ᠳᠡᠭᠦᠦ ᠶᠢᠨ ᠤᠷᠤᠭᠤᠯ

ᠭᠡᠳᠤ ᠬᠤᠨᠤᠭ ᠣᠷᠤᠭᠰᠠᠨ ᠵᠦᠰᠠᠷ ᠪᠣᠷᠤᠭᠠᠨ ᠠᠷᠢᠯᠬᠤ ᠪᠠᠢ᠌ᠳᠠᠯ ᠦᠭᠡᠶ ᠮᠥᠷᠳᠡᠭᠡᠨ ᠦᠶ᠎ᠡ ᠦᠶ᠎ᠡ ᠰᠢᠷᠦᠭᠦᠰᠴᠤ ᠪᠠᠢ᠌ᠯ᠎ᠠ᠃

ᠳᠤᠯᠤᠭᠠᠨᠠᠳᠤ ᠶᠢᠨ ᠠᠢ᠌ᠯ ᠤᠨ ᠳᠤᠷᠵᠠᠢ᠌ᠠᠤᠰᠤᠷ ᠤᠨ ᠮᠠᠭᠤ ᠪᠠᠢ᠌ᠰᠢᠩ ᠤᠨ ᠶᠡᠡᠳᠥ᠋ᠡᠭ᠌ ᠶᠢᠡᠷ ᠭᠦᠭᠡ ᠣᠳᠠᠭ᠎ᠠ ᠳᠠᠮᠢᠷ ᠮᠠᠭᠤᠳᠠᠢ᠌ᠬᠠᠨ ᠰᠤᠨᠤᠯᠵᠠᠵᠤ ᠴᠠᠢ᠌ᠷᠠᠨ ᠣᠷᠤᠬᠤ ᠪᠣᠷᠤᠭᠠᠨ ᠤ ᠣᠰᠤᠨ ᠳᠤ ᠵᠠᠮᠬᠠᠷᠠᠨ ᠠᠷᠢᠯᠤᠨ᠎ᠡ᠃ ᠳᠤᠷᠵᠠᠢ᠌ᠠᠤᠰᠤᠷ ᠤᠨ ᠭᠢᠨ ᠠᠷᠭᠠᠯ ᠳᠦᠯᠠᠰᠢ ᠪᠠᠨ ᠪᠦᠷ ᠨᠤᠷᠭᠠᠵᠤ ᠭᠠᠯ ᠳᠤᠭᠤᠭ᠎ᠠ ᠭᠦᠳᠡᠯᠭᠡᠭᠦ ᠳᠤ ᠣᠷᠰᠢᠭ ᠪᠣᠯᠵᠤ ᠪᠠᠢ᠌ᠯ᠎ᠠ᠃

ᠵᠡᠷᠭᠡᠯᠡᠳᠡᠭᠡ ᠰᠤᠮᠤᠨ ᠤ ᠠᠳᠤᠭᠤᠨ ᠡᠷᠢᠯ ᠤᠨ ᠬᠤᠶᠠᠷ ᠭᠦᠮᠤᠨ ᠵᠠᠮ ᠳᠠᠭᠠᠤ ᠳᠤᠯᠤᠭᠠᠨᠳᠤ ᠶᠢᠨ ᠠᠢ᠌ᠯ ᠶᠢᠡᠷ ᠥᠩᠭᠡᠷᠡᠭᠦ ᠳᠤ ᠪᠠᠨ ᠠᠢ᠌ᠯ ᠤᠨ ᠵᠠᠬ᠎ᠠ ᠳᠤ ᠪᠠᠢ᠌ᠭ᠎ᠠ ᠠᠭᠤᠷ ᠣᠳᠤᠭ᠎ᠠ ᠰᠠᠪᠰᠠᠭᠰᠠᠨ ᠡᠨᠡ ᠠᠢ᠌ᠯ ᠳᠤ ᠪᠠᠭᠤᠭᠠᠤᠨ ᠨᠢᠭᠡ ᠠᠶᠠᠭ᠎ᠠ ᠬᠠᠯᠠᠭᠤᠨ ᠴᠠᠢ ᠴᠤ ᠭᠡᠰᠡᠨ ᠣᠤᠭᠤᠭᠠᠤᠨ ᠪᠠᠶ᠎ᠠ ᠪᠦᠯᠢᠶᠡᠰᠭᠢᠭᠡᠤᠨ ᠭᠠᠷᠤᠶ᠎ᠠ ᠭᠡᠵᠤ ᠪᠣᠯᠠᠭᠠᠨ ᠳᠡᠭᠡᠷ᠎ᠡ ᠮᠤᠷᠢ ᠪᠠᠨ ᠣᠶᠠᠵᠤ ᠰᠢᠭᠤᠳ ᠭᠡᠷ ᠲᠤ ᠨᠢ ᠣᠷᠤᠵᠤ ᠮᠠᠠᠳᠤ ᠰᠠᠢ᠌ᠨ ᠶᠢᠡᠨ ᠮᠠᠳᠠᠯᠴᠠᠪᠠ᠃

ᠶᠠᠷᠤᠨᠢ ᠳᠠᠳᠤᠢ ᠪᠠᠶᠠᠨ ᠴᠢᠨᠡᠭᠡᠯᠢᠭ᠌ ᠪᠢᠰᠢ ᠴᠤ ᠬᠠᠷᠢᠨ ᠣᠪᠣᠭ᠎ᠠ ᠵᠥᠭᠡᠷ ᠵᠤᠴᠢᠠᠰᠤᠭ ᠠᠢ᠌ᠯ ᠪᠠᠢ᠌ᠯ᠎ᠠ᠃ ᠳᠠᠳᠠ ᠬᠤᠶᠠᠭᠤᠯᠠ᠄《ᠡᠷᠢᠯ ᠢ ᠰᠤᠷᠠᠭ ᠶᠢᠡᠷ ᠭᠡᠳᠡᠭ᠌ ᠶᠢᠡᠷ᠂ ᠠᠳᠤᠭᠤ ᠪᠠᠨ ᠰᠤᠷᠠᠭᠯᠠᠬᠤ ᠶᠢᠨ ᠳᠠᠰᠢᠷᠠᠮ ᠳᠤ ᠪᠠᠬᠠᠨ ᠳᠤᠯᠠᠭᠠᠴᠠᠭᠠᠤᠨ ᠭᠠᠷᠤᠶ᠎ᠠ ᠭᠡᠰᠡᠨ ᠴᠢᠨᠢ ᠬᠠᠷᠢᠨ ᠡᠨᠡ ᠵᠤᠳ ᠪᠣᠷᠤᠭᠠᠨ ᠳᠤ ᠳᠠᠨ ᠤ ᠳᠤ ᠨᠤᠪᠰᠢ ᠪᠣᠯᠴᠢᠬᠠᠯ᠎ᠠ》ᠭᠡᠭᠦ ᠳᠤ ᠳᠤᠷᠵᠠᠢ᠌ᠠᠤᠰᠤᠷ ᠤᠨ ᠳᠠᠷᠭᠤᠨ ᠰᠢᠷ᠎ᠠ ᠡᠭᠡᠨᠡᠷ᠄《ᠡᠷᠢᠯ ᠤᠨ ᠭᠦᠮᠤᠨ ᠪᠢᠯᠠ ᠳ᠋ᠠ᠂ ᠶᠠᠮᠠᠷ ᠬᠠᠮᠢᠶ᠎ᠠ ᠪᠠᠢ᠌ᠬᠤᠪ》ᠭᠡᠵᠤ ᠬᠠᠯᠠᠭᠤᠨ ᠰᠠᠪᠠ ᠲᠡᠶ ᠴᠠᠢ ᠠᠪᠴᠢᠷᠠᠵᠤ ᠠᠶᠠᠭᠠᠯᠠᠵᠤ ᠦᠭ‍ᠭᠦᠭᠡᠤᠨ ᠭᠠᠳᠠᠨ᠎ᠠ ᠭᠡᠷ ᠲᠤ ᠭᠠᠷᠴᠤ᠂ ᠨᠣᠢ᠌ᠳᠠᠨ ᠠᠷᠭᠠᠯ ᠴᠢᠭᠢᠭᠡᠤᠨ ᠬᠠᠷᠠᠩᠰᠤᠵᠤ ᠪᠠᠢ᠌ᠭᠰᠠᠨ ᠬᠠᠩᠵᠤᠨ ᠵᠤᠤᠬᠠᠨ ᠤ ᠭᠠᠯ ᠢ ᠱᠠᠯᠠ ᠡᠪᠦᠳᠦᠭᠯᠡᠨ ᠳᠤᠩᠭ᠋ᠣᠢ᠌ᠵᠤ ᠦᠯᠢᠶᠠᠵᠤ ᠡᠭᠢᠯᠡᠪᠡ᠃

ᠭᠡᠨ ᠮᠠᠳᠠᠪᠠ ︕ ᠪᠦᠭᠦ ᠪᠠᠶᠠᠨ ᠤ ᠭᠦᠴᠤ ᠳᠠᠮᠢᠷ ᠶᠢᠡᠨ ᠪᠦᠷ ᠠᠭᠤᠰᠭᠢ ᠵᠢᠷᠦᠭᠡᠨ ᠳᠤ ᠪᠠᠨ ᠴᠤᠭᠯᠠᠭᠤᠯᠵᠤ ᠭᠦᠴᠦᠯᠡᠨ ᠥᠯᠢᠶᠡᠭᠡᠤᠨ ᠬᠠᠷᠢᠨ ᠣᠯᠤᠭᠠᠢ ᠭᠡᠳᠡᠰᠤᠨ ᠤ ᠭᠢ ᠪᠠᠨ ᠠᠩᠬᠠᠷᠴᠤ ᠠᠮᠵᠢᠭᠰᠠᠨ ᠦᠭᠡᠶ ᠪᠠᠷᠤᠭ ᠯᠠ ᠮᠤᠤᠷ ᠮᠠᠢ᠌ᠯᠠᠬᠤ ᠰᠢᠭ ᠯᠠ ᠨᠠᠷᠢᠬᠠᠨ ᠮᠠᠭᠤᠬᠠᠢ ᠳᠠᠭᠤᠨ ᠣᠷᠳᠤᠬᠠᠨ ᠳᠠᠯᠪᠢᠵᠤ ᠣᠷᠭᠢᠪᠠ᠃ ᠳᠤᠳᠤᠷ᠎ᠠ ᠥᠷᠦᠭᠡ ᠶᠢᠨ ᠡᠭᠦᠳᠡ ᠨᠡᠭᠡᠭᠡᠯᠳᠡᠢ ᠪᠠᠢ᠌ᠭᠰᠠᠨ ᠪᠣᠯᠬᠤᠷ ᠥᠷᠦᠭᠡ ᠳᠤ ᠴᠠᠢ ᠣᠤᠭᠤᠵᠤ ᠰᠠᠭᠤᠭ᠎ᠠ ᠬᠤᠶᠠᠷ ᠵᠤᠴᠢᠨ ᠡᠨᠡᠭᠦ ᠰᠤᠨᠢᠬᠠᠨ ᠳᠠᠭᠤᠨ ᠢ ᠳᠤᠳᠤᠬᠠᠨ ᠰᠤᠨᠤᠰᠴᠤ ᠨᠢᠭᠡ ᠵᠠᠯᠠᠭᠤ ᠨᠢ ᠫᠦᠰ ᠭᠡᠳᠡᠯ᠎ᠡ ᠢᠨᠢᠶᠡᠴᠢᠭᠡᠪᠡ᠃

ᠦᠨᠦ ᠡᠭᠡᠨᠡᠷ ᠭᠡᠷᠡᠭ᠌ ᠳᠠᠳᠠᠭᠰᠠᠨ ᠶᠢᠡᠨ ᠮᠠᠳᠠᠵᠤ ᠢᠴᠢᠵᠤ ᠵᠤᠪᠠᠬᠤ ᠬᠤᠤᠰᠯᠠᠨ ᠶᠠᠭᠠᠷᠠᠨ ᠪᠣᠰᠴᠤ ᠳᠤᠳᠤᠷ᠎ᠠ ᠥᠷᠦᠭᠡ ᠶᠢᠨ ᠬᠠᠭᠠᠯᠭ᠎ᠠ ᠶᠢ ᠳᠠᠳᠠᠪᠠ᠃ ᠨᠢᠭᠡᠡᠳᠡ ᠳᠠᠯᠪᠢᠭᠠᠤᠨ ᠭᠠᠷᠭᠠᠴᠢᠬᠠᠭᠰᠠᠨ ᠪᠣᠯᠬᠤᠷ ᠶᠠᠭᠠᠭᠢᠬᠤ ᠪᠣᠢ᠂ ᠭᠡᠨ ᠳᠤ ᠨᠢ ᠶᠠᠮᠠᠷ ᠭᠡᠢ ᠭᠠᠷᠬᠤ ᠰᠦᠪᠠ ᠦᠭᠡᠶ ᠭᠡᠨ᠎ᠡ ᠳ᠋ᠡ ᠭᠡᠵᠤ ᠪᠣᠳᠤᠨ ᠦᠪᠡᠷ ᠲᠤ ᠪᠠᠨ ᠴᠤ ᠨᠢᠭᠡ ᠵᠡᠷᠭᠡ ᠢᠨᠢᠶᠠᠳᠤ ᠨᠢ ᠭᠦᠷᠦᠭ᠍ᠰᠡᠨ ᠶᠢᠡᠨ ᠠᠯᠢ ᠴᠢᠳᠠᠬᠤ ᠪᠠᠷ ᠢᠨᠢᠶᠠᠳᠤ ᠪᠠᠨ ᠳᠠᠷᠤᠵᠤ ᠂ ᠱᠦᠯᠤ ᠲᠡᠶ ᠭᠤᠯᠢᠷ ᠬᠤᠭᠤᠯᠠ ᠪᠠᠯᠡᠳᠭᠡᠭᠡᠤᠨ ᠂ ᠨᠢᠭᠡ ᠫᠢᠯᠠ ᠳᠠᠪᠣᠰᠤᠯᠠᠭᠰᠠᠨ ᠨᠤᠭᠤᠭ᠎ᠠ ᠂ ᠨᠢᠭᠡ ᠰᠢᠯ ᠠᠷᠢᠭᠢ ᠲᠡᠶ ᠠᠪᠴᠤ ᠣᠷᠤᠭᠠᠤᠨ᠄《ᠳᠠᠭᠠᠷᠠᠭᠰᠠᠨ ᠣᠯᠤᠰ ᠠᠷᠢᠭᠢ ᠵᠢᠭᠠᠬᠠᠨ ᠣᠤᠭᠤᠭᠠᠤᠨ ᠱᠦᠯᠤ ᠲᠡᠶ ᠬᠤᠭᠤᠯᠠ ᠢᠳᠠ ᠡ︕》ᠭᠡᠯ᠎ᠡ ᠃

ᠳᠦᠴᠢᠭᠡᠤᠨ ᠨᠠᠰᠤᠨ ᠤ ᠨᠢᠭᠡ ᠨᠢ ᠭᠡᠷᠰᠡᠤ ᠣᠷᠤᠭᠰᠠᠨ ᠪᠣᠯᠬᠤᠷ ᠭᠡᠷ ᠤᠨ ᠡᠵᠡᠨ ᠲᠡᠶ ᠡᠨᠡ᠂ ᠳᠠᠷᠠ ᠶᠢ ᠵᠤᠭᠤᠭᠳᠠᠵᠤ ᠠᠵᠢᠭ ᠦᠭᠡᠶ ᠪᠠᠢ᠌ᠳᠠᠯ ᠭᠠᠷᠭᠠᠬᠤ ᠳᠤ ᠨᠥᠭᠦᠭᠡ ᠵᠠᠯᠠᠭᠤ ᠨᠢ ᠯᠠᠪᠳᠠᠭᠤᠨ ᠦᠭᠡᠶ ᠪᠣᠯᠬᠤᠷ ᠰᠠᠶ‍ᠢᠭᠢ ᠭᠠᠳᠠᠨ᠎ᠠ ᠭᠡᠷ ᠲᠤ ᠭᠠᠷᠤᠭᠰᠠᠨ ᠣᠴᠢᠷ ᠢ ᠪᠣᠳᠤᠭᠰᠠᠭᠠᠷ ᠯᠠ ᠶᠠᠭᠠᠭᠢᠬᠤ ᠶᠢᠨ ᠠᠷᠭ᠎ᠠ ᠦᠭᠡᠶ ᠢᠨᠢᠶᠠᠳᠤ ᠨᠢ ᠭᠦᠷᠴᠤ᠂ ᠵᠢᠭᠠᠬᠠᠨ ᠠᠷᠢᠭᠢ ᠣᠤᠭᠤᠭᠰᠠᠨ ᠢᠳᠠ ᠪᠠᠷ ᠡᠨᠡ ᠳᠠᠷᠭᠤᠨ ᠰᠢᠷ᠎ᠠ ᠪᠠᠷᠭᠡᠨ ᠢ ᠨᠢᠭᠡ ᠢᠴᠢᠭᠡᠵᠤ ᠦᠵᠡᠶ᠎ᠠ ᠭᠡᠵᠤ ᠪᠣᠳᠤᠨ ᠵᠤᠷᠢᠭ ᠲᠦᠷᠦᠨ᠄《ᠪᠠᠷᠭᠡᠨ ᠡ᠂ ᠰᠠᠶ‍ᠢᠬᠠᠨ ᠭᠠᠳᠠᠨ᠎ᠠ ᠭᠡᠷ ᠲᠤ ᠨᠢᠭᠡ ᠬᠠᠴᠢᠨ ᠳᠠᠭᠤᠨ ᠭᠠᠷᠤᠭᠰᠠᠨ ᠨᠢ ᠳᠠᠨ ᠤ ᠭᠢ ᠶᠠᠮᠠᠷ ᠨᠢᠭᠡᠨ ᠠᠮᠢᠳᠠᠨ ᠳᠡᠵᠢᠭᠡᠵᠤ ᠪᠠᠢ᠌ᠭ᠎ᠠ ᠦᠦ︖》ᠭᠡᠪᠠᠯ᠂ ᠳᠠᠷᠠ ᠡᠭᠡᠨᠡᠷ ᠴᠢᠷᠠᠢ ᠨᠢ ᠵᠢᠭᠠᠬᠠᠨ ᠣᠯᠠᠰᠭᠢᠭᠠᠤᠨ ᠄

《ᠳᠡᠭᠦᠤ ᠮᠢᠨᠢ ᠡ᠂ ᠶᠠᠮᠠᠷᠬᠠᠨ ᠰᠢᠤᠬᠠᠨ ᠳᠠᠭᠤᠨ ᠭᠠᠷᠪᠠ ︖》ᠭᠡᠰᠡᠨ ᠳᠤ ᠳᠠᠷᠠ ᠵᠠᠯᠠᠭᠤ ᠶᠡᠭᠡᠯ᠎ᠡ ᠱᠤᠭᠯᠠᠬᠤ ᠪᠠᠢ᠌ᠳᠠᠯ ᠭᠠᠷᠭᠠᠨ᠂ ᠣᠷᠤᠭᠤᠯ ᠶᠢᠡᠨ ᠴᠢᠮᠭᠢᠵᠤ ᠪᠠᠢ᠌ᠭᠠᠤᠨ ᠠᠩᠬᠠᠨ ᠤ ᠳᠠᠭᠤᠨ ᠢ ᠳᠠᠭᠤᠷᠢᠶᠠᠵᠤ ᠰᠤᠨᠢᠬᠠᠨ ᠳᠠᠭᠤᠨ ᠭᠠᠷᠭᠠᠭᠰᠠᠨ ᠳᠤ ᠦᠨᠦ ᠡᠭᠡᠨᠡᠷ ᠫᠦᠰ ᠭᠡᠳᠡᠯ᠎ᠡ ᠢᠨᠢᠶᠠᠵᠤ᠄《ᠳᠡᠭᠦᠤ ᠮᠢᠨᠢ ᠡ᠂ ᠥᠨᠡᠭᠡᠷ ᠶᠠᠭ ᠡᠢ᠌ᠮᠤ ᠳᠠᠭᠤᠨ ᠭᠠᠷᠤᠭᠰᠠᠨ ᠡ ᠂ ᠪᠢ ᠴᠤ ᠶᠠᠭᠤ ᠪᠣᠯᠪᠠ ︖ ᠭᠡᠵᠤ ᠪᠣᠳᠤᠭᠰᠠᠨ ᠶᠤᠮ ᠡ ᠂ ᠬᠠᠷᠢᠨ ᠡᠨᠡ ᠳᠡᠭᠦᠦᠨᠡᠷ ᠳᠤᠤᠭᠠᠷᠭᠠᠵᠤ ᠨᠠᠭᠠᠳᠤᠵᠤ ᠰᠢᠳᠠ ᠂ ᠦᠭᠡᠶ ᠶᠠᠷᠤᠨᠢ ᠡᠨᠡ ᠳᠡᠭᠦᠤ ᠶᠢᠨ ᠣᠷᠤᠭᠤᠯ ᠶᠠᠭᠠᠭᠢᠭᠰᠠᠨ ᠡᠢ᠌ᠮᠤ ᠬᠠᠴᠢᠨ ᠳᠤᠤᠭᠠᠷᠳᠠᠭ ᠪᠣᠢ︖》ᠭᠡᠰᠡᠨ ᠳᠤ ᠦᠨᠦ ᠵᠠᠯᠠᠭᠤ ᠭᠡᠯᠡᠭᠦ ᠥᠭᠡ ᠪᠠᠨ ᠣᠯᠬᠤ ᠦᠭᠡᠶ ᠪᠣᠯᠵᠤ ᠴᠢᠷᠠᠢ ᠨᠢ ᠭᠦᠨ ᠣᠯᠠᠢ᠌ᠭᠰᠠᠭᠠᠷ ᠶᠠᠪᠣᠵᠤ ᠣᠤᠠᠪᠠ᠃


ᠵᠤᠬᠢᠶᠠᠭᠴᠢ᠄ ᠰᠤᠳᠨᠠᠮ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯᠭᠡ
ᠳᠠᠷᠤᠮ᠄ 4357
ᠴᠠᠭ᠄ 2009 ᠤᠨ ᠤ 09 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ