ᠬᠠᠷᠭᠠᠨᠠᠳᠤ ᠶᠢᠨ ᠠᠯᠠᠭ

ᠭᠡᠭᠡᠷ᠎ᠡ ᠶᠢᠨ ᠭᠦᠢᠯᠡᠰᠤ ᠬᠠᠷᠭᠠᠨ᠎ᠠ ᠶᠢ ᠮᠠᠨ ᠤ ᠨᠤᠳᠤᠭ ᠲᠤ ᠶᠠᠷᠤ ᠳᠡᠭᠡᠨ ᠭᠢᠷᠭᠠᠯ ᠭᠡᠮᠡᠳᠡᠭ᠌᠃

ᠠᠩᠬᠠᠨ ᠳᠠᠭᠠᠨ ᠮᠠᠨ ᠤ ᠠᠢ᠌ᠯ ᠤᠨ ᠣᠷᠢᠳᠤ ᠪᠣᠷᠤ (ᠭᠡᠭᠡᠷ᠎ᠡ) ᠳ᠋ᠤ ᠭᠤᠷᠪᠠᠨ ᠬᠠᠷᠭᠠᠨᠠᠳᠤ ᠶᠢᠨ ᠠᠯᠠᠭ (ᠠᠭᠯᠠᠭ) ᠪᠠᠢ᠌ᠭᠰᠠᠨ᠃ ᠳᠡᠭᠡᠷ᠎ᠡ ᠬᠠᠷᠭᠠᠨᠠᠳᠤ᠂ ᠳᠤᠮᠳᠠ ᠬᠠᠷᠭᠠᠨᠠᠳᠤ᠂ ᠳᠤᠤᠷ᠎ᠠ ᠬᠠᠷᠭᠠᠨᠠᠳᠤ ᠭᠡᠵᠤ ᠭᠤᠷᠪᠠᠨ ᠪᠦᠯᠦᠭ᠌ ᠬᠠᠷᠭᠠᠨᠠᠳᠤ ᠶᠢᠨ ᠣᠢ ᠪᠠᠢ᠌ᠵᠤ᠂ ᠬᠠᠪᠣᠷ ᠴᠠᠭ ᠤᠨ ᠳᠠᠪᠤᠨ ᠰᠠᠷ᠎ᠠ ᠪᠣᠯᠬᠤ ᠪᠦᠷᠢ ᠭᠤᠷᠪᠠᠨ ᠬᠠᠷᠭᠠᠨᠠᠳᠤ ᠶᠢᠨ ᠠᠯᠠᠭ ᠤᠨ ᠭᠦᠢᠯᠡᠰᠤᠨ ᠮᠤᠳᠤᠨ ᠳᠡᠭᠡᠷ᠎ᠡ ᠴᠠᠰᠤ ᠴᠠᠭᠠᠨ ᠴᠡᠴᠡᠭ᠌ ᠠᠩ ᠵᠠᠢ ᠦᠭᠡᠶ ᠳᠡᠯᠭᠡᠷᠡᠵᠤ᠂ ᠶᠤᠰᠤᠳᠠᠢ ᠮᠥᠩᠭᠦᠨ ᠶ‍ᠢᠷᠳᠢᠠᠴᠤ ᠭᠡᠮᠡᠷ ᠶᠤᠮ᠃ ᠬᠡᠳᠦᠢ᠌ᠪᠡᠷ ᠠᠳᠠᠯᠢᠬᠠᠨ ᠪᠣᠷᠤ ᠭᠠᠵᠠᠷ ᠣᠷᠭᠤᠭᠰᠠᠨ ᠭᠡᠭᠡᠷ᠎ᠡ ᠶᠢᠨ ᠭᠦᠢᠯᠡᠰᠤ ᠠᠪᠠᠴᠤ ᠭᠤᠷᠪᠠᠨ ᠬᠠᠷᠭᠠᠨᠠᠳᠤ ᠶᠢᠨ ᠭᠦᠢᠯᠡᠰᠤᠨ ᠤ ᠰᠠᠭᠤᠳᠠᠯ ᠪᠠ ᠠᠮᠳᠠ ᠨᠢ ᠪᠠᠰᠠ ᠵᠦᠷᠢᠶ᠎ᠠ ᠲᠡᠶ ᠪᠠᠢ᠌ᠵᠤ᠂ ᠳᠤᠮᠳᠠ ᠬᠠᠷᠭᠠᠨᠠᠳᠤ ᠶᠢᠨ ᠭᠦᠢᠯᠡᠰᠤᠨ ᠮᠤᠳᠤᠨ ᠳᠡᠭᠡᠷ᠎ᠡ ᠰᠠᠭᠤᠭᠰᠠᠨ ᠭᠦᠢᠯᠡᠰᠤ ᠨᠢ ᠳᠤᠮᠤ ᠪᠦᠭᠡᠳ ᠰᠢᠭᠢᠷᠯᠢᠭ᠌ ᠴᠢᠨᠠᠷ ᠦᠨᠳᠦᠷ ᠪᠠᠢ᠌ᠵᠤ᠂ ᠭᠡᠷ ᠤᠨ ᠭᠦᠢᠯᠡᠰᠤᠨ ᠡᠴᠡ ᠳᠤᠤᠷᠠᠳᠠᠬᠤ ᠦᠭᠡᠶ ᠪᠠᠢ᠌ᠳᠠᠭ᠃

ᠪᠣᠳᠤᠪᠠᠯ ᠪᠠᠰᠠ ᠰᠤᠨᠢᠨ ᠶᠤᠮ ᠡ᠂ ᠳᠠᠷᠠ ᠦᠶ᠎ᠡ ᠪᠢᠳᠠ ᠭᠤᠷᠪᠠᠨ ᠬᠠᠷᠭᠠᠨᠠᠳᠤ ᠶᠢᠨ ᠠᠯᠠᠭ ᠳᠤᠮᠳᠠᠭᠤᠷ ᠨᠠᠭᠠᠳᠤᠨ ᠳᠤᠭᠯᠠᠵᠤ᠂ ᠰᠠᠯᠠᠭ᠎ᠠ ᠨᠠᠮᠠᠭ᠎ᠠ ᠪᠠᠨ ᠳᠠᠭᠠᠵᠤ ᠶᠠᠳᠠᠨ ᠰᠠᠭᠤᠭᠰᠠᠨ ᠭᠡᠭᠡᠷ᠎ᠡ ᠶᠢᠨ ᠭᠦᠢᠯᠡᠰᠤ ᠶᠢᠨ ᠠᠯᠢ ᠠᠮᠳᠠ ᠲᠡᠶ ᠶᠢ ᠨᠢ ᠡᠷᠢᠨ ᠴᠠᠳᠳᠠᠯ᠎ᠠ ᠢᠳᠡᠭ᠍ᠰᠡᠨ ᠴᠤ ᠭᠡᠳᠡᠰᠤ ᠬᠤᠳᠤᠭᠤᠳᠤ ᠡᠪᠠᠦᠡᠭᠦ ᠪᠠᠢ᠌ᠳᠠᠯ ᠶᠠᠷᠤ ᠭᠠᠷᠤᠭᠰᠠᠨ ᠦᠭᠡᠶ ᠶᠤᠮ᠃ ᠨᠠᠩ ᠢᠯᠠᠩᠭ᠋ᠤᠶ᠎ᠠ ᠭᠠᠷᠠᠭ ᠤᠨ ᠡᠳᠦᠷ᠂ ᠭᠦᠯ ᠳᠠᠭᠠᠷᠠᠭᠰᠠᠨ ᠮᠠᠨ ᠤ ᠭᠡᠳᠤᠨ ᠵᠢᠭᠠᠯ ᠤᠳ ᠮᠠᠩᠬᠠᠨ ᠠᠯᠠᠭᠳᠠᠭ᠎ᠠ ᠪᠠᠨ ᠶᠠᠳᠠᠷᠠᠳᠠᠯ᠎ᠠ ᠭᠦᠭᠡᠭᠡᠵᠤ᠂ ᠬᠠᠷᠭᠠᠨᠠᠳᠤ ᠶᠢᠨ ᠠᠯᠠᠭ ᠤᠨ ᠭᠦᠢᠯᠡᠰᠤ ᠪᠠᠷ ᠦᠯ ᠳᠠᠷᠤᠵᠤ᠂ ᠡᠳᠦᠷ ᠤᠨ ᠪᠠᠶ᠎ᠠ ᠪᠠᠷ ᠭᠦᠶ‍ᠦᠵᠤ᠂ ᠦᠯᠦᠰᠭᠦ ᠪᠠᠨ ᠮᠡᠳᠡᠭᠦ ᠦᠭᠡᠶ ᠨᠠᠭᠠᠳᠤᠵᠤ ᠶᠠᠪᠣᠵᠤ ᠪᠠᠢ᠌ᠭᠰᠠᠨ ᠶᠤᠮ᠃

ᠬᠠᠷᠭᠠᠨᠠᠳᠤ ᠶᠢᠨ ᠠᠯᠠᠭ ᠤᠨ ᠭᠦᠢᠯᠡᠰᠤ ᠪᠣᠯᠪᠠᠰᠤᠷᠠᠬᠤ ᠦᠶ᠎ᠡ᠂ ᠮᠠᠨ ᠤ ᠠᠢ᠌ᠯ ᠤᠨ ᠡᠵᠢ ᠨᠡᠷ ᠤᠨ ᠶᠠᠭᠠᠷᠠᠯᠳᠤᠬᠤ ᠴᠠᠭ ᠪᠣᠯᠬᠤ ᠶᠤᠮ᠃ ᠭᠦᠢᠯᠡᠰᠤᠨ ᠤ ᠴᠦᠮ᠎ᠡ ᠶᠢ ᠣᠭᠤᠳᠠ ᠣᠭᠤᠳᠠ ᠪᠠᠷ ᠳᠡᠭᠦᠵᠤ᠂ ᠨᠢᠭᠡ ᠭᠡᠰᠡᠭ᠌ ᠢ ᠬᠤᠳᠠᠯᠳᠤᠨ ᠵᠠᠷᠤᠵᠤ᠂ ᠨᠥᠭᠦᠭᠡ ᠭᠡᠰᠡᠭ᠌ ᠢ ᠨᠢ ᠳᠤᠰᠤ ᠰᠢᠷᠭᠠᠨ ᠠᠪᠳᠠᠭ᠃ ᠭᠦᠢᠯᠡᠰᠤᠨ ᠳᠤᠰᠤ ᠨᠢ ᠬᠡᠳᠦᠢ᠌ᠪᠡᠷ ᠭᠠᠰᠤᠨ ᠦᠨᠦᠷ ᠲᠡᠶ ᠴᠤ ᠳᠤᠰᠤᠷᠬᠠᠭ ᠴᠢᠨᠠᠷ ᠴᠢᠩᠭ᠋᠎ᠠ ᠡᠳ᠋ ᠪᠠᠢ᠌ᠵᠤ᠂ ᠨᠢᠭᠡ ᠠᠶᠠᠭ᠎ᠠ ᠬᠠᠭᠤᠷᠠᠢ ᠠᠮᠤ ᠳᠤ ᠨᠢᠭᠡᠯᠡ ᠵᠢᠵᠢᠭ᠌ ᠬᠠᠯᠪᠠᠭ᠎ᠠ ᠳᠤᠰᠤ ᠭᠢᠪᠠᠯ ᠳᠠᠷᠤᠢ ᠬᠠᠭᠤᠷᠠᠢ ᠠᠮᠤ ᠪᠦᠭᠦᠨ ᠶᠢᠡᠷ ᠶᠢᠡᠨ ᠳᠡᠪᠳᠦᠴᠢᠭᠡᠳᠡᠭ᠌᠃ ᠳᠠᠷᠠ ᠦᠶ᠎ᠡ ᠮᠠᠨ ᠤ ᠨᠤᠳᠤᠭ ᠤᠨ ᠭᠢᠨ ᠪᠦᠷ ᠭᠦᠢᠯᠡᠰᠤᠨ ᠳᠤᠰᠤ ᠢᠳᠡᠳᠡᠭ᠌ ᠵᠠᠩᠰᠢᠯ ᠲᠡᠶ ᠪᠠᠢ᠌ᠵᠤ᠂ ᠵᠢᠯ ᠴᠠᠭᠠᠨ ᠰᠠᠷ᠎ᠠ ᠶᠢᠨ ᠳᠠᠭᠢᠯ ᠮᠦᠷᠭᠦᠯ ᠭᠢᠭᠦ ᠵᠤᠯᠠ ᠶᠢᠨ ᠳ᠋ᠸᠩ ᠳᠤ ᠪᠠᠰᠠ ᠭᠦᠢᠯᠡᠰᠤᠨ ᠳᠤᠰᠤ ᠭᠡᠷᠡᠭᠯᠡᠵᠤ ᠪᠠᠢ᠌ᠭᠰᠠᠨ ᠶᠤᠮ᠃ ᠭᠦᠢᠯᠡᠰᠤᠨ ᠳᠤᠰᠤ ᠪᠠᠷ ᠪᠠᠰᠠ ᠠᠪᠳᠠᠷ᠎ᠠ ᠬᠤᠷᠭᠤ ᠪᠠᠨ ᠵᠥᠯᠭᠦᠪᠠᠯ ᠣᠠᠴᠠ ᠭᠦᠯᠢᠭᠡᠷ ᠪᠣᠯᠳᠠᠭ᠃

ᠣᠳᠤ ᠶᠢᠨ ᠡᠮᠨᠡᠯᠭᠡ ᠶᠢᠨ ᠣᠬᠠᠭᠠᠨ ᠤ ᠰᠢᠠᠵᠢᠯᠠᠯ ᠳᠤ ᠢᠯᠡᠷᠡᠭᠦᠯᠦᠭ᠍ᠰᠡᠨ ᠶᠢᠡᠷ᠂ ᠭᠦᠢᠯᠡᠰᠤᠨ ᠴᠦᠮ᠎ᠡ ᠶᠢᠨ ᠳᠤᠳᠤᠷ᠎ᠠ ᠣᠯᠠᠨ ᠵᠣᠢ᠌ᠯ ᠤᠨ ᠡᠪᠡᠳᠴᠢᠨ ᠢ ᠰᠡᠷᠭᠡᠢ᠌ᠯᠡᠭᠦ ᠡᠳ᠋ ᠣᠠᠴᠠᠭᠠᠢ᠌ᠯᠠᠨ ᠦᠮᠠᠨ ᠢ ᠡᠰᠡᠷᠭᠦᠴᠡᠭᠦ ᠪᠣᠳᠠᠰ ᠠᠭᠤᠯᠵᠤ ᠪᠠᠢ᠌ᠬᠤ ᠪᠣᠢ ᠭᠡᠵᠤ ᠪᠣᠢ᠃ ᠪᠣᠳᠤᠪᠠᠯ ᠪᠠᠰᠠ ᠥᠨᠡᠭᠡᠷ ᠴᠤ ᠳᠠᠢ᠌ᠮᠤ ᠪᠠᠢ᠌ᠭᠰᠠᠨ ᠪᠣᠯᠤᠯᠳᠠᠢ᠂ ᠮᠠᠨ ᠢ ᠪᠠᠭ᠎ᠠ ᠳᠤ ᠮᠠᠨ ᠤ ᠨᠤᠳᠤᠭ ᠤᠨ ᠣᠯᠠᠨ ᠬᠠᠷᠭᠠᠨᠠᠳᠤ ᠶᠢᠨ ᠠᠯᠠᠭ ᠤᠨ ᠭᠦᠢᠯᠡᠰᠤ ᠵᠢᠴᠢ ᠭᠦᠢᠯᠡᠰᠤᠨ ᠴᠦᠮ᠎ᠡ ᠶᠢᠨ ᠳᠤᠰᠤ ᠶᠢ ᠦᠷᠭᠦᠯᠵᠢ ᠢᠳᠡᠳᠡᠭ᠌ ᠤᠨ ᠰᠢᠯᠳᠠᠭᠠᠨ ᠶᠤᠮ ᠦᠦ ᠳ᠋ᠠ᠂ ᠠᠢ᠌ᠯ ᠤᠨ ᠣᠯᠠᠨ ᠳᠤ ᠪᠠᠷᠤᠭᠳᠠᠢ ᠡᠪᠡᠳᠴᠢᠨ ᠳᠤᠰᠬᠤ ᠦᠭᠡᠶ ᠪᠠᠢ᠌ᠵᠤ᠂ ᠨᠠᠩ ᠦᠮᠠᠨ ᠭᠡᠳᠡᠭ᠌ ᠶᠠᠭᠤᠮ᠎ᠠ ᠶᠠᠭ ᠢᠯᠡᠷᠡᠭ᠍ᠰᠡᠨ ᠦᠭᠡᠶ ᠶᠤᠮ᠃

ᠬᠠᠷᠭᠠᠨᠠᠳᠤ ᠶᠢᠨ ᠠᠯᠠᠭ ᠤᠨ ᠳᠤᠬᠠᠢ ᠣᠯᠠᠨ ᠳᠤᠮᠤᠭ ᠭᠡᠯᠡᠯᠴᠡᠭᠡ ᠪᠠᠢ᠌ᠪᠠ᠃ ᠮᠠᠨ ᠤ ᠠᠢ᠌ᠯ ᠤᠨ ᠵᠠᠷᠢᠮ ᠠᠬᠠᠮᠠᠳᠴᠤᠳ ᠤᠨ ᠭᠡᠯᠡᠭᠦ ᠪᠠᠷ᠂ ᠠᠯᠢ ᠡᠷᠳᠡ ᠦᠶ᠎ᠡ᠂ ᠨᠢᠭᠡ ᠵᠢᠯ ᠤᠨ ᠵᠤᠨ ᠴᠠᠭᠠᠨ ᠭᠤᠤᠯ ᠶᠡᠭᠡᠪᠠᠷ ᠦᠶᠡᠷᠯᠠᠵᠤ᠂ ᠮᠠᠨ ᠤ ᠣᠷᠢᠳᠤ ᠪᠣᠷᠤ ᠪᠠᠷ ᠣᠷᠤᠰᠤᠨ ᠥᠩᠭᠡᠷᠡᠭᠦ ᠦᠶᠡᠰ ᠪᠠᠷᠠᠭᠤᠨ ᠣᠷᠢᠳᠤ ᠵᠤ᠋ ᠡᠴᠡ ᠣᠷᠤᠰᠬᠠᠨ ᠢᠷᠡᠭ᠍ᠰᠡᠨ ᠭᠦᠢᠯᠡᠰᠤᠨ ᠦᠷ᠎ᠡ ᠶᠢ ᠰᠠᠭᠤᠯᠭᠠᠵᠤ ᠪᠣᠢ ᠪᠣᠯᠭᠠᠪᠠ ᠭᠡᠳᠡᠭ᠌᠃ ᠪᠠᠰᠠ ᠨᠢᠭᠡ ᠭᠡᠯᠡᠯᠭᠡ ᠨᠢ᠂ ᠳᠡᠭᠡᠳᠤ ᠶᠢᠨ ᠦᠶᠡᠰ ᠨᠢᠭᠡ ᠭᠡᠭᠡᠨ ᠯᠠᠮᠠ ᠮᠠᠨ ᠤ ᠠᠢ᠌ᠯ ᠤᠨ ᠣᠷᠢᠳᠤ ᠪᠣᠷᠤ ᠶᠢᠡᠷ ᠥᠩᠭᠡᠷᠡᠨ ᠭᠠᠷᠬᠤ ᠲᠠᠭᠠᠨ ᠣᠷᠢᠳᠤ ᠪᠣᠷᠤ ᠶᠢᠨ ᠦᠩ ᠰᠢᠮᠡᠯᠢᠭ᠌ ᠡᠪᠠᠰᠤ ᠪᠠᠯᠴᠢᠭᠡᠷ᠂ ᠦᠨᠳᠦᠷ ᠰᠦᠷᠯᠢᠭ᠌ ᠣᠷᠤᠢ ᠵᠢᠯᠠᠭ᠎ᠠ ᠶᠢ ᠦᠵᠡᠨ ᠳᠤᠭᠤᠵᠤ᠂ ᠡᠪᠦᠷᠳᠦᠯᠡᠵᠤ ᠶᠠᠪᠣᠭ᠎ᠠ ᠪᠠᠷᠠᠭᠤᠨ ᠣᠷᠤᠨ ᠤ ᠭᠦᠢᠯᠡᠰᠤᠨ ᠴᠦᠮ᠎ᠡ ᠪᠠᠨ ᠰᠠᠴᠤᠨ ᠳᠠᠷᠢᠯ᠎ᠠ ᠭᠡᠳᠡᠭ᠌᠃ ᠶᠠᠭᠤ ᠴᠤ ᠭᠡᠰᠡᠨ ᠮᠠᠨ ᠤ ᠠᠢ᠌ᠯ ᠤᠨ ᠣᠷᠢᠳᠤ ᠪᠣᠷᠤ ᠶᠢᠨ ᠭᠤᠷᠪᠠᠨ ᠬᠠᠷᠭᠠᠨᠠᠳᠤ ᠶᠢᠨ ᠠᠯᠠᠭ ᠤᠨ ᠭᠦᠢᠯᠡᠰᠤᠨ ᠮᠤᠳᠤᠨ ᠤ ᠪᠠᠶ᠎ᠠ ᠨᠢ ᠪᠦᠳᠦᠭᠦᠨ ᠪᠦᠳᠦᠭᠦᠨ᠂ ᠨᠠᠪᠴᠢ ᠨᠠᠭᠢᠶ᠎ᠠ ᠨᠢ ᠦᠷᠭᠡᠨ ᠦᠷᠭᠡᠨ᠂ ᠰᠠᠭᠤᠭᠰᠠᠨ ᠭᠦᠢᠯᠡᠰᠤ ᠨᠢ ᠳᠠᠷᠭᠤᠨ ᠳᠠᠷᠭᠤᠨ ᠪᠠᠢ᠌ᠵᠤ᠂ ᠤᠢ᠌ᠷ᠎ᠡ ᠬᠠᠪᠢ ᠶᠢᠨ ᠠᠢ᠌ᠯ ᠤᠨ ᠭᠦᠢᠯᠡᠰᠤ ᠲᠡᠶ ᠦᠰᠦᠳ ᠥᠭᠡᠷ᠎ᠡ ᠪᠠᠢ᠌ᠳᠠᠭ᠃

ᠬᠠᠪᠣᠷ ᠴᠠᠭ ᠭᠡᠭᠡᠷ᠎ᠡ ᠶᠢᠨ ᠭᠦᠢᠯᠡᠰᠤ ᠳᠤᠪᠴᠢᠯᠠᠵᠤ ᠢᠷᠡᠭᠦ ᠦᠶᠡᠰ᠂ ᠵᠡᠭᠦᠨ ᠪᠠᠷᠠᠭᠤᠨ ᠠᠢ᠌ᠯ ᠤᠨ ᠬᠡᠦᠬᠡᠳ ᠱᠤᠬᠤᠤᠨ ᠮᠠᠨ ᠤ ᠠᠢ᠌ᠯ ᠤᠨ ᠬᠠᠷᠭᠠᠨᠠᠳᠤ ᠶᠢᠨ ᠠᠯᠠᠭ ᠵᠥᠭ᠌ ᠴᠤᠪᠣᠷᠠᠨ ᠭᠦᠶ‍ᠦᠯᠳᠦᠵᠤ᠂ ᠮᠠᠨ ᠤ ᠬᠠᠷᠭᠠᠨᠠᠳᠤ ᠶᠢᠨ ᠠᠯᠠᠭ ᠤᠨ ᠭᠦᠢᠯᠡᠰᠤ ᠣᠠᠴᠠ ᠠᠮᠳᠠᠳᠠᠢ ᠭᠡᠳ ᠴᠠᠳᠳᠠᠯ᠎ᠠ ᠢᠳᠡᠭᠡᠳ ᠪᠠᠰᠠ ᠶᠡᠭᠡ ᠪᠠᠭ᠎ᠠ ᠪᠣᠭᠴᠤᠨ ᠳ᠋ᠠᠭᠠᠨ ᠳᠦᠭ᠍ᠳᠥᠢ᠌ᠳᠡᠯ᠎ᠡ ᠴᠢᠭᠢᠭᠡᠳ ᠪᠣᠴᠠᠳᠠᠭ᠃

ᠲ᠋ᠠᠷᠠ ᠦᠶ᠎ᠡ᠂ ᠭᠤᠷᠪᠠᠨ ᠬᠠᠷᠭᠠᠨᠠᠳᠤ ᠶᠢᠨ ᠠᠯᠠᠭ ᠢ ᠳᠤᠭᠤᠷᠢᠭᠠᠤᠨ ᠮᠠᠨ ᠤ ᠠᠢ᠌ᠯ ᠤᠨ ᠮᠤᠩᠭ᠋ᠤᠯ ᠰᠠᠭᠠᠭ ᠤᠨ ᠭᠤᠤᠯᠳᠠᠯᠭ᠎ᠠ ᠭᠠᠵᠠᠷ ᠪᠠᠢ᠌ᠵᠤ᠂ ᠮᠤᠩᠭ᠋ᠤᠯ ᠰᠠᠭᠠᠭ ᠳᠠᠷᠢᠬᠤ᠂ ᠠᠷᠴᠢᠬᠤ᠂ ᠬᠠᠳᠤᠬᠤ ᠶᠠᠭᠠᠷᠠᠤ ᠣᠯᠠᠷᠢᠯ ᠳᠤ ᠭᠤᠷᠪᠠᠨ ᠬᠠᠷᠭᠠᠨᠠᠳᠤ ᠶᠢᠨ ᠠᠯᠠᠭ ᠤᠨ ᠭᠦᠢᠯᠡᠰᠤᠨ ᠮᠤᠳᠤᠳ ᠨᠢ ᠠᠢ᠌ᠯ ᠤᠨ ᠣᠯᠠᠨ ᠤ ᠠᠵᠢᠯ ᠤᠨ ᠵᠠᠪᠰᠠᠷ᠂ ᠦᠳᠡ ᠶᠢᠨ ᠠᠮᠠᠷᠠᠯᠳᠠ ᠳᠤ ᠣᠠᠴᠠ ᠰᠡᠷᠢᠭᠦᠨ ᠳᠠᠭᠠᠳᠠᠢ ᠨᠦᠮᠦᠷᠢ ᠰᠡᠭᠦᠳᠡᠷ ᠪᠣᠯᠵᠤ᠂ ᠵᠠᠷᠢᠮ ᠠᠯᠢᠶ᠎ᠠ ᠳᠡᠭ᠍ᠵᠢᠨ ᠵᠠᠯᠠᠭᠤᠴᠤᠳ ᠭᠦᠢᠯᠡᠰᠤᠨ ᠮᠤᠳᠤᠨ ᠳᠡᠭᠡᠷ᠎ᠡ ᠮᠠᠴᠤᠨ ᠭᠠᠷᠴᠤ᠂ ᠪᠦᠳᠦᠭᠦᠯᠢᠭ᠌ ᠭᠤᠷᠪᠠᠯᠵᠢᠨ ᠰᠠᠯᠠᠭᠠᠨ ᠳᠡᠭᠡᠷ᠎ᠡ ᠭᠦᠡᠳᠡᠯᠡᠨ ᠭᠡᠪᠳᠡᠵᠤ ᠨᠣᠢ᠌ᠷ ᠠᠪᠳᠠᠭ ᠴᠤ ᠶᠤᠮ ᠡ᠃

ᠲ᠋ᠡᠭᠡᠷ᠎ᠡ ᠵᠠᠭᠤᠨ ᠤ ᠨᠠᠶᠠᠭᠠᠤᠨ ᠣᠨ ᠤ ᠡᠭᠢ ᠪᠣᠯᠵᠤ ᠢᠷᠡᠭᠦ ᠳᠤ᠂ ᠬᠠᠷᠭᠠᠨᠠᠳᠤ ᠶᠢᠨ ᠠᠯᠠᠭ ᠤᠨ ᠭᠦᠢᠯᠡᠰᠤᠨ ᠮᠤᠳᠤ ᠨᠠᠯᠢᠶᠠᠤᠨ ᠰᠢᠩᠭᠡᠷᠡᠵᠤ᠂ ᠳᠤᠭᠤᠷᠢᠭᠰᠠᠨ ᠣᠷᠤᠢ ᠵᠢᠯᠠᠭ᠎ᠠ ᠨᠢ ᠴᠠᠢ᠌ᠷᠠᠨ ᠮᠠᠩᠬᠠᠷᠠᠵᠤ᠂ ᠭᠦᠢᠯᠡᠰᠤ ᠶᠢᠨ ᠦᠷ᠎ᠡ ᠰᠠᠭᠤᠳᠠᠯ ᠤᠨ ᠭᠡᠮᠵᠢᠶ᠎ᠡ ᠮᠡᠳᠡᠭ᠍ᠳᠡᠮ᠎ᠡ ᠮᠠᠭᠤᠳᠠᠪᠠ᠃ ᠶᠡᠷᠡᠭᠡᠳ ᠣᠨ ᠪᠣᠯᠬᠤ ᠳᠤ᠂ ᠬᠠᠷᠭᠠᠨᠠᠳᠤ ᠶᠢᠨ ᠠᠯᠠᠭ ᠤᠨ ᠭᠦᠢᠯᠡᠰᠤᠨ ᠮᠤᠳᠤ ᠪᠦᠭᠦᠨ ᠶᠢᠡᠷ ᠶᠢᠡᠨ ᠣᠭᠳᠤᠯᠤᠭᠳᠠᠨ ᠭᠤᠤᠯ ᠪᠠᠶ᠎ᠠ ᠨᠢ ᠬᠤᠪᠢ ᠭᠦᠮᠤᠨ ᠤ ᠮᠠᠯ ᠳᠠᠷᠢᠶ᠎ᠠ ᠶᠢᠨ ᠬᠠᠰᠢᠶ᠎ᠠ ᠰᠠᠷᠠᠪᠴᠢ ᠶᠢᠨ ᠪᠣᠯᠠᠭ᠎ᠠ ᠪᠠᠭᠠᠨ᠎ᠠ ᠪᠣᠯᠵᠤ᠂ ᠰᠠᠯᠠᠭ᠎ᠠ ᠨᠠᠮᠠᠭ᠎ᠠ ᠨᠢ 〈ᠭᠦᠵᠦᠭᠦᠤ ᠦᠭᠡᠶ ᠳᠡᠮᠡᠭᠡ〉 ᠪᠦᠳᠦᠭᠦᠨ ᠵᠤᠤᠬ᠎ᠠ ᠶᠢᠨ ᠲᠦᠯᠠᠰᠢ ᠪᠣᠯᠵᠤ ᠳᠠᠭᠤᠰᠪᠠ ᠪᠢᠯᠠ᠃

ᠬᠠᠷᠭᠠᠨᠠᠳᠤ ᠶᠢᠨ ᠠᠯᠠᠭ ᠊᠊᠊᠊᠊᠊᠊᠊᠊᠊᠊᠊᠊᠊᠊ ᠡᠭᠡ ᠪᠠᠢ᠌ᠭᠠᠯᠢ ᠡᠴᠡ ᠮᠠᠨ ᠤ ᠠᠢ᠌ᠯ ᠤᠨ ᠣᠯᠠᠨ ᠳᠤ ᠰᠤᠶᠤᠷᠬᠠᠭᠰᠠᠨ ᠦᠨᠡᠳᠤ ᠭᠦᠷᠦᠩᠭᠡ ᠦᠵᠡᠮᠵᠢᠳᠤ ᠴᠡᠴᠡᠷᠯᠢᠭ᠌ ᠭᠡᠮᠡᠭᠦ ᠶᠤᠰᠤᠳᠠᠢ ︕ ᠭᠡᠶ᠎ᠡ᠂ ᠪᠢᠳᠠ ᠡᠨᠡᠭᠦ ᠦᠨᠡᠳᠤ ᠭᠦᠷᠦᠩᠭᠡ ᠦᠵᠡᠮᠵᠢᠳᠤ ᠴᠡᠴᠡᠷᠯᠢᠭ᠌ ᠶᠢᠡᠨ ᠥᠭᠦᠭᠡᠷᠳᠡᠨ ᠬᠠᠮᠠᠭᠠᠯᠠᠵᠤ ᠳᠡᠢ᠌ᠯᠦᠭ᠍ᠰᠡᠨ ᠦᠭᠡᠶ ᠨᠢ ᠥᠨᠡᠭᠡᠷ ᠬᠠᠷᠠᠮᠰᠠᠯᠳᠠᠢ ︕ ᠭᠡᠮᠰᠢᠯᠳᠡᠢ ᠣᠴᠢᠷ ᠶᠤᠮ ᠡ ︕


(ᠬᠠᠶ‍ᠢᠭ᠄ ᠬᠤᠷᠴᠢᠨ ᠳᠤᠭᠤᠷᠢᠭ ᠤᠨ ᠠᠷᠠᠤᠨ ᠤᠨ ᠵᠠᠰᠠᠭ ᠤᠨ ᠣᠷᠳᠤᠨ)

ᠵᠤᠬᠢᠶᠠᠭᠴᠢ᠄ ᠴᠢᠭᠡᠴᠢ
ᠬᠠᠷᠢᠶ᠎ᠠ᠄ ᠨᠠᠢᠷᠠᠭᠤᠯᠤᠯ
ᠳᠠᠷᠤᠮ᠄ 3327
ᠴᠠᠭ᠄ 2010 ᠤᠨ ᠤ 06 ᠰᠠᠷ᠎ᠠ ᠶᠢᠨ 01