᠵᠢᠷᠠᠨ ᠨᠠᠰᠤ ᠶᠢ ᠳᠦᠭᠦᠵᠤ ᠶᠠᠪᠣᠭ᠎ᠠ ᠱᠢᠷᠤᠨ ᠨᠠᠰᠤᠳᠠᠨ ᠣᠷᠤᠭᠤᠯ ᠣᠮᠪᠣᠯᠵᠠᠭᠤᠯᠤᠨ ᠂ ᠭᠡᠷᠡᠯ ᠨᠢ ᠪᠠᠭᠤᠷᠠᠭᠰᠠᠨ ᠶᠠᠭᠠᠨ ᠨᠢᠳᠤ ᠪᠠᠨ ᠭᠤᠷᠪᠠᠯᠵᠢᠯᠠᠨ ᠂ ᠳᠠᠶᠠᠭ ᠡᠷᠭᠦᠨ ᠭᠦᠤ ᠶᠢᠨ ᠶᠢᠡᠨ ᠮᠠᠩᠨᠠᠢ ᠶᠢ ᠴᠢᠴᠢᠵᠤ ᠄

᠊᠊᠊᠊᠊᠊᠊᠊᠊᠊᠊᠊᠊᠊᠊ ᠦᠷ᠎ᠡ ᠦᠦ ᠳ᠋ᠠ ︕ ᠵᠢᠷᠦᠭᠡ ᠭᠡᠵᠤ ᠦᠰᠦ ᠪᠠᠨ ᠳᠡᠭᠦᠵᠤ ᠂ ᠶᠠᠰᠤ ᠪᠠᠨ ᠴᠠᠢ᠌ᠯᠭᠠᠵᠤ ᠶᠠᠪᠣᠭᠰᠠᠨ ᠡᠵᠢ ᠴᠢᠨᠢ ᠂ ᠴᠢᠮ᠎ᠠ ᠡᠴᠡ ᠡᠭᠦᠨ ᠢ ᠭᠦᠰᠡᠭ᠍ᠰᠡᠨ ᠦᠦ ︖

᠊᠊᠊᠊᠊᠊᠊᠊᠊᠊᠊᠊᠊᠊᠊ ᠳᠠᠢ᠌ᠮᠤ ᠡ ︕ ᠡᠵᠢ ᠡ ︕ ᠭᠦᠤ ᠴᠢᠨᠢ ᠪᠢ ᠥᠳᠡᠯᠦᠭᠡ ᠨᠠᠰᠤ ᠶᠢ ᠴᠢᠨᠢ ᠪᠠᠶᠠᠨ ᠡᠯᠪᠠᠭ᠌ ᠂ ᠠᠮᠤᠷ ᠵᠢᠷᠭᠠᠯ ᠲᠡᠶ ᠪᠠᠶᠠᠰᠤᠩᠭ᠋ᠤᠢ ᠪᠠᠢ᠌ᠯᠭᠠᠶ᠎ᠠ ᠭᠡᠵᠤ ᠪᠣᠳᠤᠭᠰᠠᠨ ᠡᠴᠡ ᠡᠨᠡ ᠵᠠᠮ ᠢ ᠭᠡᠨᠡᠨ ᠠᠯᠬᠤᠴᠢᠬᠠᠯ᠎ᠠ ᠭᠡᠵᠤ ᠴᠣᠢ᠌ᠷᠠᠭ ᠳᠦᠷᠪᠡᠨ ᠮᠦᠴᠢᠯᠠᠨ ᠮᠥᠯᠭᠦᠵᠤ ᠂ ᠡᠵᠢ ᠶᠢᠨ ᠶᠢᠡᠨ ᠦᠯᠮᠡᠢ ᠶᠢ ᠦᠨᠦᠰᠤᠨ ᠂ ᠡᠪᠦᠳᠦᠭ᠌ ᠶᠢᠡᠷ ᠨᠢ ᠳᠠᠪᠠᠷᠢᠨ ᠦᠷ᠎ᠡ ᠪᠠᠨ ᠭᠡᠰᠡᠨ ᠰᠠᠤᠠᠭᠢᠯ ᠢ ᠨᠢ ᠰᠢᠷᠬᠠᠯᠠᠭᠰᠠᠨ ᠳᠠᠭᠠᠨ ᠡᠭ᠍ᠰᠢᠨ ᠮᠡᠭ᠍ᠰᠢᠨ ᠣᠭᠢᠯᠠᠬᠤ ᠳᠤ ᠱᠢᠷᠤᠨ ᠨᠠᠰᠤᠳᠠᠨ ᠤ ᠬᠤᠶᠠᠷ ᠭᠦᠯ ᠨᠢ ᠴᠠᠴᠠᠷᠭᠢᠨᠠᠨ ᠂ ᠳᠤᠳᠤᠷ᠎ᠠ ᠨᠢ ᠪᠡᠯᠡᠷᠡᠨ᠎ᠡ ᠃ ᠵᠢᠪᠠᠷ ᠰᠠᠯᠭᠢᠨ ᠳᠤ ᠣᠳᠠᠭᠠᠨ ᠡᠳᠦᠷ ᠵᠤᠵᠠᠭᠠᠨ ᠬᠤᠨᠤᠭ ᠴᠤᠭᠢᠭᠳᠠᠭᠰᠠᠨ ᠮᠠᠩᠬᠠᠨ ᠠᠷ ᠰᠢᠭ ᠪᠣᠯᠤᠭᠰᠠᠨ ᠮᠠᠩᠨᠠᠢ ᠶᠢᠨ ᠣᠯᠠᠨ ᠣᠯᠠᠨ ᠂ ᠵᠤᠷᠪᠣᠰ ᠵᠤᠷᠪᠣᠰ ᠬᠤᠨᠢᠶᠠᠰᠤ ᠨᠢ ᠬᠠᠳᠠᠭᠤ ᠪᠠᠷᠭᠡᠰᠢᠶᠡᠯᠳᠤ ᠠᠮᠢᠳᠤᠷᠠᠯ ᠤᠨ ᠣᠷᠳᠤ ᠳᠤᠤᠯᠢ ᠶᠢ ᠳᠡᠯᠭᠡᠭᠦ ᠰᠢᠭ᠌ ᠮᠦᠷᠠᠰ ᠮᠦᠷᠠᠰ ᠳᠠᠳᠠᠯᠳᠤᠨ᠎ᠠ ᠃

ᠪᠠᠶᠠᠨ ᠪᠠᠳᠠᠷᠠ ᠶᠢᠨ ᠬᠤᠨᠢ ᠶᠢ ᠬᠠᠷᠢᠭᠤᠯᠵᠤ ᠶᠠᠪᠣᠭᠰᠠᠨ ᠳᠤᠷᠵᠢ ᠬᠠᠪᠣᠷ ᠤᠨ ᠰᠡᠭᠦᠯ ᠂ ᠵᠤᠨ ᠤ ᠡᠭᠢᠨ ᠰᠠᠷ᠎ᠠ ᠳᠤ᠂ ᠠᠶᠠᠨ ᠤ ᠰᠢᠷᠭᠠᠯ ᠳᠤᠭᠤᠰᠤ ᠰᠢᠩᠭᠡᠷᠡᠭ᠍ᠰᠡᠨ ᠪᠣᠷᠤ ᠵᠠᠮ ᠢ ᠡᠯᠭᠦᠵᠤ ᠂ ᠭᠠᠭᠴᠠ ᠪᠠᠷ ᠭᠡᠷ ᠶᠢᠡᠨ ᠨᠡᠭᠦᠨ᠎ᠡ ᠃

ᠠᠶᠠᠨ ᠤ ᠠᠭᠠᠭ ᠲᠡᠶ ᠴᠠᠢ ᠪᠠᠨ ᠴᠢᠨᠠᠵᠤ ᠂ ᠡᠷ᠎ᠡ ᠨᠥᠭᠦᠷ ᠤᠨ ᠶᠢᠡᠨ ᠪᠦᠷᠦᠢ ᠳᠠᠰᠤᠷᠠᠳᠠᠯ᠎ᠠ ᠪᠣᠴᠠᠵᠤ ᠢᠷᠡᠭᠦ ᠦᠭᠡᠶ ᠳᠤ ᠱᠢᠷᠤᠨ ᠂ ᠭᠦᠤ ᠪᠠᠨ ᠳᠠᠭᠤᠳᠠᠵᠤ ᠂ ᠪᠠᠭᠤᠳᠠᠯ ᠶᠢᠡᠨ ᠰᠠᠭᠢᠭᠤᠯᠵᠤ ᠂ ᠬᠤᠷᠮᠤᠢ ᠰᠤᠭᠤᠪᠳᠠᠨ ᠬᠤᠨᠢᠨ ᠰᠥᠷᠦᠭ᠌ ᠶᠢᠡᠨ ᠳᠤᠰᠤᠨ ᠭᠦᠶ‍ᠦᠪᠡ ᠃ ᠳᠡᠭᠦᠨ ᠢ ᠭᠦᠷᠭᠦ ᠳᠤ᠂ ᠡᠷ᠎ᠡ ᠨᠥᠭᠦᠷ ᠨᠢ ᠵᠠᠮ ᠤᠨ ᠬᠠᠵᠠᠭᠤ ᠳᠤ ᠭᠠᠷᠬᠠᠯᠠᠨ ᠣᠨᠠᠵᠤ ᠳᠠᠪᠣᠰᠠᠩ ᠶᠢᠡᠨ ᠳᠠᠪᠠᠷᠢᠨ ᠶᠤᠤᠯᠠᠨ᠎ᠠ᠃ ᠰᠠᠷᠠᠯ ᠮᠤᠷᠢ ᠡᠵᠡᠨ ᠤ ᠬᠠᠪᠢ ᠳᠤ ᠳᠤᠯᠤᠭᠠᠢ ᠭᠤᠬᠤᠢ᠌ᠨ ᠵᠤᠭᠰᠤᠨ᠎ᠠ ᠃

᠊᠊᠊᠊᠊᠊᠊᠊᠊᠊᠊᠊᠊᠊᠊ ᠭᠦᠶ‍ᠢ ᠶᠠᠭᠠᠭᠢᠭᠰᠠᠨ ᠶᠤᠮ ᠡ ︕ ᠭᠡᠵᠤ ᠱᠢᠷᠤᠨ ᠨᠠᠰᠤᠳᠠᠨ ᠰᠠᠠᠳᠤᠷᠬᠤ ᠶᠢᠨ ᠡᠷᠭᠡᠨ ᠳᠤ ᠭᠦᠵᠦᠭᠦᠤ ᠪᠠᠷ ᠨᠢ ᠳᠠᠪᠠᠷᠢᠨ ᠳᠤᠤᠭᠠᠷᠬᠤ ᠳᠤ᠄

᠊᠊᠊᠊᠊᠊᠊᠊᠊᠊᠊᠊᠊᠊᠊ ᠳᠠᠪᠣᠰᠠᠩ ᠤᠨ ᠳᠤᠤᠷ᠎ᠠ ᠪᠠᠭᠯᠠᠷᠠᠵᠤ ᠡᠪᠠᠳᠦᠭᠡᠤᠨ ᠂ ᠵᠡᠭᠦᠨ ᠱᠠᠪᠢ ᠣᠷᠤᠭᠤ ᠬᠠᠤᠠᠬᠤᠵᠤ ᠪᠠᠢ᠌ᠨ᠎ᠠ ᠃ ᠨᠠᠮᠠᠢ᠌ ᠪᠣᠤ ᠭᠦᠳᠡᠯᠭᠡ ᠂ ᠴᠢ ᠬᠤᠷᠳᠤᠨ ᠳᠡᠷᠭᠡ ᠭᠡᠯᠢᠵᠤ ᠢᠷ᠎ᠠ ︕ ᠪᠠᠶᠠᠠᠴᠠᠭᠠᠨ ᠥᠭᠡᠳᠡ ᠶ‍ᠣ᠊ ᠶ‍ᠣ᠊ ᠁ ᠱᠢᠷᠤᠨ ᠰᠠᠷᠠᠯ ᠮᠤᠷᠢᠨ ᠤ ᠴᠤᠯᠪᠣᠭᠤᠷ ᠢ ᠰᠢᠭᠦᠷᠤᠨ ᠠᠯᠠᠪᠭᠢᠨ ᠮᠤᠷᠳᠠᠭᠠᠤᠨ ᠪᠠᠭᠤᠳᠠᠯ ᠵᠥᠭ᠌ ᠶᠢᠡᠨ ᠪᠣᠷᠤ ᠳᠤᠭᠤᠰᠤ ᠪᠣᠵᠢᠭᠢᠨᠠᠭᠤᠯᠤᠨ ᠶᠠᠪᠣᠭᠰᠠᠨ ᠶᠢᠡᠨ ᠣᠳᠠᠵᠤ ᠳᠦᠳᠠᠯ ᠦᠭᠡᠶ ᠨᠡᠭᠦᠳᠡᠯ ᠶᠢᠡᠨ ᠪᠣᠴᠠᠭᠠᠵᠤ ᠢᠷᠠᠪᠠ ᠃ ᠭᠦᠤ ᠲᠡᠶ ᠪᠠᠨ ᠬᠠᠮᠵᠢᠵᠤ ᠂ ᠨᠥᠭᠦᠷ ᠶᠢᠡᠨ ᠳᠡᠷᠭᠡᠨ ᠳᠤ ᠭᠠᠷᠭᠠᠭᠰᠠᠨ ᠶᠢᠡᠨ ᠬᠤᠨᠢᠨ ᠰᠥᠷᠦᠭ᠌ ᠶᠢᠡᠨ ᠬᠤᠮᠢᠭᠠᠤᠨ ᠮᠤᠷᠢ ᠳᠠᠰᠢᠭᠤᠷᠳᠠᠨ ᠪᠠᠶᠠᠠᠴᠠᠭᠠᠨ ᠤ ᠪᠠᠯᠵᠤᠤᠷ ᠮᠠᠮᠠ ᠶᠢᠨ ᠳᠤ ᠭᠦᠷᠭᠦ ᠳᠤ ᠭᠤᠷᠪᠠᠨ ᠡᠳᠦᠷ ᠤᠨ ᠡᠮᠦᠨ᠎ᠡ ᠬᠠᠯᠢᠰᠤᠳᠠᠢ ᠡᠴᠡ ᠭᠦᠮᠤᠨ ᠢᠷᠡᠭᠡᠤᠨ ᠡᠪᠠᠦᠡᠴᠢᠨ ᠥᠵᠡᠭᠦᠯᠭᠦ ᠪᠠᠷ ᠠᠪᠣᠭᠠᠤᠨ ᠶᠠᠪᠣᠭᠰᠠᠨ ᠭᠡᠰᠡᠨ ᠬᠠᠷᠢᠭᠤ ᠶᠢ ᠰᠤᠨᠤᠰᠴᠤ ᠣᠷᠤᠵᠤ ᠡᠭᠡᠭᠦ ᠪᠠᠨ ᠣᠯᠵᠤ ᠶᠠᠳᠠᠨ ᠮᠠᠯᠠᠷᠠᠵᠤ ᠮᠠᠯᠠᠷᠠᠵᠤ ᠂ ᠵᠢᠯᠤᠭᠤ ᠣᠷᠪᠠᠭᠤᠯᠤᠨ ᠳᠠᠷᠤᠵᠤ ᠂ ᠪᠣᠴᠠᠵᠤ ᠢᠷᠡᠭᠦ ᠳᠤ ᠭᠦᠤ ᠨᠢ ᠥᠭᠡᠷ ᠳᠡᠷᠭᠡᠨ ᠤ ᠪᠠᠨ ᠠᠷᠠᠯ ᠢ ᠲᠦᠰᠢᠨ ᠄

᠊᠊᠊᠊᠊᠊᠊᠊᠊᠊᠊᠊᠊᠊᠊ ᠡᠵᠢ ᠡ ︕ ᠠᠪᠣ ᠳᠤᠤᠭᠠᠷᠬᠤ ᠦᠭᠡᠶ ᠯᠠᠢ ᠂ ᠭᠡᠵᠤ ᠳᠡᠪᠭᠡᠴᠡᠨ ᠣᠭᠢᠯᠠᠨ᠎ᠠ ᠃

ᠱᠢᠷᠤᠨ ᠭᠦᠶ‍ᠦᠳᠡᠯ ᠮᠤᠷᠢᠨ ᠡᠴᠡ ᠦᠰᠦᠷᠤᠨ ᠪᠠᠭᠤᠵᠤ ᠂ ᠥᠭᠡᠷ ᠳᠡᠷᠭᠡᠨ ᠳᠡᠭᠡᠷ᠎ᠡ ᠮᠠᠴᠤᠨ ᠭᠠᠷᠴᠤ ᠥᠵᠡᠭᠡᠤᠨ ᠳᠤᠳᠤᠷ᠎ᠠ ᠨᠢ ᠬᠠᠷᠠᠩᠭ᠋ᠣᠢ᠌ᠯᠠᠵᠤ ᠣᠴᠢᠯ᠎ᠠ ᠃ ᠦᠷᠢᠶ᠎ᠠ ᠳᠦᠷᠦᠭᠡ ᠳᠡᠭᠡᠷ᠎ᠡ ᠦᠨᠦᠴᠢᠨ ᠪᠠᠯᠪᠠᠰᠤᠨ ᠬᠤᠶᠠᠷ ᠢ ᠬᠠᠶᠠᠭᠠᠤᠨ ᠶᠠᠪᠣᠭᠰᠠᠨ ᠨᠥᠭᠦᠷ ᠨᠢ ᠄

᠊᠊᠊᠊᠊᠊᠊᠊᠊᠊᠊᠊᠊᠊᠊ ᠭᠦᠤ ᠪᠠᠨ᠂ ᠭᠦᠤ ᠪᠠᠨ ᠭᠦᠮᠤᠨ ᠪᠣᠯᠭ᠎ᠠ ᠭᠡᠵᠤ ᠠᠮᠢᠰᠬᠤᠯ ᠬᠤᠷᠢᠶᠠᠳᠠᠯ᠎ᠠ ᠪᠠᠨ ᠳᠤᠤᠭᠠᠷᠴᠤ ᠪᠠᠢ᠌ᠭᠰᠠᠨ ᠢ ᠨᠢ ᠬᠤᠵᠢᠮ ᠨᠢ ᠭᠦᠤ ᠡᠴᠡ ᠪᠠᠨ ᠰᠤᠨᠤᠰᠴᠤ ᠂ ᠰᠢᠷ᠎ᠠ ᠡᠳᠦᠷ ᠪᠣᠷᠤ ᠬᠤᠨᠤᠭ ᠢ ᠥᠯᠦᠰᠭᠦᠯᠡᠩ ᠨᠢᠴᠦᠭᠦᠨ ᠤ ᠳᠤᠮᠳᠠ ᠳᠠᠯᠴᠢᠯᠠᠵᠤ ᠦᠨᠦᠳᠤᠷ ᠲᠤ ᠭᠦᠷᠴᠤ ᠢᠷᠡᠭ᠍ᠰᠡᠨ ᠤ ᠬᠠᠷᠢᠭᠤ ᠨᠢ ᠡᠨᠡ ᠭᠡᠵᠢ ᠦᠦ ︖ ᠭᠡᠵᠤ ᠱᠢᠷᠤᠨ ᠨᠠᠰᠤᠳᠠᠨ ᠤ ᠪᠣᠳᠤᠯ ᠤᠨ ᠭᠦᠨ ᠳ᠋ᠤᠨᠢ ᠭᠤᠨᠢᠭ ᠵᠢᠭᠤᠷᠠᠯᠳᠤᠨ᠎ᠠ ᠃

᠊᠊᠊᠊᠊᠊᠊᠊᠊᠊᠊᠊᠊᠊᠊ ᠡᠵᠢ ᠡ ︕ ᠡᠪᠦᠳᠦᠭ᠌ ᠳᠤᠤᠷ᠎ᠠ ᠨᠢ ᠴᠣᠢ᠌ᠷᠠᠭ ᠵᠥᠭᠡᠯᠡᠨ ᠳᠤᠤᠭᠠᠷᠪᠠ ᠃

᠊᠊᠊᠊᠊᠊᠊᠊᠊᠊᠊᠊᠊᠊᠊ ᠨᠠᠳᠠ ᠡᠢ᠌ᠮᠤ ᠭᠦᠤ ᠦᠭᠡᠶ᠂ ᠭᠤᠴᠢ ᠰᠢᠬᠠᠮ ᠵᠢᠯ ᠂ ᠡᠵᠢ ᠭᠡᠵᠤ ᠳᠠᠭᠤᠳᠠᠭᠠᠤᠨ ᠡᠵᠢ ᠶᠢᠨ ᠰᠠᠤᠠᠭᠢᠯ ᠢ ᠮᠡᠳᠡᠭᠦ ᠦᠭᠡᠶ ᠴᠢ ᠂ ᠨᠠᠳᠠ ᠪᠣᠤ ᠭᠤᠮᠤᠳᠠ ᠣᠳᠤ ᠪᠠᠷ ᠶᠢᠡᠨ ᠣᠴᠢ ︕

᠊᠊᠊᠊᠊᠊᠊᠊᠊᠊᠊᠊᠊᠊᠊ ᠡᠵᠢ ᠡ ︕ ᠪᠢ ᠁

᠊᠊᠊᠊᠊᠊᠊᠊᠊᠊᠊᠊᠊᠊᠊ ᠳᠤᠭᠤᠢ ︕ ᠭᠠᠭᠴᠠᠭᠠᠷ ᠶᠢᠡᠨ ᠣᠴᠢᠬᠤ ᠡᠴᠡ ᠠᠶᠤᠬᠤ ᠦᠦ ︖ ᠳᠡᠭᠡᠪᠠᠯ ᠨᠠᠮᠠᠶ᠋ᠢ ᠳᠠᠭᠠᠭᠠᠤᠨ ᠢᠷ᠎ᠠ ᠭᠡᠵᠤ ᠱᠢᠷᠤᠨ ᠨᠠᠰᠤᠳᠠᠨ ᠳᠠᠶᠠᠭ ᠴᠢᠷᠤᠨ ᠡᠭᠦᠳᠡ ᠬᠠᠶᠠᠨ ᠭᠠᠷᠪᠠ ᠃

᠊᠊᠊᠊᠊᠊᠊᠊᠊᠊᠊᠊᠊᠊᠊ ᠡᠵᠢ ᠡ ︕ ᠪᠢ ᠭᠤᠶᠤᠶ᠎ᠠ ᠃ ᠣᠴᠢᠪᠠᠯ ᠭᠦᠤ ᠴᠢᠨᠢ ᠢᠷᠠᠵᠤ ᠳᠡᠢ᠌ᠯᠭᠦ ᠦᠭᠡᠶ ᠰᠢᠤ ᠃ ᠭᠡᠳᠤ ᠣᠳᠠᠭᠠᠨ ᠤ ᠭᠦᠭᠡᠭᠡᠭ᠍ᠰᠡᠨ ᠥᠭᠡᠷ ᠤᠨ ᠳᠤᠯᠤᠭᠠᠢ ᠶᠢᠨ ᠳᠤᠭ᠎ᠠ ᠭᠡᠳᠤᠨ ᠲᠦᠮᠡᠨ ᠳᠦᠭᠦᠷᠢᠭ᠌ ᠶᠢᠡᠷ ᠵᠤᠭᠰᠤᠬᠤ ᠦᠭᠡᠶ ᠰᠢᠤ ︕ ᠡᠵᠢ ᠮᠢᠨᠢ ᠃ ᠭᠠᠭᠴᠠ ᠳᠠ ᠮᠡᠳᠡᠭ᠍ᠰᠡᠨ ᠬᠣᠢ᠌ᠨ᠎ᠠ ᠃

᠊᠊᠊᠊᠊᠊᠊᠊᠊᠊᠊᠊᠊᠊᠊ ᠳᠠᠢ᠌ᠮᠤ ᠡ ︕ ᠭᠠᠭᠴᠠ ᠪᠢ ᠮᠡᠳᠡᠭ᠍ᠰᠡᠨ ᠃ ᠦᠷ᠎ᠡ ᠶᠢᠨ ᠭᠠᠭᠴᠠ ᠭᠦᠤ ᠳᠡᠭᠡᠨ ᠵᠦᠪᠯᠠᠵᠤ ᠳᠡᠢ᠌ᠯᠦᠭ᠍ᠰᠡᠨ ᠦᠭᠡᠶ ᠪᠠᠨ ᠪᠠᠰᠠ ᠭᠠᠭᠴᠠ ᠪᠢ ᠮᠠᠳᠠᠨ᠎ᠠ᠃

᠊᠊᠊᠊᠊᠊᠊᠊᠊᠊᠊᠊᠊᠊᠊ ᠡᠵᠢ ᠡ ︕ ᠪᠢ ᠴᠢᠮ᠎ᠠ ᠡᠴᠡ ᠰᠠᠯᠬᠤ ᠡᠴᠡ ᠡᠮᠦᠨ᠎ᠡ ᠨᠢᠭᠡ ᠳᠤᠯᠤᠭᠠᠢ ᠴᠤ ᠮᠥᠷᠭᠦᠶ᠎ᠡ ᠳ᠋ᠠ ︕ ᠭᠡᠵᠤ ᠴᠣᠢ᠌ᠷᠠᠭ ᠂ ᠮᠠᠭᠤ ᠮᠠᠭᠤᠬᠠᠢ ᠶᠢ ᠠᠭᠤᠴᠢᠯᠠᠳᠠᠭ ᠦᠭᠡᠶ ᠡᠵᠢ ᠶᠢᠨ ᠶᠢᠡᠨ ᠡᠮᠦᠨ᠎ᠡ ᠭᠦᠶᠤᠨ ᠭᠠᠷᠴᠤ ᠡᠪᠦᠳᠦᠭ᠌ ᠨᠤᠭᠤᠯᠤᠨ ᠳᠤᠯᠤᠭᠠᠢ ᠳᠠᠷᠤᠨ ᠮᠥᠷᠭᠦᠯ᠎ᠡ ᠃ ᠱᠢᠷᠤᠨ ᠨᠠᠰᠤᠳᠠᠨ ᠭᠦᠤ ᠶᠢᠨ ᠶᠢᠡᠨ ᠳᠤᠯᠤᠭᠠᠢ ᠶᠢ ᠢᠯᠪᠢᠵᠤ ᠮᠠᠩᠨᠠᠢ ᠳᠡᠭᠡᠷ᠎ᠡ ᠨᠢ ᠥᠨᠦᠰᠦᠭ᠍ᠰᠡᠨ ᠶᠢᠡᠨ ᠡᠷᠭᠦᠨ ᠪᠣᠰᠬᠠᠵᠤ ᠄

᠊᠊᠊᠊᠊᠊᠊᠊᠊᠊᠊᠊᠊᠊᠊ ᠭᠦᠤ ᠮᠢᠨᠢ ︕ ᠡᠵᠢ ᠳᠡᠭᠡᠨ ᠪᠣᠤ ᠭᠤᠮᠤᠳᠠ ᠂ ᠡᠵᠢ ᠶᠢᠨ ᠴᠢᠨᠢ ᠰᠠᠤᠠᠭᠢᠯ ᠬᠠᠵᠠᠭᠠᠢ ᠦᠭᠡᠶ ᠶᠤᠮ ᠰᠢᠤ ᠃ ᠬᠠᠤᠯᠢ ᠴᠢᠮ᠎ᠠ ᠶᠢ ᠠᠭᠤᠴᠢᠯᠠᠳᠠᠭ ᠪᠣᠯ ᠡᠵᠢ ᠳᠡᠭᠡᠨ ᠪᠣᠴᠠᠭᠠᠤᠨ ᠢᠷ᠎ᠠ ᠭᠡᠵᠤ ᠱᠢᠷᠤᠨ ᠨᠠᠰᠤᠳᠠᠨ ᠨᠢᠷᠤᠭᠤ ᠪᠦᠭ᠍ᠳᠥᠢᠯᠭᠡᠨ ᠳᠠᠶᠠᠭ ᠳᠤᠵᠢᠭᠢᠨᠠᠭᠤᠯᠤᠨ ᠠᠯᠬᠤᠨ᠎ᠠ ᠃

ᠳᠤᠳᠤᠭᠠᠳᠤ ᠶᠢ ᠬᠠᠮᠠᠭᠠᠯᠠᠬᠤ ᠭᠠᠵᠠᠷ ᠤᠨ ᠶᠡᠭᠡ ᠡᠭᠦᠳᠡᠨ ᠤ ᠪᠢᠴᠢᠬᠠᠨ ᠬᠠᠭᠠᠯᠭ᠎ᠠ ᠪᠠᠷ ᠥᠩᠭᠡ ᠨᠢ ᠬᠣᠢ᠌ᠭᠰᠠᠨ ᠣᠷᠳᠤ ᠴᠠᠮᠴᠠ ᠡᠮᠦᠰᠴᠤ ᠂ ᠥᠮᠴᠢᠭᠡᠷ ᠣᠷᠤᠭᠤᠯ ᠶᠢᠡᠨ ᠴᠢᠩᠭ᠋᠎ᠠ ᠵᠢᠭᠤᠭᠰᠠᠨ ᠱᠢᠷᠤᠨ ᠨᠠᠰᠤᠳᠠᠨ ᠂ ᠭᠡᠷᠡᠯ ᠨᠢ ᠪᠠᠭᠤᠷᠠᠭᠰᠠᠨ ᠶᠠᠭᠠᠨ ᠨᠢᠳᠤᠨ ᠳᠡᠭᠡᠨ ᠨᠢᠯᠪᠣᠰᠤ ᠲᠡᠶ᠂ ᠳᠠᠶᠠᠭ ᠶᠢᠡᠨ ᠡ᠊ᠡᠳᠡ ᠳᠠᠠᠳᠠ ᠳᠤᠭᠢᠯᠠᠭᠰᠠᠭᠠᠷ ᠭᠠᠷᠴᠤ ᠢᠷᠠᠯ᠎ᠠ ᠃ ᠭᠦᠤ ᠨᠢ 《 ᠡᠵᠢ ᠡ ︕ 》 ᠭᠡᠵᠤ ᠳᠤᠤᠭᠠᠷᠴᠤ ᠪᠠᠢ᠌ᠮᠠᠷ ᠳᠤᠬᠤ ᠳᠤᠯᠤᠭᠠᠢ ᠨᠢ ᠳᠦᠨᠠᠷᠠᠨ᠎ᠠ ᠃


ᠵᠤᠬᠢᠶᠠᠭᠴᠢ᠄ ᠲ·ᠲᠦᠷᠭᠡᠨᠪᠠᠶᠠᠷ
ᠢᠷᠡᠯᠲᠡ᠄
ᠳᠠᠷᠤᠮ᠄ 6236
ᠴᠠᠭ᠄ 2005 ᠤᠨ ᠤ 08 ᠰᠠᠷ᠎ᠠ ᠶᠢᠨ 04
ᠪᠢᠴᠢᠭ᠍‍ᠯᠡᠭᠴᠢ᠄ ᠪᠦᠬᠡᠡᠷᠳᠡᠨᠢ
ᠨᠠᠢ᠌ᠷᠠᠭᠤᠯᠤᠭᠴᠢ᠄ ᠪᠦᠬᠡᠡᠷᠳᠡᠨᠢ
ᠲᠤᠰ ᠵᠤᠬᠢᠶᠠᠯ ᠢ ᠪᠦᠷᠭᠡ ᠳᠡᠭᠡᠨ ᠬᠠᠳᠠᠭᠠᠯᠠᠬᠤ
ᠰᠢᠭᠦᠮᠵᠢ ᠪᠢᠴᠢᠬᠦ
ᠨᠡᠪᠲᠡᠷᠡᠨ ᠤᠷᠤᠭᠠᠷᠠᠢ᠃
ᠨᠡᠪᠲᠡᠷᠡᠨ ᠤᠷᠤᠪᠠᠯ ᠰᠠᠶ‍ᠢ ᠰᠢᠭᠦᠮᠵᠢ ᠪᠢᠴᠢᠵᠦ ᠳᠡᠢ᠌ᠯᠦᠨ᠎ᠡ᠃

ᠪᠠᠢ᠌ᠷᠢ᠄ ᠮᠤᠩᠭ᠋ᠤᠯ ᠬᠡᠪ ᠥᠭᠥᠯᠡᠯᠭᠡ - ᠡᠵᠢ