ᠴᠡᠯᠡᠭᠡᠷᠮ᠎ᠡ

ᠶᠠᠭ ᠯᠠ ᠬᠠᠪᠣᠷ ᠢ ᠮᠡᠳᠡᠭᠡᠯᠡᠭ᠍ᠰᠡᠨ ᠳᠡᠷᠢᠭᠦᠯᠡᠭ᠍ᠴᠢ ᠴᠡᠴᠡᠭ᠌ ᠠᠳᠠᠯᠢᠬᠠᠨ ᠴᠢᠮ᠎ᠠ ᠲᠡᠶ ᠠᠩᠬ᠎ᠠ ᠠᠭᠤᠯᠵᠠᠭᠰᠠᠨ ᠨᠢ ᠬᠠᠪᠣᠷ ᠴᠠᠭ ᠶᠤᠮ᠃ ᠳᠠᠷᠠ ᠦᠶ᠎ᠡ ᠳᠤ ᠴᠢ ᠨᠠᠳᠠ ᠳᠤ 《ᠶᠠᠭ ᠰᠠᠶ‍ᠢᠬᠠᠨ ᠠᠷᠪᠠᠨ ᠨᠢ᠋ᠮᠠᠳᠠᠢ》 ᠭᠡᠵᠤ ᠪᠠᠢ᠌ᠯ᠎ᠠ ᠳ᠋ᠠ᠃ ᠡᠩ ᠶᠡᠷᠦᠮᠳᠡᠭ᠌ ᠡᠮᠦᠰᠭᠡᠯ ᠵᠡᠭᠦᠭᠡᠯ᠂ ᠴᠠᠪᠠᠷ ᠭᠤᠶᠤᠮᠰᠤᠭ ᠥᠩᠭᠡ ᠳᠦᠷᠭᠦ ᠨᠢ ᠭᠦᠳᠡᠭᠡ ᠶᠢᠨ ᠭᠡᠦᠭᠡᠨ ᠤ ᠣᠠᠴᠠ ᠭᠢᠯᠪᠠᠷ ᠢ ᠢᠯᠡᠷᠡᠭᠦᠯᠤᠨ᠎ᠡ᠃

ᠴᠡᠯᠡᠭᠡᠷᠮ᠎ᠡ ᠪᠣᠯ ᠰᠠᠢ᠌ᠨ ᠭᠡᠦᠭᠡᠨ ᠭᠡᠵᠤ ᠰᠢᠤᠳᠠᠨ ᠤ ᠭᠢᠨᠢ ᠪᠦᠷ ᠢᠩᠭᠢᠵᠤ ᠶᠠᠷᠢᠨ᠎ᠠ᠃ ᠠᠵᠢᠯᠯᠬᠤ ᠴᠠᠭ ᠲᠠᠭᠠᠨ ᠵᠠᠭᠢᠳᠠᠯ ᠭᠤᠪᠢᠭᠤᠯᠭ᠎ᠠ ᠭᠡᠵᠤ ᠶᠠᠭᠠᠷᠠᠬᠤ ᠦᠭᠡᠶ ᠪᠣᠯ ᠺᠤᠮᠫᠢᠦ᠋ᠲ᠋ᠧᠷ ᠰᠦᠯᠵᠢᠶ᠎ᠠ ᠰᠤᠷᠴᠤ ᠮᠤᠩᠭᠢᠨᠠᠨ᠎ᠠ᠃ ᠪᠣᠰᠤᠳ ᠲᠡᠶ ᠥᠭᠡ ᠶᠠᠷᠢᠬᠤ ᠳᠠᠭᠠᠨ ᠶᠠᠷᠤᠨᠢ ᠵᠤᠮᠠᠰᠭᠢᠨ ᠢᠨᠢᠶᠠᠵᠤ ᠯᠠ ᠪᠠᠢ᠌ᠳᠠᠭ᠃ ᠭᠦᠳᠡᠭᠡ ᠶᠢᠨ ᠬᠡᠦᠬᠡᠳ ᠪᠦᠷ ᠡᠢ᠌ᠮᠤ᠂ ᠨᠤᠮᠤᠬᠠᠨ ᠪᠦᠭᠡᠳ ᠢᠴᠢᠮᠡᠳᠡᠭᠡᠢ ᠭᠡᠵᠡᠭᠡᠨ᠎ᠡ᠃

ᠭᠡᠨ ᠮᠠᠳᠠᠵᠠᠮ ︖ ᠳᠠᠮᠠᠢ ᠣᠳᠠᠯ ᠦᠭᠡᠶ ᠭᠦᠮᠦᠰ ᠳᠡᠭᠡᠵᠤ ᠶᠠᠷᠢᠬᠤ ᠪᠠᠨ ᠪᠠᠢ᠌ᠴᠢᠬᠠᠵᠠᠢ᠃

᠊᠊᠊᠊᠊᠊᠊᠊᠊᠊᠊᠊᠊᠊᠊ ᠴᠡᠯᠡᠭᠡᠷᠮ᠎ᠡ ᠶᠠᠭ ᠳᠦᠷᠰᠤ ᠦᠭᠡᠶ ᠪᠣᠯᠵᠤ ᠪᠠᠢ᠌ᠨ᠎ᠠ᠂ ᠭᠤᠶᠤᠯᠠᠵᠤ ᠵᠠᠰᠠᠭᠰᠠᠨ ᠢ ᠨᠢ ᠬᠠᠷᠠᠯ ᠳ᠋ᠠ ︕ ᠦᠰᠤ ᠭᠡᠵᠢᠭᠡ ᠪᠠᠨ ᠰᠢᠷ᠎ᠠ ᠪᠠᠷ ᠪᠣᠳᠤᠵᠤ ᠶᠠᠭ ᠰᠢᠷ᠎ᠠ ᠰᠤᠯᠤᠩᠭ᠎ᠠ ᠰᠢᠭ᠂ ᠠᠯᠬᠤᠵᠤ ᠭᠢᠰᠭᠢᠭᠦ ᠨᠢ ᠮᠤᠭᠠᠢ ᠭᠡᠮᠡᠷ ᠮᠤᠰᠭᠢᠯᠳᠤᠨ ᠭᠤᠰᠢᠪᠠᠯᠵᠠᠬᠤ ᠭᠡᠳᠡᠭ᠌ ᠴᠢᠨᠢ᠁

᠊᠊᠊᠊᠊᠊᠊᠊᠊᠊᠊᠊᠊᠊᠊ ᠳᠡᠭᠦᠨ ᠤ ᠡᠮᠦᠰᠴᠤ ᠵᠡᠭᠦᠭ᠍ᠰᠡᠨ ᠨᠢ ᠴᠤ ᠣᠠᠴᠠᠭᠠᠢ ᠰᠢᠤ᠃ ᠳᠤᠳᠤᠷ ᠬᠤᠪᠴᠠᠰᠤ ᠨᠢ ᠨᠠᠪᠳᠠ ᠬᠠᠷᠠᠭᠳᠠᠵᠤ᠁

᠊᠊᠊᠊᠊᠊᠊᠊᠊᠊᠊᠊᠊᠊᠊ ᠳᠠᠷᠠ ᠰᠦᠨᠢ ᠠᠷᠢᠭᠢᠨ ᠪᠠᠭᠠᠷ ᠲᠤ᠁

᠊᠊᠊᠊᠊᠊᠊᠊᠊᠊᠊᠊᠊᠊᠊ ᠶᠠᠷᠢᠬᠤ ᠭᠡᠷᠡᠭ᠌ ᠦᠭᠡᠶ᠂ ᠮᠠᠨ ᠳᠤ ᠬᠠᠮᠢᠶᠠᠳᠠᠬᠤ ᠭᠡᠷᠡᠭ᠌ ᠠᠯᠠᠭ᠎ᠠ᠁

ᠪᠢ ᠴᠢᠮ᠎ᠠ ᠲᠡᠶ ᠳᠠᠭᠢᠨ ᠠᠭᠤᠯᠵᠠᠬᠤ ᠳᠤ᠂ ᠰᠦᠨ ᠴᠠᠭᠠᠨ ᠦᠪᠴᠢ ᠪᠠᠩᠵᠠᠯ ᠡᠮᠦᠰᠴᠤ᠂ ᠳᠠᠯᠤ ᠳᠦᠭᠦᠷᠦᠮ᠎ᠡ ᠭᠡᠵᠢᠭᠡ ᠲᠡᠶ ᠶᠠᠮᠠᠷᠴᠤ ᠪᠠᠢ᠌ᠭᠠᠯᠢᠯᠢᠭ ᠭᠤᠶᠤᠬᠠᠨ ᠬᠠᠷᠠᠭᠳᠠᠵᠤ ᠪᠠᠢ᠌ᠯ᠎ᠠ ᠳ᠋ᠠ ︕ ᠪᠢ ᠴᠢᠮ᠎ᠠ ᠡᠴᠠ 《ᠶᠠᠮᠠᠷ ᠵᠡᠷᠭᠡ ᠪᠠᠢ᠌ᠨ᠎ᠠ ︖》 ᠭᠡᠭᠦ ᠪᠠᠷ 《ᠪᠣᠯᠴᠢᠬᠠᠨ᠎ᠠ》 ᠭᠡᠵᠤ ᠢᠨᠢᠶᠠᠳᠤ ᠠᠯᠳᠠᠨ ᠶᠠᠷᠢᠵᠤ ᠪᠠᠢ᠌ᠭᠰᠠᠨ᠁

ᠳᠠᠷᠠ ᠡᠳᠦᠷ ᠤᠨ ᠬᠠᠷᠢᠶᠠᠯ ᠵᠥᠭᠡᠭᠡᠯ᠂ ᠭᠡᠷᠡᠭᠦᠯ ᠵᠤᠳᠤᠭᠠᠨ ᠢ ᠰᠢᠤᠳᠠᠨ ᠳᠤ ᠪᠠᠢ᠌ᠭᠰᠠᠨ ᠭᠦᠮᠦᠰ ᠪᠦᠷ ᠣᠯᠵᠤ ᠦᠵᠡᠪᠠ᠃

᠊᠊᠊᠊᠊᠊᠊᠊᠊᠊᠊᠊᠊᠊᠊ ᠨᠢᠭᠤᠷ ᠦᠭᠡᠶ ᠠᠮᠢᠳᠠᠨ᠂ ᠶᠠᠭᠤᠨ ᠳᠤ ᠮᠢᠨᠤ ᠡᠷ᠎ᠡ ᠶᠢ ᠳᠠᠭᠠᠭᠠᠤᠨ ᠭᠡᠷ ᠲᠤ ᠣᠴᠢᠭᠠᠤᠨ ᠪᠠᠢ᠌ᠳᠠᠭ ᠶᠤᠮ ᠪᠣᠢ ︖

᠊᠊᠊᠊᠊᠊᠊᠊᠊᠊᠊᠊᠊᠊᠊ ᠺᠤᠮᠫᠢᠦ᠋ᠲ᠋ᠧᠷ ᠰᠤᠷᠤᠨ᠎ᠠ ᠭᠡᠨ᠎ᠡ ︖ ᠡᠨᠡ ᠰᠢᠯᠳᠠᠭ ᠶᠢᠡᠷ᠁

᠊᠊᠊᠊᠊᠊᠊᠊᠊᠊᠊᠊᠊᠊᠊ ᠮᠠᠭᠤ ᠥᠯᠦᠭ᠍ᠴᠢᠨ ᠁ ᠪᠣᠰᠤᠳ ᠤᠨ ᠡᠷ᠎ᠡ ᠶᠢ ᠪᠠᠶ᠎ᠠ ᠳᠡᠭᠡᠨ ᠳᠠᠳᠠᠵᠤ᠁

᠊᠊᠊᠊᠊᠊᠊᠊᠊᠊᠊᠊᠊᠊᠊ ᠪᠦᠭᠦ ᠰᠢᠤᠳᠠᠨ ᠤ ᠡᠷᠡᠭ᠍ᠳᠡᠢ᠌ᠴᠦᠳ ᠪᠦᠷ ᠴᠢᠮ᠎ᠠ ᠲᠡᠶ ᠣᠠᠳᠠᠶ᠎ᠠ ᠭᠡᠨ᠎ᠡ᠂ ᠪᠣᠯᠤᠨ᠎ᠠ ᠦᠦ ︖

᠊᠊᠊᠊᠊᠊᠊᠊᠊᠊᠊᠊᠊᠊᠊ ᠪᠣᠵᠠᠷ ᠠᠮᠢᠳᠠᠨ᠁

ᠵᠠᠯᠭᠠᠭᠠᠤᠨ ᠪᠦᠷ ᠰᠤᠨᠤᠰᠬᠤ ᠶᠢᠨ ᠠᠷᠭ᠎ᠠ ᠦᠭᠡᠶ ᠱᠠᠯᠢᠭ ᠪᠣᠵᠠᠷ ᠤᠨ ᠲᠤᠢ᠌ᠯ ᠳᠤ ᠭᠦᠷᠴᠡᠢ᠃ ᠡᠴᠦᠰ ᠰᠡᠭᠦᠯ ᠳ᠋ᠤᠨᠢ ᠴᠢᠨᠤ ᠦᠷᠪᠣᠢ᠌ᠨ ᠰᠡᠭ᠍ᠰᠡᠢ᠌ᠭ᠍ᠰᠡᠨ ᠦᠰᠤ ᠭᠡᠵᠢᠭᠡ ᠪᠠ ᠣᠷᠠᠭᠳᠠᠨ ᠰᠢᠯᠵᠠᠭᠠᠭᠰᠠᠨ ᠬᠠᠴᠠᠷ ᠨᠢᠭᠤᠷ ᠯᠠ ᠴᠤᠪᠣᠭ᠎ᠠ ᠴᠡᠭ᠌ ᠳᠠᠯᠪᠢᠯ᠎ᠠ᠁

ᠭᠦᠮᠦᠰ ᠪᠦᠷ ᠰᠤᠨᠤᠰᠴᠠᠢ᠂ ᠦᠵᠡᠵᠠᠢ ᠊᠊᠊᠊᠊᠊᠊᠊᠊᠊᠊᠊᠊᠊᠊ ᠵᠠᠷᠢᠮ ᠨᠢ ᠪᠠᠬ᠎ᠠ ᠨᠢ ᠬᠠᠨᠤᠭᠰᠠᠨ ᠰᠢᠭ 《ᠱᠤᠷᠤ ᠨᠢ ᠳᠠᠷᠠ》 ᠭᠡᠨ᠎ᠡ᠃ ᠵᠠᠷᠢᠮ ᠨᠢ ᠶᠠᠭᠤ ᠬᠤᠤ ᠶᠢ ᠨᠢ ᠴᠤ ᠮᠡᠳᠡᠭᠦ ᠦᠭᠡᠶ ᠪᠠᠷ 《ᠡᠢ᠌ᠮᠤ ᠭᠦᠮᠤᠨ ᠤ ᠳᠡᠭᠦᠰᠭᠡᠯ ᠨᠢ ᠡᠨᠡ ᠳ᠋ᠠ》 ᠭᠡᠨ᠎ᠡ᠃ ᠪᠠᠰᠠ ᠵᠠᠷᠢᠮ ᠨᠢ 《ᠡᠨᠡ ᠭᠡᠦᠭᠡᠨ ᠭᠦᠭᠡᠷᠦᠭᠦᠢ᠂ ᠪᠣᠰᠤᠳ ᠲᠤ ᠮᠡᠭᠡᠯᠡᠭ᠍ᠳᠡᠵᠡᠢ ᠭᠡᠨ᠎ᠡ》᠁

ᠪᠢ ᠴᠢᠮ᠎ᠠ ᠲᠡᠶ ᠰᠠᠨᠠᠭᠠᠨ ᠳᠤ ᠦᠭᠡᠶ ᠪᠠᠷ ᠳᠠᠭᠢᠨ ᠠᠭᠤᠯᠵᠠᠭᠰᠠᠨ ᠶᠤᠮ᠃ ᠴᠢ ᠪᠠᠰᠠᠯᠠ ᠰᠦᠨ ᠴᠠᠭᠠᠨ ᠪᠠᠩᠵᠠᠯ ᠡᠮᠦᠰᠴᠤ ᠳᠠᠯᠤ ᠳᠦᠭᠦᠷᠡᠩ ᠭᠡᠵᠢᠭᠡ ᠲᠡᠶ ᠯᠠ᠃ ᠵᠥᠪᠭᠡᠨ ᠴᠢᠨᠤ ᠨᠢᠳᠤᠨ ᠵᠤᠪᠭᠢ ᠬᠠᠷᠠᠯᠠᠨ ᠬᠠᠷᠠᠴᠠᠨ ᠳᠤ ᠴᠢᠨᠢ ᠭᠤᠨᠢᠭ ᠭᠤᠳᠤᠷᠠᠯ ᠭᠢᠯᠢᠰ ᠭᠦᠵᠢᠷ ᠤᠨ ᠡᠭᠦᠯᠡᠰ ᠪᠦᠷᠭᠦᠭ᠍ᠰᠡᠨ ᠪᠠᠢ᠌ᠯ᠎ᠠ ᠳ᠋ᠠ ︕ ᠪᠢ ᠴᠢᠮ᠎ᠠ ᠡᠴᠠ 《ᠰᠠᠢ᠌ᠨ ᠦᠦ》 ᠭᠡᠭᠦ ᠳᠤ ᠴᠢ ᠨᠠᠮ᠎ᠠ ᠶᠢ ᠴᠤᠭᠤ ᠰᠢᠷᠳᠡᠭ᠍ᠰᠡᠨ ᠶᠢᠡᠨ 《ᠬᠠᠰ ᠠᠬ᠎ᠠ ᠡ᠂ ᠳᠠᠢ᠌ᠮᠤ ᠣᠴᠢᠷ ᠪᠠᠢ᠌ᠬᠤ ᠦᠭᠡᠶ᠂ ᠥᠨᠡᠭᠡᠷ ᠪᠢ᠁》 ᠭᠡᠨ᠎ᠡ᠃ ᠮᠦᠷᠤ ᠪᠠᠨ ᠬᠠᠪᠴᠢᠰᠭᠢᠨ ᠬᠤᠭᠤᠯᠠᠢ ᠴᠢᠨᠢ ᠵᠠᠩᠭᠢᠷᠠᠨ ᠪᠠᠢ᠌ᠵᠤ ᠶᠠᠷᠢᠭᠰᠠᠨ ᠢ ᠪᠢ ᠴᠡᠭᠡᠵᠢᠯᠡᠭ᠍ᠰᠡᠭᠡᠷ᠂ ᠴᠠᠰᠢ ᠶᠠᠪᠣᠬᠤ ᠳᠤ ᠨᠢᠳᠤ ᠪᠦᠷᠭᠦᠭ᠍ᠰᠡᠨ ᠨᠢᠯᠪᠣᠰᠤ ᠴᠢᠨᠢ ᠪᠦᠮᠪᠦᠷᠢᠵᠤ ᠪᠠᠢ᠌ᠭᠰᠠᠨ ᠢ ᠪᠢ ᠮᠠᠷᠳᠠᠬᠤ ᠦᠭᠡᠶ᠃ ᠳᠠᠷᠠ ᠦᠶ᠎ᠡ ᠳᠤ ᠮᠢᠨᠤ ᠳᠤᠳᠤᠷ᠎ᠠ ᠣᠠᠴᠠ ᠶᠢᠨ ᠦᠷᠤᠪᠳᠠᠯ ᠳᠦᠭᠦᠷᠴᠤ ᠪᠠᠢ᠌ᠭᠰᠠᠨ ᠪᠣᠯᠪᠠᠴᠤ ᠶᠠᠭᠤ ᠴᠤ ᠶᠠᠷᠢᠵᠤ ᠴᠢᠳᠠᠭᠰᠠᠨ ᠦᠭᠡᠶ᠃

ᠪᠢ ᠰᠤᠨᠤᠰᠤᠮᠠᠭᠴᠠ ᠣᠴᠢᠵᠠᠢ᠃ ᠡᠨᠡ ᠨᠢ ᠨᠠᠮᠤᠷ ᠴᠠᠭ ᠪᠠᠢ᠌ᠭᠰᠠᠨ ᠶᠤᠮ᠃

᠊᠊᠊᠊᠊᠊᠊᠊᠊᠊᠊᠊᠊᠊᠊ ᠣᠷᠣᠢ᠌ᠳᠠᠴᠢᠬᠠᠵᠠᠢ ᠭᠡᠵᠤ ᠡᠭᠦᠳᠡᠨ ᠡᠪᠦᠭᠡᠨ ᠨᠠᠳᠠ ᠳᠤ ᠶᠠᠷᠢᠪᠠ᠂

ᠪᠣᠩᠬᠤᠨ ᠳᠡᠭᠡᠭᠦᠷ ᠨᠢ ᠡᠪᠠᠰᠤ ᠰᠢᠷᠠᠯᠵᠢ ᠣᠷᠭᠤᠴᠢᠬᠠᠭᠰᠠᠨ ᠪᠠᠢ᠌ᠪᠠ᠃ ᠪᠣᠩᠬᠤᠨ ᠤ ᠡᠮᠤᠨ᠎ᠡ ᠨᠢ ᠲᠦᠯᠠᠰᠢ ᠳᠤᠶᠠᠩ ᠰᠢᠳᠠᠭᠠᠵᠤ ᠦᠭ‍ᠭᠦᠭ᠍ᠰᠡᠨ ᠣᠷᠤᠮ ᠲᠡᠶ᠃ ᠴᠡᠯᠡᠭᠡᠷᠮ᠎ᠡ ᠶᠢᠨ ᠡᠵᠢ ᠨᠢ ᠭᠦᠳᠡᠭᠡ ᠡᠴᠠ ᠢᠷᠠᠵᠤ ᠥᠩᠭᠡᠷᠡᠭ᠍ᠰᠡᠨ ᠭᠡᠳᠡᠭ᠌ ᠢ ᠡᠪᠦᠭᠡᠨ ᠡᠴᠠ ᠰᠤᠨᠤᠰᠴᠤ ᠵᠢᠷᠦᠭᠡ ᠡᠪᠡᠳᠴᠤ ᠭᠠᠰᠢᠭᠤᠨ ᠨᠢᠯᠪᠣᠰᠤ ᠬᠠᠮᠠᠷ ᠪᠣᠷᠭᠢᠨ᠎ᠠ᠃

᠊᠊᠊᠊᠊᠊᠊᠊᠊᠊᠊᠊᠊᠊᠊ ᠶᠠᠭᠠᠭᠢᠭᠠᠤᠨ ᠠᠪᠣᠷᠠᠭᠰᠠᠨ ᠦᠭᠡᠶ ᠪᠣᠢ ︖ ᠭᠡᠵᠤ ᠡᠪᠦᠭᠡᠨ ᠡᠴᠠ ᠠᠰᠠᠭᠤᠪᠠᠯ᠂

᠊᠊᠊᠊᠊᠊᠊᠊᠊᠊᠊᠊᠊᠊᠊ ᠡᠨᠡ ᠨᠠᠭᠤᠷ ᠪᠠᠭ᠎ᠠ ᠪᠣᠯᠪᠠᠴᠤ ᠳᠤᠩ ᠭᠦᠨ ᠰᠢᠤ᠃ ᠡᠨᠡ ᠭᠡᠦᠭᠡᠨ ᠨᠠᠭᠤᠷ ᠲᠤ ᠬᠠᠷᠠᠢ᠌ᠭᠰᠠᠨ ᠰᠤᠷᠠᠭ ᠶᠢᠡᠷ ᠪᠢᠳᠠ ᠭᠡᠳᠤᠨ ᠡᠳᠦᠷ ᠱᠥᠭᠦᠭ᠍ᠰᠡᠨ ᠪᠣᠯᠪᠠᠴᠤ ᠡᠷᠢᠵᠤ ᠣᠯᠤᠭᠰᠠᠨ ᠦᠭᠡᠶ᠃ ᠡᠵᠢ ᠨᠢ ᠢᠷᠡᠭᠡᠳ ᠭᠡᠦᠭᠡᠨ ᠤ ᠵᠠᠷᠤᠳᠠᠯ ᠪᠠᠷᠢᠳᠠᠯ ᠢ ᠨᠢ ᠨᠠᠭᠤᠷ ᠤᠨ ᠭᠦᠪᠠᠭᠡᠨ ᠳᠤ ᠣᠷᠤᠰᠢᠭᠤᠯᠵᠤ ᠪᠣᠩᠬᠤᠯᠠᠭᠰᠠᠨ᠁ ᠭᠡᠵᠤ ᠡᠪᠦᠭᠡᠨ ᠰᠡᠭᠦᠷᠡᠰᠤ ᠠᠯᠳᠠᠨ ᠶᠠᠷᠢᠭᠰᠠᠨ ᠶᠢᠡᠨ ᠠᠯᠤᠰ ᠢ ᠰᠢᠷᠳᠠᠵᠤ 《ᠡᠨᠡ ᠭᠡᠦᠭᠡᠨ ᠪᠠᠰᠠ ᠳᠡᠭ᠍ᠳᠡᠭᠡᠳ ᠶᠠᠪᠣᠴᠢᠬᠠᠭᠰᠠᠨ ᠪᠠᠢ᠌ᠵᠤ ᠮᠠᠳᠠᠨ᠎ᠡ》 ᠭᠡᠨ᠎ᠡ᠃

ᠳᠠᠢ᠌ᠮᠤ ᠴᠤ ᠮᠠᠭᠠᠤᠨ ᠡ᠃ ᠰᠤᠨᠤᠰᠤᠯᠳᠠ ᠪᠠᠷ ᠡᠨᠡ ᠨᠠᠭᠤᠷ ᠤᠨ ᠳᠤᠮᠳᠠ ᠨᠢ ᠡᠷᠭᠢᠭᠡ ᠴᠡᠭᠡᠯ ᠲᠡᠶ ᠪᠠᠢ᠌ᠵᠤ᠂ ᠨᠠᠭᠤᠷ ᠤᠨ ᠢᠷᠤᠭᠤᠷ ᠳᠤᠨᠢ ᠨᠢᠭᠡᠨ ᠳᠤᠮᠤ ᠠᠭᠤᠢ ᠲᠡᠶ ᠭᠡᠨ᠎ᠡ᠃ ᠡᠷᠳᠡ ᠣᠷᠢᠳᠤ ᠶᠢᠨ ᠴᠠᠭ ᠲᠤ᠂ ᠨᠢᠭᠡ ᠳᠡᠭ᠍ᠷᠢ ᠶᠢᠨ ᠨᠤᠭᠤᠰᠤ ᠬᠤᠷᠮᠤᠰᠳᠠ ᠡᠴᠠ ᠶᠠᠯᠠᠯᠠᠭᠳᠠᠨ ᠪᠠᠭᠤᠵᠤ ᠡᠨᠡ ᠨᠠᠭᠤᠷ ᠲᠤ ᠣᠳᠠᠭᠠᠨ ᠵᠢᠯ ᠠᠮᠢᠳᠤᠷᠠᠵᠤ᠂ ᠡᠴᠦᠰ ᠰᠡᠭᠦᠯ ᠳ᠋ᠤᠨᠢ ᠬᠤᠨ ᠭᠠᠯᠠᠭᠤ ᠬᠤᠪᠢᠯᠤᠨ ᠦᠷᠯᠦᠭᠡ ᠶᠢᠨ ᠮᠠᠨᠠᠨ ᠳᠤᠮᠳᠠ ᠬᠤᠯᠠ ᠶᠢᠨ ᠬᠤᠯᠠ ᠶᠢ ᠵᠤᠷᠢᠨ ᠨᠢᠰᠤᠨ ᠣᠳᠤᠭᠰᠠᠨ ᠭᠡᠳᠡᠭ᠌᠃

ᠡᠨᠡ ᠦᠶ᠎ᠡ ᠳᠤ᠂ ᠭᠦᠨ ᠨᠠᠮᠤᠷ ᠤᠨ ᠴᠡᠩᠭᠡᠷ ᠣᠭᠳᠠᠷᠭᠤᠢ ᠳᠤ ᠨᠢᠭᠡᠨ ᠰᠦᠷᠦᠭ᠌ ᠬᠤᠨ ᠨᠢᠰᠤᠨ ᠥᠩᠭᠡᠷᠡᠪᠡ᠃ ᠪᠢ ᠳᠡᠭᠦᠨ ᠤ ᠬᠣᠢ᠌ᠨ᠎ᠠ ᠡᠴᠠ 《ᠴᠡᠯᠡᠭᠡᠷᠮ᠎ᠡ ᠡ᠂ ᠬᠠᠷᠢᠵᠤ ᠢᠷᠡᠭᠡᠴᠢ》 ᠭᠡᠵᠤ ᠭᠠᠷ ᠳᠠᠯᠠᠯᠤᠨ ᠬᠤᠴᠤᠷᠠᠯ᠎ᠠ᠁


ᠵᠤᠬᠢᠶᠠᠭᠴᠢ ᠶᠢᠨ ᠬᠠ‍‌ᠶᠢᠭ ᠄ ᠠᠪᠠᠭ᠎ᠠ ᠬᠤᠰᠢᠭᠤᠨ ᠤ ᠶᠡᠷᠦᠩᠭᠡᠢ᠌ᠯᠡᠭ᠍ᠰᠡᠨ ᠳᠡᠭᠡᠳᠤ ᠳᠤᠮᠳᠠᠳᠤ ᠰᠤᠷᠭᠠᠭᠤᠯᠢ 

ᠵᠤᠬᠢᠶᠠᠭᠴᠢ᠄ ᠪᠠᠶᠠᠭᠤᠳ ᠬᠠᠰ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢ᠌ᠷᠠᠭᠤᠯᠤᠯ
ᠳᠠᠷᠤᠮ᠄ 1726
ᠴᠠᠭ᠄ 2012 ᠤᠨ ᠤ 05 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁