ᠦᠨᠡᠨ ᠤ ᠭᠡᠷᠡᠴᠢ

ᠵᠢᠷᠦᠭᠡ ᠭᠡᠳᠡᠭ᠌ ᠮᠢᠬᠠᠨ ᠵᠡᠪᠰᠡᠭ᠌ ᠮᠠᠨᠢ

ᠦᠨᠡᠨ ᠶᠢᠡᠷ ᠠᠵᠢᠯᠯᠠᠨ ᠴᠤᠭᠢᠯᠠᠳᠠᠭ ᠤᠨ ᠳᠤᠯᠠ

ᠰᠡᠳᠭᠢᠯ ᠭᠡᠳᠡᠭ᠌ ᠮᠠᠰᠢᠨ ᠬᠠᠷᠢᠯᠴᠠᠭᠤᠷ ᠮᠠᠨᠢ

ᠦᠨᠡᠨ ᠠᠮᠢᠳᠤᠷᠠᠯ ᠢ ᠠᠴᠢᠶᠠᠯᠠᠨ ᠳᠡᠭᠡᠭᠡᠪᠦᠷᠢᠯᠡᠭᠦ ᠯᠠ ᠶᠤᠰᠤᠳᠠᠢ

  

ᠬᠠᠢ᠌ᠷ᠎ᠠ ᠭᠡᠳᠡᠭ᠌ ᠠᠮᠢᠳᠤᠷᠠᠯ ᠤᠨ ᠭᠡᠭᠡᠪᠴᠢ ᠮᠠᠨᠢ

ᠭᠡᠷᠡᠯ ᠤᠨ ᠢᠯᠴᠢ ᠶᠢ ᠬᠤᠷᠢᠶᠠᠨ ᠮᠡᠳᠡᠷᠡᠳᠡᠭ᠌ ᠤᠨ ᠳᠤᠯᠠ

ᠠᠭᠤᠴᠢᠯᠠᠯ ᠭᠡᠳᠡᠭ᠌ ᠢᠳᠡᠭᠡᠯ ᠤᠨ ᠬᠠᠭᠠᠯᠭ᠎ᠠ ᠮᠠᠨᠢ

ᠣᠴᠢᠷᠯᠠᠯ ᠢ  ᠪᠠᠯᠭᠡᠳᠡᠨ ᠨᠡᠭᠡᠭᠡᠭ᠍ᠳᠡᠭᠦ ᠯᠠ ᠶᠤᠰᠤᠳᠠᠢ


ᠵᠤᠷᠢᠭ ᠭᠡᠳᠡᠭ᠌ ᠪᠦᠭᠦᠨ ᠢ ᠢᠯᠠᠭᠴᠢ ᠳᠤᠭᠢᠭᠤᠷ ᠮᠠᠨᠢ

ᠵᠤᠪᠠᠯᠠᠩ ᠢ ᠡᠴᠦᠰᠯᠡᠭᠦᠯᠦᠭ᠍ᠴᠢ ᠨᠥᠭᠦᠴᠡᠯ ᠬᠠᠩᠭ᠋ᠠᠳᠠᠭ ᠳᠤᠯᠠ

ᠵᠢᠷᠭᠠᠯ ᠭᠡᠳᠡᠭ᠌ ᠪᠣᠶᠠᠨ ᠤ ᠵᠠᠮ ᠮᠠᠨᠢ

ᠵᠤᠷᠪᠣᠰᠯᠠᠬᠤ ᠨᠠᠷᠠᠨ ᠰᠢᠭ ᠳᠤᠷᠠᠢ᠌ᠬᠤ ᠯᠠ ᠶᠤᠰᠤᠠᠳᠢ


ᠣᠬᠠᠭᠠᠨ ᠭᠡᠳᠡᠭ᠌ ᠠᠮᠢᠵᠢᠷᠠᠯ ᠤᠨ ᠠᠴᠢᠶ᠎ᠠ ᠮᠠᠨᠢ

ᠣᠷᠤᠰᠢᠨ ᠳᠤᠭᠳᠠᠬᠤ ᠶᠢᠨ ᠪᠠᠳᠤ ᠰᠠᠭᠤᠷᠢ ᠲ᠋ᠤᠯᠠ  

ᠣᠪᠣᠷ ᠭᠡᠳᠡᠭ᠌ ᠣᠬᠠᠭᠠᠨ ᠤ ᠰᠢᠳᠠᠳᠤ ᠳᠡᠳᠭᠡᠭᠦᠷᠢ ᠮᠠᠨᠢ

ᠣᠯᠵᠤ᠂  ᠠᠯᠳᠠᠬᠤ ᠶᠢᠨ ᠳᠤᠭ ᠳᠡᠮᠳᠡᠭ᠌ ᠪᠣᠯᠬᠤ ᠯᠠ ᠶᠤᠰᠤᠳᠠᠢ


ᠠᠮᠵᠢᠯᠳᠠ ᠭᠡᠳᠡᠭ᠌ ᠠᠵᠢᠯ ᠤᠨ ᠦᠷ᠎ᠡ ᠳ᠋ᠦ᠋ᠩ ᠮᠠᠨᠢ

ᠠᠭᠢᠬᠤ ᠬᠤᠷᠸ᠎ᠠ ᠶᠢᠨ ᠵᠠᠷ ᠮᠡᠳᠡᠭᠡ ᠳᠤᠯᠠ

ᠠᠮᠢᠳᠤᠷᠠᠯ ᠭᠡᠳᠡᠭ᠌ ᠵᠢᠩᠭᠢᠨᠢ ᠵᠥᠴᠦᠭᠡ ᠮᠠᠨᠢ

ᠠᠷᠠᠤᠨ ᠲᠦᠮᠡᠨ ᠳᠤ ᠪᠠᠨ ᠥᠢᠯᠡᠴᠢᠯᠡᠭᠦ ᠯᠠ ᠶᠤᠰᠤᠳᠠᠢ


ᠵᠤᠬᠢᠶᠠᠭᠴᠢ ᠶᠢᠨ ᠬᠠ‍‌ᠶᠢᠭ ᠄ ᠰᠦᠨᠢᠳ ᠪᠠᠷᠠᠭᠤᠨ ᠬᠤᠰᠢᠭᠤᠨ ᠤ ᠭᠤᠷᠪᠠᠳᠤᠭᠠᠷ ᠪᠠᠭ᠎ᠠ ᠰᠤᠷᠭᠠᠭᠤᠯᠢ

ᠵᠤᠬᠢᠶᠠᠭᠴᠢ᠄ ᠮᠢ᠊·ᠭᠡᠷᠡᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1276
ᠴᠠᠭ᠄ 2012 ᠤᠨ ᠤ 02 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁