ᠳᠠᠷᠠᠭ ᠤᠨ ᠦᠨᠦᠷ ᠲᠡᠶ ᠮᠤᠩᠭ᠋ᠤᠯ ᠴᠤᠭᠯᠠᠭᠠᠨ
᠊᠊᠊᠊᠊᠊᠊᠊᠊᠊᠊᠊᠊᠊᠊ 《ᠪᠦᠭᠦ ᠣᠷᠤᠨ ᠤ ᠮᠤᠩᠭ᠋ᠤᠯ ᠳᠠᠭᠤᠤᠷᠢᠯᠢᠭ》 ᠊ᠤᠨ ᠵᠤᠬᠢᠶᠠᠨ ᠪᠦᠳᠦᠭᠡᠭᠦ᠂ ᠰᠤᠳᠦᠯᠤᠨ ᠶᠠᠷᠢᠯᠴᠠᠬᠤ ᠦᠵᠡᠭᠦᠯᠦᠯᠭᠡ ᠶᠢᠨ ᠳᠤᠭᠯᠠᠯᠳᠠ ᠶᠢᠨ ᠪᠣᠯᠪᠠᠰᠤᠷᠠᠯ ᠤᠨ ᠠᠩᠭᠢ ᠳᠤ ᠣᠷᠤᠯᠴᠠᠭᠠᠤᠨ

ᠪᠦᠭᠦ ᠣᠷᠤᠨ ᠤ ᠮᠤᠩᠭ᠋ᠤᠯ ᠳᠠᠭᠤᠤᠷᠢᠯᠢᠭ ᠤᠨ ᠰᠤᠳᠤᠯᠤᠯ ᠳᠤ ᠣᠷᠤᠯᠴᠠᠭᠠᠤᠨ

ᠪᠦᠭᠦᠰᠢ ᠦᠭᠡᠶ ᠣᠳᠤᠮ ᠴᠢᠰᠤ ᠮᠢᠨᠢ ᠤᠶᠠᠩ‍ᠭ᠎ᠠ ᠪᠠᠷ ᠦᠶᠡᠷᠯᠠᠯ᠎ᠠ

ᠦᠪᠣᠷ ᠮᠤᠩᠭ᠋ᠤᠯ ᠤᠨ ᠠᠪᠣᠷᠭᠤᠴᠤᠳ ᠤᠨ ᠰᠢᠪᠰᠢᠯᠭᠡ ᠶᠢ ᠰᠤᠨᠤᠷᠳᠠᠭᠠᠤᠨ

ᠦᠷᠤ ᠵᠢᠷᠦᠭᠡ ᠮᠢᠨᠢ ᠠᠮᠢᠨ ᠴᠠᠭᠠᠨ ᠨᠠᠢ᠌ᠷᠠᠭ ᠶᠢᠡᠷ ᠬᠤᠳᠤᠯᠵᠠᠯ᠎ᠠ


ᠣᠩᠨᠢᠭᠤᠳ ᠨᠤᠳᠤᠭ ᠤᠨ ᠳᠡᠨᠢᠭᠦᠨ ᠪᠠᠢ᠌ᠭᠠᠯᠢ ᠳᠤ ᠠᠭᠤᠰᠤᠨ

ᠦᠯᠵᠠᠢ᠌ᠳᠤ ᠪᠠᠭᠰᠢ ᠶᠢᠨ ᠢᠷᠠᠭᠤ ᠵᠤᠭᠤᠭ ᠡᠴᠠ ᠭᠦᠷᠳᠡᠨ

ᠠᠰᠢᠭᠠᠨ ᠳᠠᠯ᠎ᠠ ᠶᠢᠨ ᠠᠮᠳᠠᠳᠤ ᠴᠡᠭᠡ ᠡᠴᠠ ᠪᠠᠯᠭᠤᠨ

ᠠᠷᠠᠤᠨ ᠤᠨ ᠣᠷᠠᠯᠢᠭᠴᠢᠳ ᠡᠴᠠ ᠠᠪᠢᠶᠠᠰ ᠪᠢᠯᠢᠭ᠌ ᠰᠤᠷᠤᠯᠴᠠᠨ


《ᠨᠠ᠊·ᠮᠠᠮᠠ》 ᠶ᠋ᠢᠨ ᠨᠠᠷᠠᠨ ᠤ ᠳᠠᠭᠤᠤ ᠡᠴᠠ ᠰᠤᠨᠢᠷᠬᠠᠨ

ᠨᠠᠰᠤᠳᠠᠨ ᠪᠠᠭᠰᠢ ᠭᠠᠩᠭ᠋ᠠᠮᠦ᠋ᠷᠠᠨ ᠤ ᠱᠤᠭ ᠡᠴᠠ ᠣᠯᠵᠠᠷᠬᠠᠨ

ᠬᠤᠯᠠ ᠳᠤ ᠪᠠᠨ ᠠᠯᠳᠠᠷᠳᠠᠢ 《ᠬᠠᠮᠠᠷ ᠬᠠᠠᠵᠢᠶ᠎ᠠ》 ᠲᠡᠶ ᠵᠤᠭᠤᠭᠳᠠᠨ

ᠬᠠᠳᠠᠭᠠᠨᠠᠳᠠᠯ᠎ᠠ ᠢᠨᠢᠶᠡᠯᠭᠡᠭᠦ ᠣᠶᠤᠠᠰᠠᠩ ᠠᠪᠣᠭᠠᠢ ᠲᠡᠶ ᠰᠡᠭᠦᠳᠡᠷᠯᠡᠨ


ᠳ·ᠭᠤᠮᠪᠣᠵᠠᠪ ᠪᠠᠭᠰᠢ ᠶᠢᠨ ᠳᠡᠷᠢᠭᠦᠨ ᠮᠡᠳᠡᠯᠭᠡ ᠡᠴᠠ ᠡᠪᠦᠷᠯᠡᠨ

ᠯ·ᠬᠠᠰᠪᠠᠶᠠᠷ ᠤᠨ ᠪᠢᠯᠢᠭ᠌ ᠤᠨ ᠬᠤᠷ᠎ᠠ ᠳᠤ ᠣᠮᠳᠠᠯᠠᠨ

ᠪ᠊·ᠳᠡᠯᠭᠡᠷ ᠤᠨ ᠬᠠᠢ᠌ᠷ᠎ᠠ ᠶᠢᠨ ᠤᠶᠠᠩ‍ᠭ᠎ᠠ ᠳᠤ ᠰᠤᠭᠳᠤᠭᠤᠷᠠᠨ

ᠪᠣ·ᠴᠠᠭᠠᠨ ᠤ ᠭᠢᠯᠪᠠᠭᠡᠨ ᠵᠥᠴᠦᠭᠡ ᠳᠤ ᠭᠦᠳᠦᠯᠦᠭ᠍ᠳᠡᠨ


ᠰᠠᠢ᠌ᠨ᠎ᠠ ᠭᠦᠳᠦᠯᠦᠭ᠍ᠴᠢ ᠶᠢᠨ ᠰᠠᠢ᠌ᠬᠠᠨ ᠶᠠᠷᠢᠶ᠎ᠠ ᠳᠤ ᠳᠠᠳᠠᠭᠳᠠᠨ

ᠰ·ᠦᠯᠵᠠᠢ᠌ᠪᠠᠶᠠᠷ ᠤᠨ ᠰᠢᠯᠦᠭ᠌ ᠤᠶᠠᠩ‍ᠭ᠎ᠠ ᠳᠤ ᠰᠤᠭᠳᠤᠨ

ᠨᠠᠰᠤᠨ ᠪᠠᠭᠰᠢ ᠶᠢᠨ ᠨᠠᠷᠭᠢᠮ᠎ᠠ ᠢᠷᠦᠭᠡᠯ ᠳᠤ ᠭᠦᠭ᠍ᠵᠢᠨ

ᠨᠢᠮᠠ᠊ᠤ᠋ᠳᠽᠠᠷ ᠤᠨ ᠦᠯᠢᠭᠡᠷ ᠬᠤᠯᠪᠣᠭ᠎ᠠ ᠳᠤ ᠭᠦᠭᠡᠷᠤᠨ


ᠠᠩᠭᠢ ᠶᠢᠨ ᠳᠠᠷᠤᠭ᠎ᠠ ᠪᠠᠶᠠᠷ ᠪᠠᠭᠰᠢ ᠵᠢᠨ

ᠠᠷᠠᠤᠨ ᠤᠨ ᠳᠠᠭᠤᠤ ᠡᠴᠠ ᠰᠤᠨᠢᠷᠬᠠᠨ

ᠨᠠᠷᠢᠨ ᠪᠢᠴᠢᠭᠡᠴᠢ ᠰᠤᠷᠭᠤᠭ ᠤᠨ

ᠨᠠᠮᠬᠠᠨ ᠶᠠᠷᠢᠶ᠎ᠠ ᠡᠴᠠ ᠣᠯᠠᠮᠯᠠᠨ


ᠡᠷᠭᠢᠯᠡᠭ᠍ᠴᠢ ᠪᠠᠭᠰᠢ ᠳ·ᠰᠠᠴᠠᠨ ᠤ

ᠢᠷᠠᠭᠤ ᠭᠢᠴᠢᠶᠠᠯ ᠡᠴᠠ ᠢᠳᠠᠮᠯᠠᠨ

ᠡᠷᠳᠡᠮ ᠶᠡᠭᠡᠳᠡᠢ ᠮᠥᠩᠭᠦᠡᠴᠤᠭᠳᠤ ᠵᠢᠨ

ᠣᠷᠭᠤᠭ᠎ᠠ ᠬᠤᠯᠪᠣᠭ᠎ᠠ ᠡᠴᠠ ᠰᠥᠰᠦᠭᠯᠡᠨ


ᠣᠯᠠᠭᠠᠠᠴᠠᠪ ᠤᠨ ᠪᠠᠶᠠᠠᠴᠤᠭᠳᠤ

ᠦᠪᠣᠷ ᠮᠤᠩᠭ᠋ᠤᠯ ᠤᠨ ᠠᠯᠳᠠᠠᠳᠠᠷᠨᠠᠤ

ᠣᠯᠠᠭᠠᠠᠬᠠᠳᠠ ᠶᠢᠨ ᠦᠨᠡᠠᠪᠠᠭᠠᠳᠤᠷ

ᠮᠤᠩᠭ᠋ᠤᠯ ᠳᠸᠯᠸᠢᠰ ᠤᠨ ᠪᠢᠰᠢᠷᠠᠯᠳᠤ


ᠠᠷᠤ ᠬᠤᠷᠴᠢᠨ ᠤ ᠶ‍ᠣ᠊·ᠭᠡᠷᠡᠯᠽᠡ᠊ᠨᠳᠡᠨ

ᠠᠷᠠᠤᠨ ᠤᠨ ᠭᠡᠰᠡᠷᠴᠢ ᠤᠳᠬᠠᠠᠪᠠᠶᠠᠷ

ᠰᠢᠯᠢᠠᠬᠤᠳᠠ ᠶᠢᠨ ᠰᠥ᠊·ᠣᠷᠠᠨ᠎ᠠ

ᠣᠩᠨᠢᠭᠤᠳ ᠤᠨ ᠳᠤᠷᠤᠨ᠎ᠠ


ᠣᠯᠠᠨ ᠣᠯᠠᠨ ᠣᠳᠤᠳ ᠴᠤᠭᠯᠠᠷᠠᠭᠰᠠᠨ

ᠦᠯᠵᠠᠢ ᠪᠠᠯᠭᠡ ᠶᠢᠨ ᠢᠷᠦᠭᠡᠯ ᠣᠷᠤᠰᠢᠭᠰᠠᠨ

ᠢᠵᠠᠭᠤᠷ ᠣᠷᠠᠯᠢᠭ ᠤᠨ ᠰᠠᠭᠢᠭᠤᠰᠤ ᠠᠮᠢᠯᠠᠭᠰᠠᠨ

ᠡᠷᠳᠡᠮ ᠣᠬᠠᠭᠠᠨ ᠤ ᠬᠤᠷᠤᠢ ᠳᠠᠯᠠᠯᠤᠭᠰᠠᠨ


ᠨᠤᠮ ᠤᠨ ᠴᠠᠭᠠᠨ ᠪᠣᠶᠠᠨ ᠤ ᠪᠣᠷᠬᠠᠨ ᠴᠤᠭᠯᠠᠭᠠᠨ

ᠨᠤᠳᠤᠭᠴᠢ ᠲᠦᠮᠡᠨ ᠤ ᠣᠷᠠᠢ ᠴᠤᠭᠯᠠᠭᠠᠨ

ᠣᠩᠨᠢᠭᠤᠳ ᠨᠤᠳᠤᠭ ᠤᠨ ᠣᠩᠭ᠋ᠤᠨ ᠴᠤᠭᠯᠠᠭᠠᠨ

ᠣᠳᠤᠷᠴᠢ ᠮᠠᠯᠴᠢᠨ ᠤ ᠰᠤᠳᠤᠷ ᠤᠨ ᠴᠤᠭᠯᠠᠭᠠᠨ


ᠠᠰᠢᠭᠠᠨ ᠨᠤᠳᠤᠭ ᠤᠨ ᠠᠷᠢᠭᠤᠨ ᠴᠤᠭᠯᠠᠭᠠᠨ

ᠠᠷᠠᠤᠨ ᠤᠨ ᠣᠷᠠᠯᠢᠭᠴᠢᠨ ᠤ ᠰᠡᠳᠭᠢᠯ ᠤᠨ ᠴᠤᠭᠯᠠᠭᠠᠨ

ᠭᠡᠢ᠌ᠮᠦᠷᠢ ᠶᠢᠨ ᠵᠢᠪᠬᠤᠭ᠎ᠠ ᠴᠤᠭᠯᠠᠭᠠᠨ

ᠭᠦᠳᠡᠭᠡ ᠳᠡᠷᠭᠡᠯ ᠠᠮᠢᠨ ᠴᠤᠭᠯᠠᠭᠠᠨ


ᠦᠪᠣᠷ ᠮᠤᠩᠭ᠋ᠤᠯᠴᠤᠳ ᠤᠨ ᠦᠪᠡᠷ ᠴᠤᠭᠯᠠᠭᠠᠨ

ᠦᠯᠢᠭᠡᠷ ᠬᠤᠯᠪᠣᠭ᠎ᠠ ᠶᠢᠨ ᠠᠮᠢᠳᠤ ᠴᠤᠭᠯᠠᠭᠠᠨ

ᠳᠠᠯ᠎ᠠ ᠶᠢᠨ ᠠᠢ᠌ᠯ ᠤᠨ ᠳᠠᠩᠰᠤᠭ ᠴᠤᠭᠯᠠᠭᠠᠨ

ᠳᠠᠷᠠᠭ ᠤᠨ ᠦᠨᠦᠷ ᠲᠡᠶ ᠮᠤᠩᠭ᠋ᠤᠯ ᠴᠤᠭᠯᠠᠭᠠᠨ


ᠳᠠᠭᠤᠤᠷᠢᠯᠢᠭ ᠤᠨ ᠣᠢ᠌ᠯᠠᠰ ᠤᠨ ᠴᠠᠮᠬᠠᠭ ᠴᠤᠭᠯᠠᠭᠠᠨ

ᠳᠠᠷᠠᠭᠠᠴᠢ ᠶᠢᠨ ᠠᠯᠬᠤᠮ ᠤᠨ ᠣᠳᠤᠷᠢᠳᠤᠭᠠᠴᠢ ᠴᠤᠭᠯᠠᠭᠠᠨ

ᠮᠤᠩᠭ᠋ᠤᠯ ᠵᠠᠶᠠᠭᠠᠨ ᠤ ᠨᠠᠷᠠ ᠡᠷᠭᠦᠭ᠍ᠰᠡᠨ ᠴᠤᠭᠯᠠᠭᠠᠨ

ᠮᠠᠩᠯᠠᠢ ᠰᠤᠶᠤᠯ ᠤᠨ ᠬᠤᠷᠤᠢ ᠳᠠᠯᠠᠯᠤᠭᠰᠠᠨ ᠴᠤᠭᠯᠠᠭᠠᠨ


ᠰᠡᠳᠭᠢᠯ ᠵᠢᠷᠦᠭᠡᠨ ᠤ ᠠᠮᠢᠨ ᠴᠤᠭᠯᠠᠭᠠᠨ

ᠰᠥᠭ᠌ ᠰᠦᠯᠳᠡ ᠶᠢᠨ ᠳᠠᠭᠤᠳᠤ ᠴᠤᠭᠯᠠᠭᠠᠨ

ᠳᠠᠯ᠎ᠠ ᠶᠢᠨ ᠮᠠᠯᠴᠢᠳ ᠤᠨ ᠣᠶᠤᠨ ᠤ ᠴᠤᠭᠯᠠᠭᠠᠨ

ᠳᠠᠷᠠᠭ ᠤᠨ ᠦᠨᠦᠷ ᠲᠡᠶ ᠮᠤᠩᠭ᠋ᠤᠯ ᠴᠤᠭᠯᠠᠭᠠᠨ


ᠠᠰᠢᠭᠠᠨ ᠨᠤᠳᠤᠭ ᠮᠢᠨᠢ ᠪᠠᠶᠠᠷᠳᠠᠢ

ᠠᠷᠠᠤᠨ ᠤᠨ ᠣᠷᠠᠯᠢᠭᠴᠢᠳ ᠮᠢᠨᠢ ᠪᠠᠶᠠᠷᠳᠠᠢ

ᠣᠩᠨᠢᠭᠤᠳ ᠤᠨ ᠪᠠᠢ᠌ᠭᠠᠯᠢ ᠮᠢᠨᠢ ᠪᠠᠶᠠᠷᠳᠠᠢ

ᠣᠴᠠᠷᠠᠯ ᠢᠪᠠᠭᠡᠭ᠍ᠰᠡᠨ ᠰᠤᠶᠤᠯ ᠴᠤᠭᠯᠠᠭᠠᠨ ᠮᠢᠨᠢ ᠪᠠᠶᠠᠷᠳᠠᠢ


2013 ᠣᠨ ᠤ 9 ᠰᠠᠷ᠎ᠠ ᠶᠢᠨ 23


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠠᠢ᠌ᠮᠠᠭ ᠤᠨ ᠳᠤᠮᠳᠠᠳᠤ ᠬᠤᠰᠢᠭᠤᠨ ᠤ ᠪᠠᠶᠠᠠᠬᠤᠰᠢᠭᠤ ᠳᠦᠷᠪᠠᠳᠦᠭᠡᠷ ᠳᠤᠮᠳᠠᠳᠤ ᠰᠤᠷᠭᠠᠭᠤᠯᠢ

ᠵᠤᠬᠢᠶᠠᠭᠴᠢ᠄ ᠰᠠᠷᠠᠭᠤᠯ
ᠬᠠᠷᠢᠶ᠎ᠠ᠄ ᠰᠢᠯᠦᠭ
ᠳᠠᠷᠤᠮ᠄ 1900
ᠴᠠᠭ᠄ 2013 ᠤᠨ ᠤ 01 ᠰᠠᠷ᠎ᠠ ᠶᠢᠨ 09