ᠡᠨᠡ ᠵᠢᠯ ᠤᠨ ᠨᠠᠮᠤᠷ

ᠭᠠᠯᠠᠭᠤ ᠨᠢ ᠪᠣᠴᠠᠭᠰᠠᠨ ᠨᠠᠭᠤᠷ ᠤᠨ ᠪᠦᠷᠦᠢ

ᠮᠢᠨᠤ ᠰᠠᠤᠠᠭᠢᠯ ᠢ ᠡᠵᠡᠭᠦᠢᠷᠡᠭᠦᠯᠵᠤ

ᠭᠠᠷᠬᠤ ᠪᠠᠨ ᠡᠷᠳᠡᠯᠡᠭ᠍ᠰᠡᠨ ᠨᠠᠷᠠ ᠰᠢᠭ

ᠮᠥᠷᠦᠭᠡᠳᠦᠯ ᠬᠠᠢ᠌ᠷ᠎ᠠ ᠶᠢ ᠳᠡᠩᠳᠡᠷᠡᠭᠦᠯᠦᠭᠡᠤᠨ

ᠭᠠᠯᠯᠠᠬᠤ ᠪᠠᠨ ᠮᠠᠷᠳᠠᠭᠰᠠᠨ ᠪᠦᠰᠡᠭᠦᠢ ᠰᠢᠭ᠌

ᠡᠳᠦᠷ ᠤᠨ ᠰᠠᠢ᠌ᠬᠠᠨ ᠳᠤ ᠰᠤᠭᠳᠤᠭᠤᠷᠠᠴᠢᠬᠠᠵᠤ

ᠭᠠᠯᠪᠠ ᠶᠢᠨ ᠵᠠᠢ ᠳᠤ ᠡᠨᠡ ᠨᠠᠮᠤᠷ

ᠣᠷᠳᠤᠬᠠᠨ ᠭᠡᠭ᠍ᠴᠢ ᠰᠤᠪᠣᠷᠠᠵᠤ ᠳ᠋ᠠ᠃

ᠥᠡᠳᠦᠷᠯᠢᠭ᠌ ᠤᠨ ᠰᠡᠷᠢᠭᠦᠨ ᠳᠡᠭ᠍ᠷᠢ ᠳᠠᠢ

ᠨᠠᠷᠠ ᠨᠢ ᠰᠠᠯᠤᠮ᠎ᠠ ᠦᠭᠡᠶ ᠡᠷᠭᠢᠭᠡᠤᠨ

ᠡᠪᠠᠰᠤᠨ ᠤ ᠰᠡᠷᠮᠡᠭᠦᠨ ᠨᠠᠮᠠᠭ᠎ᠠ ᠳᠠᠢ

ᠳᠤᠶᠠᠭ᠎ᠠ ᠨᠢ ᠬᠤᠯᠠᠳᠠᠮ᠎ᠠ ᠦᠭᠡᠶ ᠡᠷᠭᠡᠯᠡᠭᠡᠤᠨ

ᠣᠰᠤᠨ ᠤ ᠴᠡᠩᠭᠡᠷᠭᠡᠨ ᠴᠡᠭᠡᠯ ᠳᠠᠢ

ᠰᠢᠪᠠᠭᠤᠳ ᠨᠢ ᠰᠠᠨᠠᠮ᠎ᠠ ᠡᠷᠭᠢᠴᠡᠭᠡᠤᠨ

ᠠᠭᠤᠯᠠᠨ ᠤ ᠴᠡᠴᠡᠭ᠍‍ᠭᠡᠨ ᠪᠠᠯ ᠳᠠᠢ

ᠰᠢᠭᠤᠢ ᠨᠢ ᠰᠠᠵᠢᠯᠠᠮ᠎ᠠ ᠥᠭᠡᠰᠡᠭᠡᠤᠨ

ᠣᠷᠭᠠᠨ ᠤ ᠠᠪᠢᠳᠠᠷ ᠢ ᠥᠤᠷᠰᠡᠭᠦᠯᠵᠤ

ᠵᠠᠯᠠᠭᠤ ᠶᠢᠨ ᠣᠮᠤᠭ ᠢ ᠳᠡᠪᠵᠢᠶᠡᠭᠡᠮ᠎ᠡ

ᠣᠨᠠᠬᠤ ᠳᠡᠭ᠍ᠷᠢ ᠶᠢᠨ ᠥᠩᠭᠡ ᠵᠢ

ᠭᠦᠯᠢᠶᠡᠵᠤ ᠶᠠᠳᠠᠮ᠎ᠠ ᠳᠡᠪᠠᠳᠡᠭᠦᠯᠦᠭᠡᠤᠨ

ᠠᠭᠠᠰᠢ ᠪᠠᠨ ᠳᠠᠷᠤᠮ᠎ᠠ ᠨᠠᠰᠤᠨ ᠊ᠤ

ᠠᠮᠠᠷᠠᠭ ᠪᠣᠳᠤᠯ ᠢ ᠭᠡᠭᠢᠯᠵᠡᠭᠦᠯᠦᠭ᠍ᠰᠡᠨ

ᠠᠢ ᠳ᠋ᠠ ᠡᠨᠡ ᠵᠢᠯ ᠤᠨ ᠨᠠᠮᠤᠷ ᠭᠡᠵᠤ

ᠠᠶᠠᠰ ᠰᠢᠭ ᠣᠷᠳᠤᠬᠠᠨ ᠭᠦᠪᠦᠷᠡᠵᠤ ᠪᠢᠯᠠ᠃

ᠨᠠᠷᠠᠨ ᠤ ᠴᠥᠷᠭᠡ ᠬᠤᠯᠠᠳᠠᠭᠠᠰᠠᠢ ᠭᠡᠵᠤ

ᠠᠭᠠᠷ ᠲᠡᠶ ᠥᠭᠡᠰᠡᠮ᠎ᠡ ᠰᠠᠨᠠᠭᠳᠠᠨ᠎ᠠ

ᠨᠠᠮᠤᠷᠵᠢᠶ᠎ᠠ ᠨᠤᠳᠤᠭ ᠡᠴᠡ ᠪᠠᠨ ᠨᠡᠭᠦᠮᠡᠷ ᠭᠡᠵᠤ

ᠠᠵᠠᠢ ᠳᠠᠭᠠᠨ ᠶᠠᠷᠢᠮᠠᠷ ᠰᠠᠨᠠᠭᠳᠠᠨ᠎ᠠ

ᠨᠠᠰᠤᠨ ᠤ ᠠᠯᠳᠠᠩᠬᠠᠨ ᠬᠠᠨᠢ ᠳ᠋ᠠᠭᠠᠨ

ᠰᠠᠩᠭᠢᠨᠠᠳᠠᠯ᠎ᠠ ᠳᠠᠪᠭᠢᠭᠠᠤᠨ ᠭᠦᠷᠭᠦ ᠰᠠᠨ

ᠨᠠᠪᠴᠢᠨ ᠭᠦᠯᠳᠦᠷᠭᠡᠳᠤ ᠭᠡᠷ ᠲᠤ ᠨᠢ

ᠰᠠᠤᠠᠭᠢᠯ ᠶᠢᠡᠨ ᠳᠡᠯᠭᠡᠵᠤ ᠰᠠᠭᠤᠬᠤ ᠰᠠᠨ᠃

ᠭᠠᠩᠭ᠋ᠠᠨᠠᠬᠤ ᠭᠠᠯᠠᠭᠤᠳ ᠤᠨ ᠴᠡᠩᠭᠡᠷ ᠴᠤᠪᠣᠭ᠎ᠠ

ᠭᠠᠵᠠᠷ ᠤᠨ ᠣᠩᠭ᠋ᠤᠨ ᠰᠤᠳᠠᠯ ᠪᠦᠯᠢᠶᠡᠰᠭᠡᠭᠦ ᠳ᠋ᠤ

ᠭᠠᠯ ᠨᠠᠷᠠᠨ ᠴᠤ ᠢᠯᠴᠢ ᠪᠠᠨ ᠬᠤᠳᠠᠯᠠᠭᠰᠠᠭᠠᠷ

ᠭᠠᠩᠭ᠋ᠠᠩ ᠨᠤᠳᠤᠭ ᠡᠴᠡ ᠪᠠᠨ ᠠᠶᠠᠷᠯᠠᠬᠤ ᠳ᠋ᠤ

ᠳᠤᠭᠤᠷᠭᠠᠳᠤ ᠭᠡᠷ ᠶᠢᠡᠨ ᠮᠠᠨ ᠤ ᠭᠢ ᠡᠪᠭᠡᠭᠡᠤᠨ

ᠳᠤᠶᠠᠭᠠᠳᠤ ᠶᠢᠨ ᠡᠩᠭᠡᠷ ᠡᠪᠦᠯᠵᠢᠶᠡᠨ ᠳᠡᠭᠡᠨ ᠪᠠᠭᠤᠳᠠᠯ᠎ᠠ

ᠳᠤᠭᠤᠭ᠎ᠠ ᠲᠡᠶ ᠰᠦᠨ ᠳᠤ ᠳᠠᠭᠤᠤ ᠪᠠᠨ ᠣᠨᠠᠭᠠᠭᠰᠠᠭᠠᠷ

ᠳᠤᠭᠤᠨᠤᠨ ᠳᠡᠭᠡᠭᠦᠷ ᠨᠠᠮᠤᠷ ᠪᠣᠴᠠᠯ᠎ᠠ᠃

ᠨᠠᠰᠤᠨ ᠤ ᠣᠩᠭ᠋ᠤᠨ ᠭᠦᠰᠡᠯ ᠮᠢᠨᠢ

ᠨᠠᠤᠠᠬᠤᠵᠤ ᠵᠤᠯᠠᠷᠠᠭᠠᠤᠨ ᠪᠣᠯᠳᠠᠭ᠎ᠠ ᠥᠭᠡᠢ

ᠨᠠᠷᠠᠨ ᠤ ᠬᠠᠯᠠᠭᠤᠨ ᠮᠦᠷ ᠵᠢᠠᠷ

ᠭᠠᠯᠠᠭᠤᠳ ᠲᠡᠶ ᠬᠠᠮᠳᠤ ᠪᠣᠴᠠᠭ᠎ᠠ ᠥᠭᠡᠢ

ᠨᠠᠮᠤᠭᠤᠬᠠᠨ ᠢᠯᠪᠢᠭᠦ ᠰᠠᠯᠭᠢ ᠪᠠᠷ

ᠨᠠᠪᠴᠢ ᠲᠡᠶ ᠬᠠᠮᠳᠤ ᠳᠡᠷᠪᠠᠭ᠍ᠰᠡᠨ ᠶᠤᠮ

ᠨᠠᠷᠠᠳᠤ ᠶᠢᠨ ᠡᠨᠡᠭᠡᠨ ᠴᠢᠯᠦᠭᠡᠨ ᠳ᠋ᠤ

ᠨᠠᠮᠤᠷ ᠲᠡᠶ ᠬᠠᠮᠳᠤ ᠪᠣᠯᠪᠠᠰᠤᠷᠠᠭᠰᠠᠨ ᠶᠤᠮ᠃

ᠭᠠᠯᠠᠭᠤ ᠨᠢ ᠪᠣᠴᠠᠭᠰᠠᠨ ᠨᠠᠭᠤᠷ ᠤᠨ ᠪᠦᠷᠦᠢ

ᠮᠢᠨᠤ ᠰᠠᠤᠠᠭᠢᠯ ᠢ ᠡᠵᠡᠭᠦᠢᠷᠡᠭᠦᠯᠵᠤ

ᠭᠠᠷᠬᠤ ᠪᠠᠨ ᠡᠷᠳᠡᠯᠡᠭ᠍ᠰᠡᠨ ᠨᠠᠷᠠ ᠰᠢᠭ

ᠮᠥᠷᠦᠭᠡᠳᠦᠯ ᠬᠠᠢ᠌ᠷ᠎ᠠ ᠶᠢ ᠳᠡᠩᠳᠡᠷᠡᠭᠦᠯᠦᠭᠡᠤᠨ

ᠠᠭᠠᠭ ᠲᠡᠶ ᠬᠤᠷᠴᠠᠬᠠᠨ ᠨᠠᠰᠤᠨ ᠳ᠋ᠤ

ᠠᠩᠬᠠᠨ ᠤ ᠬᠠᠢ᠌ᠷ᠎ᠠ ᠶᠢ ᠭᠦᠪᠦᠷᠡᠭᠦᠯᠦᠭ᠍ᠰᠡᠨ

ᠠᠢ ᠳ᠋ᠠ ᠡᠨᠡ ᠵᠢᠯ ᠤ ᠨᠠᠮᠤᠷ

ᠠᠶᠠᠰ ᠰᠢᠭ ᠶᠠᠭᠠᠭᠢᠭᠰᠠᠨ ᠣᠷᠳᠤ ᠶᠤᠮ ᠳ᠋ᠠ᠃

ᠵᠤᠬᠢᠶᠠᠭᠴᠢ᠄ ᠰ·ᠤᠯᠠᠭᠠᠨᠪᠠᠲᠤ
ᠢᠷᠡᠯᠲᠡ᠄ ᠵᠤᠬᠢᠶᠠᠭᠴᠢ ᠡᠴᠡ ᠬᠠᠩᠭ᠋ᠠᠪᠠ
ᠬᠠᠷᠢᠶ᠎ᠠ᠄ ᠰᠢᠯᠦᠭ
ᠳᠠᠷᠤᠮ᠄ 2599
ᠴᠠᠭ᠄ 2005 ᠤᠨ ᠤ 08 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁