ᠬᠠᠪᠣᠷ ᠤᠨ ᠬᠤᠤᠯᠢᠨ ᠭᠤᠤᠯ

ᠡᠨᠡᠷᠢᠯᠳᠤ ᠡᠵᠢ ᠶᠢᠨ ᠣᠭᠠᠭᠰᠠᠨ ᠬᠠᠭᠤᠴᠢᠨ ᠳᠡᠷᠯᠢᠭ᠌ ᠰᠢᠭ᠌

ᠣᠷᠢᠬᠠᠨ ᠰᠠᠯᠭᠢᠨ ᠳᠤ ᠢᠯᠪᠠᠯᠵᠠᠨ ᠬᠠᠷᠠᠭᠳᠠᠨ᠎ᠠ

ᠠᠰᠠᠷᠠᠯᠳᠤ ᠠᠪᠣ ᠶᠢᠨ ᠴᠠᠢ ᠶᠢᠨ ᠣᠰᠤ ᠰᠢᠭ ᠠᠭᠤᠷ ᠰᠠᠪᠰᠠᠨ

ᠵᠥᠭᠡᠯᠡᠨ ᠰᠠᠯᠭᠢᠨ ᠳᠤ ᠵᠡᠷᠭᠡᠯᠭᠡᠨ ᠮᠢᠷᠠᠯᠵᠠᠨ᠎ᠠ


ᠭᠠᠯᠠᠭᠤ ᠰᠢᠪᠠᠭᠤᠨ ᠤ ᠴᠠᠭᠠᠨ ᠳᠠᠯᠠᠪᠴᠢ ᠰᠢᠭ

ᠭᠠᠵᠠᠷ ᠤᠨ ᠡᠯᠢᠭᠡᠨ ᠳᠤ ᠳᠠᠪᠳᠠᠷᠢᠨ ᠳᠤᠩᠭ᠋ᠤᠳᠤᠨ᠎ᠠ

ᠭᠠᠢ᠌ᠬᠠᠮᠰᠢᠭᠳᠤ ᠨᠤᠳᠤᠭ ᠤᠨ ᠮᠤᠩᠭ᠋ᠤᠯ ᠣᠭᠠᠯᠵᠠ

ᠭᠠᠭᠴᠠᠬᠠᠨ ᠵᠢᠷᠦᠭᠡᠨ ᠳᠤ ᠮᠢᠨᠢ ᠨᠠᠢ᠌ᠷᠠᠭ ᠰᠢᠪᠠᠨᠠᠨ᠎ᠡ


ᠦᠣᠷ ᠤᠨ ᠭᠡᠭᠡ ᠰᠢᠭ᠌ ᠰᠤᠪᠣᠷᠠᠵᠤ ᠢᠷᠡᠭᠦ

ᠡᠷᠭᠢ ᠶᠢᠨ ᠭᠢᠨ ᠶᠡᠭᠦᠷᠡᠭᠦ ᠣᠶᠠᠩᠭ᠋ᠠᠨ ᠴᠤᠪᠬᠤᠴᠠᠭᠠᠨ

ᠦᠳᠡᠰᠢ ᠶᠢᠨ ᠰᠠᠷᠠᠨ ᠰᠢᠭ ᠨᠡᠭᠦᠳᠡᠯᠯᠡᠵᠤ ᠢᠷᠡᠭᠦ

ᠡᠷᠳᠡᠨ ᠤ ᠳᠠᠯ᠎ᠠ ᠶᠢᠨ ᠬᠠᠢ᠌ᠷ᠎ᠠ ᠶᠢᠨ ᠵᠡᠭᠦᠳᠤᠨ᠁



         ᠭᠦᠭᠡ ᠮᠤᠩᠭ᠋ᠤᠯ ᠦᠰᠦᠭ᠌

                                                      

ᠬᠠᠷᠠᠬᠠᠨ ᠪᠠᠷ᠎ᠠ ᠨᠢ ᠰᠡᠳᠭᠢᠯ ᠳᠤ ᠭᠡᠭᠡ ᠠᠰᠠᠭᠠᠬᠠᠤ

ᠬᠠᠢ᠌ᠷ᠎ᠠ ᠶᠢᠨ ᠪᠣᠰᠤᠭ᠎ᠠ ᠰᠥᠰᠦᠭ᠌

ᠬᠠᠷᠠᠴᠤ ᠠᠷᠠᠤᠨ ᠤᠨ ᠣᠬᠠᠭᠠᠨ ᠳᠤ ᠰᠦᠯᠳᠡ ᠮᠥᠩᠭᠡᠷᠡᠭᠦ

ᠬᠠᠷ᠎ᠠ ᠨᠢᠳᠤᠨ ᠤ ᠭᠡᠦᠭᠡᠨ ᠴᠡᠴᠡᠭᠡᠢ

ᠭᠦᠭᠡ ᠳᠡᠭ᠍ᠷᠢ ᠡᠴᠠ ᠵᠠᠶᠠᠭᠠᠳᠠᠢ ᠮᠤᠩᠭ᠋ᠤᠯ ᠦᠰᠦᠭ᠌

ᠭᠦᠷᠦᠰᠦᠳᠤ ᠳᠡᠯᠡᠭᠡᠢ ᠳᠤ ᠦᠯᠵᠠᠢ᠌ᠳᠠᠢ ᠮᠥᠩᠭᠡ ᠶᠢᠨ ᠵᠤᠷ


ᠳᠡᠭ᠍ᠳᠡᠭᠦ ᠨᠠᠷᠠᠨ ᠤ ᠳᠠᠮᠢᠷ ᠰᠢᠩᠭᠡᠭ᠍ᠰᠡᠨ ᠡᠯᠪᠠᠷᠢᠯ

ᠪᠣᠷᠬᠠᠨ ᠪᠣᠭᠤᠷᠤᠯ ᠴᠠᠭᠠᠨ ᠳᠤᠯᠤᠭᠠᠢ

ᠨᠤᠭᠤᠭᠠᠨ ᠳᠠᠯ᠎ᠠ ᠶᠢᠨ ᠣᠷᠤᠰᠠᠬᠠᠯ ᠳᠡᠵᠢᠭᠡᠭ᠍ᠰᠡᠨ

ᠨᠠᠢ᠌ᠷ ᠤᠨ ᠪᠣᠮᠠᠨ ᠭᠡᠰᠢᠭ᠌ ᠤᠨ ᠭᠦᠨᠡᠰᠤ

ᠨᠢ᠋ᠮᠠᠨ ᠤ ᠳᠠᠳᠠᠳᠤᠩᠭ᠎ᠠ ᠶᠢᠨ ᠳᠦᠷᠤ ᠳᠤ ᠪᠠᠨ ᠰᠢᠳᠤᠷᠭᠤ ᠵᠤᠬᠢᠶᠠᠯ

ᠨᠠᠷᠠᠭᠤᠯ ᠳᠠᠯ᠎ᠠ ᠶᠢᠨ ᠠᠮᠢᠳᠤᠷᠠᠯ ᠳᠤᠳᠤᠮᠳᠠᠠᠬᠤ ᠭᠦᠮᠤᠨ ᠤ ᠰᠤᠳᠤᠨ ᠵᠦᠢ


ᠮᠤᠷᠢᠨ ᠲᠡᠶ ᠳᠡᠦᠭᠡ ᠶᠢᠨ ᠴᠢᠠᠳᠠᠮᠤᠨᠢ ᠡᠷᠳᠡᠨᠢ

ᠳᠡᠦᠭᠡ ᠡᠴᠠ ᠰᠤᠪᠣᠷᠠᠬᠤ ᠬᠠᠢ᠌ᠷ᠎ᠠ ᠶᠢᠨ ᠰᠤᠪᠣᠤᠨ

ᠡᠯᠪᠠᠷᠢᠯ ᠵᠢᠷᠤᠮ ᠤᠨ ᠭᠦᠨ ᠳᠤᠳᠤᠷᠬᠠᠢ ᠶᠤᠰᠤ

ᠳᠤᠭᠣᠢ᠌ᠷᠠᠨ ᠴᠡᠯᠮᠡᠭᠦ ᠰᠤᠷᠭᠠᠯ ᠤᠨ ᠪᠠᠳᠤ ᠣᠷᠤᠰᠢᠯ

ᠪᠠᠷᠠᠭᠠᠨ ᠰᠦᠨᠢ ᠶᠢ ᠭᠡᠭᠡᠯᠡᠭ᠍ᠰᠡᠨ ᠭᠤᠸ᠎ᠠ ᠰᠠᠢ᠌ᠬᠠᠨ ᠤ ᠦᠨᠢᠷ ᠭᠡᠷᠡᠯ

ᠪᠠᠬᠠᠳᠤᠮ᠎ᠠ ᠠᠮᠢᠳᠤᠷᠠᠯ ᠶᠢᠡᠷ ᠨᠡᠭᠦᠭᠡᠯᠳᠦᠭᠦ ᠰᠠᠢ᠌ᠨ ᠤ ᠳᠡᠯᠭᠡᠷ ᠴᠢᠩ


ᠥᠭᠡᠳᠡᠳᠡᠢ ᠢᠷᠦᠭᠡᠯ ᠣᠢ᠌ᠯᠠᠭᠠᠨ ᠬᠠᠢ᠌ᠯᠤᠭᠰᠠᠨ

ᠮᠥᠩᠭᠡ ᠶᠢᠨ ᠪᠠᠳᠠᠷᠠᠮ᠎ᠠ ᠬᠠᠯᠠᠭᠤᠨ ᠴᠡᠴᠡᠭ᠌

ᠮᠦᠷᠦᠭᠡᠳᠦᠯ ᠳᠠᠯᠠᠵᠤ ᠮᠤᠷᠤᠯᠵᠠᠨ ᠵᠤᠷᠠᠯᠵᠠᠭᠰᠠᠨ

ᠥᠶ‍ᠦᠭ᠌ ᠲᠡᠶ ᠠᠮᠢ ᠶᠢᠨ ᠬᠠᠳᠠᠭᠤ ᠵᠥᠭᠡᠯᠡᠨ ᠵᠢᠮ᠎ᠠ

ᠬᠠᠢ᠌ᠷ᠎ᠠ ᠶᠢᠨ ᠲᠦᠯᠦᠭᠡ ᠣᠷᠤᠰᠢᠭᠰᠠᠨ ᠡᠷᠭᠢᠮ ᠨᠠᠠᠳᠢᠨ ᠴᠢᠨᠠᠷ

ᠭᠦᠭᠡ ᠳᠡᠭ᠍ᠷᠢ ᠪᠠᠨ ᠣᠢ᠌ᠯᠠᠭᠠᠬᠤ ᠬᠠᠢ᠌ᠷᠠᠨ ᠨᠢᠳᠤ ᠲᠡᠶ ᠰᠤᠳᠤᠷ


ᠭᠦᠳᠡᠯᠮᠦᠷᠢ ᠶᠢᠨ ᠳᠤᠩᠬ᠎ᠠ ᠬᠠᠢ᠌ᠷᠠᠯᠠᠭᠰᠠᠨ

ᠡᠷᠴᠢᠮ ᠣᠭᠠᠯᠵᠠᠭᠤᠯᠤᠭᠰᠠᠨ ᠣᠶᠤᠨ ᠰᠦᠨᠠᠰᠤ

ᠭᠦᠮᠤᠨ ᠤ ᠡᠪ ᠶᠢᠡᠷ ᠰᠠᠷᠠᠨ ᠥᠡᠳᠡᠢ᠌ᠭ᠍ᠰᠡᠨ

ᠡᠩᠭᠡ ᠶᠢᠨ ᠬᠤᠷᠸ᠎ᠠ ᠶᠢᠨ ᠨᠠᠷᠢᠨ ᠣᠢ᠌ᠯᠠ

ᠭᠦᠭᠡ ᠳᠡᠭ᠍ᠷᠢ ᠡᠴᠠ ᠵᠠᠶᠠᠭᠠᠳᠠᠢ ᠮᠤᠩᠭ᠋ᠤᠯ ᠦᠰᠦᠭ᠌

ᠭᠦᠷᠦᠰᠦᠳᠤ ᠳᠡᠯᠡᠭᠡᠢ ᠳᠤ ᠦᠯᠵᠠᠢ᠌ᠳᠠᠢ ᠮᠥᠩᠭᠡ ᠶᠢᠨ ᠵᠤᠷ



        ᠣᠶᠠᠩᠭ᠋ᠠᠨ ᠴᠡᠩᠭᠡᠷ ᠬᠤᠤᠯᠢᠨ


ᠪᠦᠳᠦᠷᠢᠭ᠍ᠰᠡᠨ ᠴᠢᠯᠠᠭᠤ ᠪᠠᠨ ᠦᠨᠦᠰᠤᠨ ᠳᠤᠯᠭᠢᠶᠠᠠᠳᠤᠳᠠᠭ ᠠᠮᠢᠳᠤᠬᠠᠨ ᠵᠢᠷᠤᠬᠠᠢ

ᠪᠦᠳᠡᠷᠡᠭ᠍ᠰᠡᠨ ᠡᠷᠭᠢ ᠪᠠᠨ ᠳᠠᠪᠠᠷᠢᠨ ᠣᠷᠤᠰᠳᠠᠭ ᠮᠥᠩᠭᠡ ᠶᠢᠨ ᠨᠠᠷᠠᠨ ᠤ ᠵᠤᠭᠤᠭ


ᠰᠤᠯᠢᠷ ᠲᠡᠶ ᠳᠡᠭ᠍ᠷᠢ ᠶᠢᠨ ᠪᠠᠷᠳᠠᠭᠠᠨ ᠳᠤ ᠳᠡᠩᠭᠡᠭᠡ ᠮᠠᠳᠠᠨ ᠳᠡᠯᠡᠳᠡᠭ᠌ ᠨᠤᠮᠤᠬᠠᠢ ᠵᠢᠨ

ᠰᠤᠭᠳᠤᠭᠤᠷᠠᠯ ᠳᠤ ᠪᠠᠨ ᠪᠦᠱᠦᠭᠦᠷᠭᠡᠭ᠍ᠰᠡᠨ ᠤᠢ᠌ᠳᠬᠠᠷ ᠤᠨ ᠳᠤᠯᠢᠶᠠᠷ ᠭᠡᠭᠡ ᠳᠤᠨᠤᠯᠵᠠᠩᠬᠠᠢ


ᠬᠤᠯᠠ ᠶᠠᠪᠣᠭᠰᠠᠨ ᠵᠡᠭᠡᠷᠳᠡ ᠮᠤᠷᠢᠨ ᠤ ᠵᠡᠭᠦᠳᠤᠨ ᠳᠤ ᠳᠤᠪᠳᠤᠯᠵᠤ ᠢᠷᠡᠭ᠍ᠰᠡᠨ ᠬᠠᠯᠠᠭᠤᠨ ᠠᠮᠢᠰᠬᠤᠭ᠎ᠠ

ᠬᠤᠨ ᠪᠣᠯᠵᠤ ᠨᠢᠰᠤᠶ᠎ᠠ ᠭᠡᠰᠡᠨ ᠰᠡᠳᠭᠢᠯ ᠤᠨ ᠰᠠᠯᠵᠤ ᠴᠢᠳᠠᠬᠤ ᠦᠭᠡᠶ ᠰᠢᠯᠦᠭ᠌ ᠤᠨ ᠨᠢᠳᠤᠨ ᠣᠭᠠᠯᠵᠠᠭᠠᠨ


ᠢᠮᠠᠭᠠᠨ ᠣᠮᠤᠭ ᠲᠤ ᠪᠠᠨ ᠴᠢᠳᠠᠯ ᠳᠠᠳᠠᠭᠤᠳᠠᠭᠰᠠᠨ ᠮᠠᠯᠴᠢᠨ ᠤ ᠭᠤᠤᠯ ᠤᠨ ᠭᠦᠪᠠᠭᠡᠨ ᠤ ᠣᠠᠳᠠᠩᠬᠠᠢ ᠬᠤᠷᠭᠢᠷᠠᠭᠠᠨ

ᠢᠯᠠᠶ᠎ᠠ ᠭᠡᠰᠡᠨ ᠠᠩᠴᠢᠨ ᠤ ᠬᠠᠢ᠌ᠳᠠᠭ ᠡᠡᠩ᠂ ᠵᠡᠭᠡᠭᠦ ᠡᠡᠪᠡ᠂ ᠭᠦᠷᠢᠶ᠎ᠡ ᠠᠪᠠ ᠶᠢᠨ ᠰᠡᠳᠭᠢᠯ ᠤᠨ ᠣᠷᠠᠩᠬᠠᠢ ᠳᠡᠷᠪᠠᠯᠵᠡᠭᠡᠨ


ᠥᠳᠡᠰᠢ ᠶᠢᠨ ᠳᠤᠯᠤᠩ ᠤᠨ ᠡᠪᠭᠡᠷ ᠡᠪᠭᠡᠷ ᠡᠭᠦᠯᠡᠨ ᠱᠨ ᠲᠡᠶ ᠳᠤᠷᠳᠤᠩ ᠣᠨᠢᠶᠠᠷ

ᠦᠳᠦᠳᠤ ᠰᠢᠪᠠᠭᠤᠬᠠᠢ ᠶᠢᠨ ᠵᠢᠩᠭᠢᠷ ᠭᠠᠩᠭᠢᠷ ᠳᠠᠯ᠎ᠠ ᠶᠢᠨ ᠨᠤᠭᠤᠭᠠᠨ ᠠᠶᠠᠯᠭᠤ


ᠰᠡᠳᠭᠢᠯ ᠢ ᠮᠠᠨᠠᠭᠰᠠᠨ ᠨᠤᠭᠤᠭᠠᠨ ᠳᠠᠯ᠎ᠠ ᠶᠢᠨ ᠠᠯᠳᠠᠩᠬᠠᠨ ᠠᠯᠳᠠᠷᠠᠬᠤ ᠦᠭᠡᠶ ᠭᠦᠭ᠍ᠵᠢᠮ

ᠰᠢᠵᠢᠷ ᠬᠠᠪᠣᠷ ᠤᠨ ᠣᠶᠠᠬᠠᠨ ᠰᠠᠯᠭᠢᠨ ᠤ ᠠᠭᠤᠵᠢᠮᠬᠠᠨ ᠭᠠᠩᠬᠤᠬᠤ ᠣᠢ ᠶᠢᠨ ᠡᠦᠶᠡᠩᠭ᠋ᠡᠷᠡᠯ


ᠭᠦᠭᠡ ᠳᠡᠭ᠍ᠷᠢ ᠡᠴᠠ ᠭᠦᠭ᠍ᠰᠡᠨ ᠪᠠᠭᠤᠭᠰᠠᠨ ᠵᠡᠭᠦᠷᠮᠡᠭ᠌ ᠰᠠᠯᠠᠮᠠᠨ ᠤ ᠮᠦᠩᠭᠦᠨ ᠳᠠᠰᠤᠷᠬᠠᠢ

ᠭᠦᠳᠡᠭᠡ ᠳᠠᠯ᠎ᠠ ᠳᠤ ᠬᠠᠢ᠌ᠷᠠᠯᠠᠨ ᠡᠷᠭᠢᠯᠳᠦᠭ᠍ᠰᠡᠨ ᠬᠤᠠᠳᠠᠭᠠᠳᠤ ᠠᠷᠢᠭᠢᠨ ᠤ ᠮᠦᠷᠭᠦᠯᠳᠦᠩᠭᠡᠢ


ᠰᠠᠨᠠᠭᠠᠨ ᠳᠤ ᠴᠠᠢ᠌ᠯᠵᠠᠨ ᠭᠦᠪᠦᠯᠵᠡᠭ᠍ᠰᠡᠨ ᠮᠦᠷᠦᠭᠡᠳᠦᠯ ᠤᠨ ᠮᠦᠩᠭᠦᠨ ᠴᠣᠢ᠌ᠯᠠᠩᠬᠠᠢ

ᠰᠠᠢ᠌ᠬᠠᠨ ᠤ ᠭᠦᠰᠡᠯ ᠳᠤ ᠪᠠᠨ ᠡᠮᠳᠡᠷᠡᠭ᠍ᠰᠡᠨ ᠭᠠᠵᠠᠷ ᠤᠨ ᠨᠠᠠᠳᠢᠨ ᠰᠦᠯᠵᠢᠷ ᠳᠦᠭᠡᠷᠡᠩᠭᠡᠢ


ᠪᠤᠳᠦᠯ ᠤᠨ ᠮᠠᠨᠠᠨ ᠢ ᠭᠦᠪᠢᠭ᠍ᠰᠡᠨ ᠨᠠᠢ᠌ᠷ ᠤᠨ ᠣᠬᠠᠭᠠᠨ ᠤ ᠵᠥᠰᠦᠷᠡᠩᠭᠡᠢ

ᠪᠣᠯᠪᠠᠷᠠᠢ ᠡᠪᠠᠰᠤᠨ ᠳᠤ ᠳᠠᠯᠳᠠᠯᠠᠭᠰᠠᠨ ᠬᠠᠢ᠌ᠷ᠎ᠠ ᠶᠢᠨ ᠣᠶᠠᠨ ᠬᠤᠷᠭᠤᠳᠠᠩᠬᠠᠢ᠁









ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠤ ᠳᠤᠮᠠᠳᠤ ᠬᠤᠰᠢᠭᠤ

ᠵᠤᠬᠢᠶᠠᠭᠴᠢ᠄ ᠡᠷᠳᠡᠨᠢᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1209
ᠴᠠᠭ᠄ 2012 ᠤᠨ ᠤ 09 ᠰᠠᠷ᠎ᠠ ᠶᠢᠨ 24
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁