ᠪᠤᠯᠪᠠᠰᠤᠷᠠᠯ
(ᠪᠢᠴᠢᠯ ᠰᠢᠭᠦᠮᠵᠢ ᠨᠠᠢ᠌ᠷᠠᠭᠤᠯᠤᠯ)

ᠨᠢᠭᠡ ᠭᠦᠮᠤᠨ ᠨᠢᠭᠡᠨ ᠰᠠᠢ᠌ᠨ ᠬᠤᠯᠠ ᠭᠦᠶ‍ᠦᠭ᠍ᠴᠢ ᠳᠠᠮᠢᠷᠴᠢᠨ ᠪᠣᠯᠤᠶ᠎ᠠ ᠭᠡᠪᠠᠯ᠂ ᠶᠠᠭᠤᠨ ᠤ ᠣᠷᠢᠳᠠ᠂ ᠥᠷᠯᠦᠭᠡ ᠥᠷᠯᠦᠭᠡ ᠡᠷᠳᠡ ᠪᠣᠰᠴᠤ ᠡᠳᠦᠷ ᠡᠳᠦᠷ ᠪᠠᠶ᠎ᠠ ᠪᠠᠨ ᠪᠣᠯᠪᠠᠰᠤᠷᠠᠭᠤᠯᠵᠤ ᠳᠡᠭᠡᠳᠤ ᠭᠡᠮᠵᠢᠶᠡᠨ ᠤ ᠪᠠᠶ᠎ᠠ ᠮᠠᠬᠠᠪᠣᠤᠨ ᠤᠨ ᠰᠠᠭᠤᠷᠢ ᠪᠣᠶᠤ ᠪᠣᠯᠪᠠᠰᠤᠷᠠᠯ ᠤᠨ ᠭᠢᠷᠢ ᠭᠡᠮ ᠲᠡᠶ ᠪᠣᠯᠤᠭᠰᠠᠨ ᠪᠠᠢ᠌ᠬᠤ ᠭᠡᠷᠡᠭ᠍ᠳᠡᠢ᠃ ᠡᠭᠦᠯᠡ ᠰᠠᠯᠭᠢᠨ᠂ ᠪᠣᠷᠤᠭᠠᠨ ᠴᠠᠰᠤᠨ ᠡᠴᠡ ᠠᠶᠤᠵᠤ ᠪᠣᠯᠬᠤ ᠦᠭᠡᠶ᠃ ᠡᠳᠦᠷ ᠡᠳᠦᠷ ᠦᠨᠳᠦᠷ ᠠᠭᠤᠯᠠ᠂ ᠥᠷᠭᠡᠨ ᠭᠤᠪᠢ ᠶᠢ ᠳᠠᠮᠵᠢᠨ᠂ ᠭᠡᠳᠤᠨ ᠠᠷᠪᠠᠨ ᠭᠠᠵᠠᠷ ᠭᠦᠶ‍ᠦᠵᠤ᠂ ᠥᠭᠡᠷ᠎ᠡ ᠵᠣᠢ᠌ᠯ ᠤᠨ ᠳᠠᠮᠢᠷ ᠤᠨ ᠭᠦᠳᠡᠯᠭᠡᠭᠡᠨ ᠢ ᠬᠠᠪᠰᠤᠷᠭᠠᠨ ᠭᠢᠵᠤ᠂ ᠢᠳᠡᠭᠡᠨ ᠵᠤᠵᠠᠭᠠᠨ ᠪᠣᠯᠪᠠᠰᠤᠷᠠᠯ ᠴᠢᠳᠠᠪᠣᠷᠢ ᠲᠡᠶ ᠪᠣᠯᠤᠭᠰᠠᠨ ᠪᠠᠢ᠌ᠬᠤ ᠭᠡᠷᠡᠭ᠍ᠳᠡᠢ᠃ ᠦᠭᠡᠶ ᠪᠣᠯ ᠦᠪᠡᠷ ᠤᠨ ᠡᠴᠦᠰ ᠤᠨ ᠵᠤᠷᠢᠯᠳᠠ ᠊᠊᠊᠊᠊᠊᠊᠊᠊᠊᠊᠊᠊᠊᠊ ᠬᠤᠯᠠ ᠭᠦᠶ‍ᠦᠭ᠍ᠴᠢ ᠰᠠᠢ᠌ᠨ ᠳᠠᠮᠢᠷᠴᠢᠨ ᠪᠣᠯᠬᠤ ᠭᠦᠰᠡᠯ ᠶᠢᠡᠨ ᠪᠠᠶᠡᠯᠡᠭᠦᠯᠵᠤ ᠴᠢᠳᠠᠬᠤ ᠦᠭᠡᠶ ᠶᠤᠮ᠃

ᠵᠤᠬᠢᠶᠠᠯ ᠪᠢᠴᠢᠭᠦ᠂ ᠵᠤᠬᠢᠶᠠᠯᠴᠢ ᠭᠦᠮᠤᠨ ᠪᠣᠯᠬᠤ ᠳᠤ ᠮᠦᠨ ᠬᠤᠯᠠ ᠭᠦᠶ‍ᠦᠭ᠍ᠴᠢ ᠳᠠᠮᠢᠷᠴᠢᠨ ᠲᠡᠶ ᠠᠳᠠᠯᠢ᠂ ᠪᠣᠯᠪᠠᠰᠤᠷᠠᠯ ᠴᠢᠬᠤᠯᠠ᠃ ᠥᠷᠭᠡᠨ ᠳᠡᠯᠭᠡᠷ ᠳᠤᠷ᠎ᠠ ᠪᠠᠬ᠎ᠠ᠂ ᠦᠨᠢᠷ ᠳᠡᠯᠪᠠᠭ᠌ ᠮᠡᠳᠡᠯᠭᠡ ᠣᠷᠤᠯᠳᠤᠯᠭ᠎ᠠ ᠴᠢᠬᠤᠯᠠ ᠲᠡᠶ ᠪᠠᠷ ᠪᠠᠷᠠᠬᠤ ᠦᠭᠡᠶ᠂ ᠡᠳᠦᠷ ᠡᠳᠦᠷ ᠣᠷᠤᠯᠳᠤᠵᠤ᠂ ᠥᠭᠦᠨ ᠥᠭᠦᠳᠡᠯ᠎ᠡ ᠪᠢᠴᠢᠭᠦ ᠦᠨᠳᠦᠷ ᠳᠡᠭᠡᠳᠤ ᠭᠡᠮᠵᠢᠶᠡᠨ ᠤ ᠦᠵᠡᠯ ᠣᠬᠠᠮᠰᠠᠷᠠᠯ᠂ ᠭᠦᠰᠡᠯᠳᠡ ᠵᠤᠷᠢᠯᠳᠠ ᠪᠠᠢ᠌ᠬᠤ ᠪᠣᠯ ᠬᠠᠮᠤᠭ ᠤᠨ ᠴᠢᠬᠤᠯᠠ᠃ ᠡᠭᠦᠨ ᠢ ᠪᠣᠢ ᠪᠣᠯᠭᠠᠬᠤ ᠳᠤ ᠦᠪᠡᠷ ᠤᠨ ᠪᠠᠶ᠎ᠠ ᠪᠠᠨ ᠴᠢᠩᠭ᠎ᠠ ᠱᠠᠭᠠᠷᠳᠠᠵᠤ᠂ ᠥᠴᠦᠭᠡᠨ ᠴᠤ ᠠᠯᠵᠠᠭᠤᠷᠠᠵᠤ ᠬᠣᠢ᠌ᠷᠭᠤᠰᠢᠬᠤ ᠦᠭᠡᠶ ᠪᠠᠷ ᠴᠢᠷᠮᠠᠢ᠌ᠵᠤ ᠳᠡᠮᠡᠴᠡᠭᠦ ᠵᠤᠷᠢᠭ ᠰᠦᠰᠦ᠂ ᠵᠤᠷᠢᠯᠳᠠ ᠪᠠᠷᠢᠮᠳᠠᠯᠠᠯ ᠲᠡᠶ ᠪᠠᠢ᠌ᠬᠤ ᠪᠣᠯ ᠴᠢᠬᠤᠯᠠ ᠡᠴᠡ ᠴᠢᠬᠤᠯᠠ᠃ ᠡᠨᠡ ᠭᠦ ᠵᠤᠷᠢᠭ ᠰᠦᠰᠦ᠂ ᠵᠤᠷᠢᠯᠳᠠ ᠪᠠᠷᠢᠮᠳᠠᠯᠠᠯ ᠢ ᠡᠳᠦᠷ ᠳᠤᠳᠤᠮ ᠤᠨ ᠠᠮᠢᠳᠤᠷᠠᠯ ᠳᠤᠮᠳᠠᠭᠢ ᠥᠴᠦᠭᠡᠨ ᠵᠢᠵᠢᠭ᠌ ᠰᠠᠵᠢᠭ ᠶᠠᠪᠣᠳᠠᠯ ᠣᠴᠢᠷ ᠡᠴᠡ ᠭᠠᠷᠳᠠᠨ ᠭᠢᠵᠤ᠂ ᠪᠣᠢ ᠪᠣᠯᠭᠠᠵᠤ᠂ ᠪᠣᠯᠪᠠᠰᠤᠷᠠᠭᠤᠯᠵᠤ ᠠᠪᠴᠤ ᠪᠣᠯᠳᠠᠭ᠃

ᠡᠨᠡ ᠪᠣᠯ ᠪᠣᠯᠪᠠᠰᠤᠷᠠᠯ᠃

ᠪᠣᠯᠪᠠᠰᠤᠷᠠᠯ ᠤᠨ ᠢᠳᠠ ᠭᠦᠴᠤᠨ ᠪᠢᠯᠠ︕

1988.10.25 ᠳᠤ᠂ ᠬᠦᠬᠡᠬᠤᠲᠠᠨ᠎ᠡ

ᠵᠤᠬᠢᠶᠠᠭᠴᠢ ᠶᠢᠨ 《ᠵᠡᠭᠦᠳᠤᠨ ᠳᠤ ᠰᠥᠮᠡᠯᠵᠡᠭᠦ ᠣᠨ ᠵᠢᠯ》 ᠭᠡᠭᠦ (2009 ᠣᠨ ᠤ 9 ᠰᠠᠷ᠎ᠠ ᠳᠤ ᠭᠡᠪᠯᠡᠭᠦᠯᠦᠭ᠍ᠰᠡᠨ) ᠨᠠᠢ᠌ᠷᠠᠭᠤᠯᠤᠯ ᠤᠨ ᠳᠡᠭᠦᠪᠦᠷᠢ ᠡᠴᠡ᠃

ᠵᠤᠬᠢᠶᠠᠭᠴᠢ ᠶᠢᠨ ᠬᠠᠶ‍ᠢᠭ᠄ ᠬᠦᠬᠡᠬᠤᠲᠠ ᠶᠢᠨ ᠭᠢᠩᠭ᠋ᠠᠨ ᠵᠠᠮ ᠤᠨ ᠦᠨᠳᠦᠰᠦᠳᠠᠨ ᠤ ᠪᠠᠭ᠎ᠠ ᠰᠤᠷᠭᠠᠭᠤᠯᠢ


ᠵᠤᠬᠢᠶᠠᠭᠴᠢ᠄ ᠭᠦᠷᠵᠠᠪ
ᠬᠠᠷᠢᠶ᠎ᠠ᠄ ᠥᠭᠥᠯᠡᠯ ᠰᠢᠭᠦᠮᠵᠢ
ᠳᠠᠷᠤᠮ᠄ 2225
ᠴᠠᠭ᠄ 2009 ᠤᠨ ᠤ 12 ᠰᠠᠷ᠎ᠠ ᠶᠢᠨ 02
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁