ᠳᠤᠷᠠᠯᠠᠯ ᠳᠤ ᠡᠷᠢᠭ᠍ᠳᠡᠭᠦ ᠠᠯᠳᠠᠨ ᠬᠤᠷᠤᠮ

᠊᠊᠊᠊᠊᠊᠊᠊᠊᠊᠊᠊᠊᠊᠊ ᠳᠡᠷᠭᠡᠨ ᠦᠷᠳᠡᠭᠡᠨ ᠳᠤ ᠣᠴᠠᠷᠠᠭᠰᠠᠨ

                    ᠲ᠋ᠠᠷᠠ ᠨᠢᠭᠡ ᠦᠬᠢᠨ ᠢ ᠳᠤᠷᠠᠰᠤᠭᠠᠤᠨ

ᠮᠠᠰᠢᠨ ᠳᠡᠷᠭᠡᠨ ᠤ ᠵᠤᠭᠰᠤᠭᠠᠠᠯ ᠳ᠋ᠤ

ᠮᠠᠰᠢ ᠣᠯᠠᠨ ᠣᠳᠠᠭ᠎ᠠ ᠳᠡᠷᠭᠡ ᠭᠦᠯᠢᠶᠡᠭ᠍ᠰᠡᠨ

ᠮᠠᠷᠳᠠᠭᠳᠠᠰᠢ ᠦᠭᠡᠶ ᠳᠠᠷᠠ ᠨᠢᠭᠡ ᠠᠯᠳᠠᠨ ᠬᠤᠷᠤᠮ ᠭᠡᠵᠤ

ᠮᠢᠨᠤ ᠰᠡᠳᠭᠢᠯ ᠢ ᠭᠦᠨ ᠭᠦᠡᠳᠡᠭ᠍ᠰᠡᠨ

ᠮᠢᠩᠭ᠋ᠠᠨ ᠤ ᠳᠤᠳᠤᠷ᠎ᠠ ᠰᠤᠳᠤᠨ ᠪᠣᠯᠵᠤ ᠢᠯᠡᠷᠡᠭ᠍ᠰᠡᠨ

ᠳᠠᠷᠠ ᠨᠢᠭᠡ ᠳᠠᠨᠢᠯ ᠪᠣᠰᠤ ᠮᠦᠷᠳᠡᠭᠡᠨ ᠳᠠᠰᠤᠯᠬᠠᠨ ᠦᠬᠢᠨ ᠳᠠᠢ

ᠥᠭᠡ ᠪᠠᠷ ᠪᠢᠰᠢ ᠨᠢᠳᠤ ᠪᠠᠷ ᠶᠢᠡᠨ ᠵᠤᠭᠤᠭᠳᠠᠵᠤ

ᠳᠡᠷᠭᠡ ᠭᠦᠯᠢᠶᠡᠭᠦ ᠶᠢᠨ ᠵᠤᠪᠠᠯᠠᠩ ᠢ ᠬᠠᠮᠳᠤᠪᠠᠷ ᠡᠳ᠋ᠯᠡᠭ᠍ᠰᠡᠨ

ᠠᠷᠢᠭᠤᠨ ᠨᠠᠠᠳᠢᠨ ᠳᠤᠷᠭᠠᠨ ᠮᠦᠴᠡ ᠪᠠᠢ᠌ᠳᠠᠭ ᠪᠢᠯᠠ︕


ᠳᠡᠷᠭᠡᠳᠡᠭᠢ ᠣᠯᠠᠨ ᠠᠮᠢᠰᠬᠤᠯ ᠤᠨ

ᠣᠷᠤᠰᠢᠯ ᠢ ᠮᠠᠷᠳᠠᠭᠰᠠᠨ ᠳᠠᠷᠠ ᠬᠤᠷᠤᠮ

ᠳᠡᠰᠭᠦ ᠠᠯᠳᠠᠮ᠎ᠠ ᠭᠦᠯᠢᠶᠡᠳᠡᠭ᠌

ᠠᠶᠠᠠᠴᠢᠳ ᠤᠨ ᠮᠠᠰᠢᠨ ᠢ ᠭᠦᠰᠡᠭᠦ ᠥᠭᠡᠢ

ᠬᠤᠷᠸ᠎ᠠ ᠶᠢᠨ ᠮᠦᠴᠡᠰ ᠰᠸᠺᠦᠨᠳ᠋ ᠰᠸᠺᠦᠨᠳ᠋ ᠶᠢᠡᠷ ᠶᠢᠡᠨ

                                 ᠬᠠᠢ᠌ᠷᠠᠯᠠᠯᠳᠠᠢ ᠰᠠᠨᠠᠭᠳᠠᠵᠤ

ᠬᠤᠷᠤᠮᠬᠠᠨ ᠵᠠᠭᠤᠷ᠎ᠠ ᠬᠤᠪᠳᠤᠯ ᠳᠤ ᠮᠢᠨᠢ ᠥᠡᠳᠦᠰᠦᠯᠡᠭ᠍ᠰᠡᠨ

ᠬᠠᠷᠬᠠᠨ ᠭᠡᠵᠢᠭᠡ ᠪᠠᠨ ᠰᠠᠪᠬᠠᠨ ᠬᠤᠷᠤᠭᠤᠳ ᠶᠢᠡᠷ ᠶᠢᠡᠨ ᠰᠠᠮᠨᠠᠵᠤ ᠳᠡᠭ᠍ᠰᠢᠯᠡᠭᠦ

ᠬᠠᠰ ᠴᠡᠪᠠᠷᠭᠡᠨ ᠳᠠᠷᠠ ᠦᠬᠢᠨ ᠢ

ᠥᠭᠡᠳᠡ ᠡᠴᠡ ᠮᠢᠨᠢ ᠢᠨᠢᠶᠠᠳᠤ ᠢᠷᠮᠡᠭᠦᠯᠵᠤ

ᠶᠠᠭᠤ ᠨᠢᠭᠡ ᠶᠢ ᠰᠢᠪᠠᠨᠡᠭᠦ ᠭᠡᠮᠡᠨ ᠭᠦᠰᠡᠯ᠎ᠡ


ᠣᠷᠠᠨ ᠴᠡᠯᠮᠡᠭᠦᠨ ᠢᠨᠢᠶᠠᠯ ᠪᠠ ᠣᠰᠬᠠᠯ ᠪᠣᠯᠪᠠᠷᠠᠢ ᠬᠠᠷᠠᠴᠠᠨ ᠳᠤ ᠪᠠᠨ

ᠨᠠᠮ᠎ᠠ ᠶᠢ ᠰᠠᠮ ᠵᠢᠪᠪᠦᠭᠦᠯᠦᠭ᠍ᠰᠡᠨ ᠳᠡᠭᠦᠨ ᠤ ᠵᠥᠭ᠌

ᠳᠤᠷᠠᠯᠠᠯ ᠤᠨ ᠴᠡᠴᠡᠭᠡᠰ ᠴᠡᠭᠡᠵᠢᠨ ᠳᠤ ᠮᠢᠨᠢ ᠰᠠᠮ ᠰᠡᠮᠭᠡᠨ ᠳᠡᠯᠭᠡᠷᠡᠪᠡ

ᠴᠠᠭ ᠬᠤᠭᠤᠴᠠᠭ᠎ᠠ ᠶᠠᠷᠤᠨᠢ

ᠶᠠᠭᠤ ᠶᠢ ᠴᠤ ᠭᠦᠯᠢᠶᠡᠳᠡᠭ᠌ ᠦᠭᠡᠶ ᠪᠣᠯᠬᠤᠷ

ᠴᠢᠪ ᠴᠢᠮᠡᠭᠡ ᠦᠭᠡᠶ ᠠᠭᠤᠯᠵᠠᠭᠰᠠᠨ

ᠬᠤᠶᠠᠷ ᠬᠤᠤᠰ ᠨᠢᠳᠤᠨ ᠤ ᠭᠡᠯᠡᠯᠴᠡᠭᠡᠷ ᠳᠠᠰᠤᠷᠠᠵᠤ

ᠴᠢᠯᠳᠡᠭᠡᠷ ᠭᠦᠢᠳᠡᠨ ᠮᠦᠷᠦᠭᠡᠳᠦᠯ ᠴᠡᠭᠡᠵᠢᠨ ᠳᠤ ᠊ᠭ᠍ᠱᠡᠨ᠎ᠡ ᠣᠷᠭᠤᠪᠠ

ᠬᠤᠷᠸ᠎ᠠ ᠶᠢᠨ ᠡᠳᠦᠷ ᠤᠨ ᠳᠡᠮᠳᠡᠭᠯᠡᠯ ᠳ᠋ᠤ

ᠬᠤᠩᠭ᠋ᠤᠷᠬᠠᠨ ᠨᠢᠭᠡ ᠬᠠᠭᠤᠳᠠᠰᠤ

ᠬᠠᠷᠭᠤᠰᠤᠯ ᠪᠣᠯᠵᠤ ᠦᠯᠠᠳᠠᠪᠠ


ᠭᠡᠵᠢᠶ᠎ᠡ ᠴᠤ ᠭᠡᠰᠡᠨ ᠦᠷᠳᠡᠭᠡᠨ ᠳᠤ ᠢᠷᠡᠭᠦ ᠪᠦᠷᠢ

ᠭᠡᠮᠳᠦᠭ᠍ᠰᠡᠨ ᠰᠢᠭ᠌ ᠰᠡᠳᠭᠢᠯ ᠪᠣᠷᠭᠢᠷᠠᠨ᠎ᠠ

ᠰᠠᠪᠠᠭ᠎ᠠ ᠴᠤ ᠦᠭᠡᠶ ᠭᠦᠮᠤᠨ ᠤ ᠳᠠᠷᠠ ᠨᠢᠭᠡ ᠦᠬᠢᠨ ᠢ

ᠰᠠᠨᠠᠭᠠᠤᠨ ᠪᠠᠢ᠌ᠬᠤ ᠨᠢ ᠶᠠᠭᠠᠭᠢᠯᠳᠠᠢ ᠶᠢ ᠪᠣᠤ ᠮᠠᠳᠠ

ᠵᠠᠶᠠᠭᠠᠨ ᠰᠠᠭᠢᠭᠤᠰᠤ ᠨᠡᠭᠡᠷᠡᠨ ᠴᠢ ᠣᠷᠤᠰᠢᠳᠠᠭ ᠰᠠᠨ ᠪᠣᠯ

ᠵᠠᠶᠠᠭ᠎ᠠ ᠳᠠᠪᠢᠯᠠᠩ ᠤᠨ ᠣᠯᠠᠭᠠᠨ ᠰᠢᠵᠢᠮ ᠢ

                    ᠬᠤᠯᠪᠣᠬᠤ ᠪᠠᠨ ᠪᠣᠤ ᠯᠠ ᠮᠠᠷᠳᠠ︕


ᠵᠤᠬᠢᠶᠠᠭᠴᠢ ᠶᠢᠨ ᠬᠠᠶ‍ᠢᠭ ᠄ ᠣᠯᠠᠭᠠᠠᠬᠠᠳᠠ ᠬᠤᠳᠠ ᠶᠢᠨ ᠪᠠᠭᠠᠷᠢᠨ ᠵᠡᠭᠦᠨ ᠬᠤᠰᠢᠭᠤᠨ ᠯᠢᠠᠲᠦ᠋ᠩ ᠪᠠᠯᠭᠠᠰᠤ

ᠵᠤᠬᠢᠶᠠᠭᠴᠢ᠄ ᠪᠠᠳᠤᠰᠠᠴᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠳᠠᠷᠤᠮ᠄ 1616
ᠴᠠᠭ᠄ 2010 ᠤᠨ ᠤ 09 ᠰᠠᠷ᠎ᠠ ᠶᠢᠨ 22
ᠪᠢᠴᠢᠭ᠍‍ᠯᠡᠭᠴᠢ᠄ ᠪᠦᠬᠡᠡᠷᠳᠡᠨᠢ
ᠨᠠᠢ᠌ᠷᠠᠭᠤᠯᠤᠭᠴᠢ᠄ ᠪᠦᠬᠡᠡᠷᠳᠡᠨᠢ