ᠪᠣᠯᠬᠤ ᠪᠣᠯᠬᠤ ᠦᠭᠡᠶ ᠭᠤᠷᠪᠠᠨ ᠮᠦᠷᠳᠤ ᠰᠢᠯᠦᠭ᠌

ᠡᠳ᠋ ᠭᠦᠷᠦᠩᠭᠡ ᠪᠠᠨ ᠦᠷᠠᠵᠤ ᠪᠣᠯᠤᠨ᠎ᠠ

ᠡᠷᠳᠡᠮ ᠣᠬᠠᠭᠠᠨ ᠶᠢᠡᠨ ᠡᠯᠡᠭ᠍ᠳᠡᠭᠦᠯᠵᠤ ᠪᠣᠯᠬᠤ ᠦᠭᠡᠶ

ᠡᠷᠢᠶᠡᠨ ᠬᠤᠷᠸ᠎ᠠ ᠳᠤ ᠢᠴᠢᠵᠤ ᠥᠭᠦᠨ᠎ᠡ

ᠠᠵᠢᠯ ᠠᠯᠪᠠ ᠪᠠᠨ ᠰᠤᠯᠢᠵᠤ ᠪᠣᠯᠤᠨ᠎ᠠ

ᠠᠵᠢᠯᠴᠢ ᠵᠠᠩ ᠶᠢᠡᠨ ᠬᠠᠯᠠᠵᠤ ᠪᠣᠯᠬᠤ ᠦᠭᠡᠶ

ᠠᠯᠳᠠᠨ ᠳᠡᠯᠡᠭᠡᠢ ᠳᠤ ᠭᠣᠢ᠌ᠷᠠᠠᠴᠢ ᠣᠯᠠᠳᠠᠨ᠎ᠠ

ᠠᠠᠳᠠ ᠨᠠᠢ᠌ᠵᠠ ᠣᠯᠠᠨ ᠪᠠᠢ᠌ᠵᠤ ᠪᠣᠯᠤᠨ᠎ᠠ

ᠠᠮᠠᠷᠠᠭ ᠭᠡᠷᠭᠡᠢ ᠬᠤᠶᠠᠷᠬᠠᠨ ᠪᠠᠢ᠌ᠵᠤ ᠪᠣᠯᠬᠤ ᠦᠭᠡᠶ

ᠠᠷᠤ ᠭᠦᠷᠢᠶᠡᠨ ᠳᠤ ᠴᠢᠨᠢ ᠳᠣᠢ᠌ᠮᠠᠷ ᠳᠡᠭ᠍ᠳᠡᠨ᠎ᠡ

ᠬᠠᠷᠢ ᠭᠠᠵᠠᠷ ᠶᠢᠡᠷ ᠠᠮᠢᠳᠤᠷᠠᠵᠤ ᠪᠣᠯᠤᠨ᠎ᠠ

ᠬᠤᠪᠢᠨ ᠤ ᠨᠤᠳᠤᠭ ᠶᠢᠡᠨ ᠭᠤᠯᠤᠵᠤ ᠪᠣᠯᠬᠤ ᠦᠭᠡᠶ

ᠬᠣᠢ᠌ᠰᠢ ᠡᠷᠭᠢᠭᠦ ᠵᠠᠮ ᠴᠢᠨᠢ ᠪᠦᠭᠯᠡᠷᠡᠨ᠎ᠡ

ᠰᠠᠢ᠌ᠨ ᠶᠠᠪᠣᠳᠠᠯ ᠢ ᠵᠠᠭᠤ ᠪᠦᠳᠦᠭᠡᠵᠤ ᠪᠣᠯᠤᠨ᠎ᠠ

ᠮᠠᠭᠤ ᠣᠢ᠌ᠯᠠ ᠶᠢ ᠨᠢᠭᠡ ᠪᠣᠳᠤᠵᠤ ᠪᠣᠯᠬᠤ ᠦᠭᠡᠶ

ᠮᠤᠭᠠᠢ ᠬᠤᠤᠷᠠᠨ ᠳᠤ ᠪᠠᠨ ᠰᠢᠷᠠᠯᠠᠨ᠎ᠠ

ᠳᠡᠭ᠍ᠷᠢ ᠪᠣᠷᠬᠠᠨ ᠢ ᠰᠢᠳᠤᠵᠤ ᠪᠣᠯᠤᠨ᠎ᠠ

ᠲᠦᠮᠡᠨ ᠨᠢᠳᠤ ᠲᠡᠶ ᠶᠢ ᠨᠢ ᠢᠳᠡᠭᠡᠵᠤ ᠪᠣᠯᠬᠤ ᠥᠭᠡᠢ

ᠳᠤᠭ᠎ᠠ ᠦᠭᠡᠶ ᠣᠯᠠᠨ ᠥᠢᠯᠡᠳᠦᠯᠭᠡ ᠭᠤᠮᠤᠳᠠᠨ᠎ᠠ

ᠡᠷᠭᠡ ᠰᠦᠷ ᠶᠢᠡᠨ ᠪᠠᠳᠠᠷᠠᠭᠤᠯᠵᠤ ᠪᠣᠯᠤᠨ᠎ᠠ

ᠡᠵᠡᠨ ᠶᠤᠰᠤ ᠶᠢ ᠭᠠᠵᠠᠭᠤᠳᠠᠭᠤᠯᠵᠤ ᠪᠣᠯᠬᠤ ᠦᠭᠡᠶ

ᠡᠷᠭᠡ ᠴᠢᠯᠦᠭᠡᠨ ᠤ ᠵᠢᠭᠦᠷ ᠬᠤᠭᠤᠷᠠᠨ᠎ᠠ

ᠠᠳᠤᠭᠤ ᠮᠠᠯ ᠶᠢᠡᠨ ᠭᠡᠭᠡᠵᠤ ᠪᠣᠯᠤᠨ᠎ᠠ

ᠠᠪᠣ ᠶᠢᠨ ᠨᠤᠳᠤᠭ ᠶᠢᠡᠨ ᠠᠯᠳᠠᠵᠤ ᠪᠣᠯᠬᠤ ᠦᠭᠡᠶ

ᠠᠩᠭ᠋᠎ᠠ ᠬᠡᠦᠬᠡᠳ ᠴᠢᠨᠢ ᠳᠡᠨᠦᠭᠦᠯᠴᠢ ᠪᠣᠯᠤᠨ᠎ᠠ

ᠡᠷᠭᠡ ᠵᠡᠷᠭᠡ ᠪᠠᠨ ᠬᠠᠶᠠᠵᠤ ᠪᠣᠯᠤᠨ᠎ᠠ

ᠡᠵᠡᠨ ᠣᠪᠣᠷ ᠶᠢᠡᠨ ᠳᠠᠶᠠᠭᠳᠠᠵᠤ ᠪᠣᠯᠬᠤ ᠦᠭᠡᠶ

ᠡᠭᠡ ᠣᠷᠤᠨ ᠴᠢᠨᠢ ᠡᠵᠡᠭᠦᠢ᠌ᠷᠡᠨ᠎ᠡ

ᠳᠦᠷᠤ ᠣᠯᠤᠰ ᠶᠢᠡᠨ ᠠᠯᠳᠠᠵᠤ ᠪᠣᠯᠤᠨ᠎ᠠ

ᠳᠡᠦᠭᠡ ᠰᠤᠶᠤᠯ ᠶᠢᠡᠨ ᠮᠠᠷᠳᠠᠵᠤ ᠪᠣᠯᠬᠤ ᠦᠭᠡᠶ

ᠲᠦᠮᠡᠨ ᠦᠶ᠎ᠡ ᠭᠦᠮᠦᠰ ᠲᠤ ᠬᠠᠷᠢᠶᠠᠭᠳᠠᠨ᠎ᠠ


ᠵᠤᠬᠢᠶᠠᠭᠴᠢ ᠶᠢᠨ ᠬᠠᠶ‍ᠢᠭ᠄ ᠵᠠᠷᠤᠳ ᠬᠤᠰᠢᠭᠤ ᠭᠠᠬᠠᠢ᠌ᠳᠤ ᠰᠤᠷᠭᠠᠭᠤᠯᠢ

ᠵᠤᠬᠢᠶᠠᠭᠴᠢ᠄ ᠭᠦᠭᠡᠠ᠋ᠭᠤᠯᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1607
ᠴᠠᠭ᠄ 2010 ᠤᠨ ᠤ 09 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁