ᠭᠡᠯᠡᠭᠦ ᠭᠡᠯᠡᠭᠦ ᠦᠭᠡᠶ ᠶᠢᠨ ᠵᠠᠢ

ᠥᠭᠡ ᠭᠡᠳᠡᠭ᠌ ᠢ ᠭᠡᠨ ᠴᠤ ᠭᠡᠤᠨ ᠮᠠᠳᠠᠨ᠎ᠠ

ᠣᠢ ᠥᠩᠭᠡᠷᠡᠭ᠍ᠰᠡᠨ ᠪᠠᠯᠴᠢᠷ ᠴᠤ ᠭᠡᠯᠡᠵᠤ ᠴᠢᠳᠠᠨ᠎ᠠ

ᠥᠭᠡᠨ ᠳᠤ ᠣᠯᠠᠨ ᠣᠤᠠᠬ᠎ᠠ ᠪᠠᠭᠳᠠᠳᠠᠭ ᠪᠣᠯᠬᠤᠷ

ᠥᠭᠡᠷ ᠬᠠᠷᠢᠭᠤᠯᠬᠤ ᠰᠢᠭ ᠳᠤᠷ᠎ᠠ ᠪᠠᠷ ᠨᠢ ᠳᠠᠯᠪᠢᠵᠤ ᠪᠣᠯᠳᠠᠭ ᠦᠭᠡᠶ ᠶᠤᠮ︕

ᠥᠭᠡᠨ ᠳᠤ

ᠰᠠᠢ᠌ᠬᠠᠨ ᠴᠤ ᠪᠣᠢ᠂ ᠮᠠᠭᠤᠬᠠᠢ ᠴᠤ ᠪᠣᠢ

ᠬᠠᠷᠢᠶᠠᠯ ᠴᠤ ᠪᠣᠢ᠂ ᠮᠠᠭᠳᠠᠭᠠᠯ ᠴᠤ ᠪᠣᠢ

ᠭᠡᠭᠦ ᠳᠤ ᠪᠠᠨ

ᠥᠭᠡ ᠴᠢᠨᠢ ᠭᠦᠮᠤᠨ ᠤ ᠰᠤᠨᠤᠷ ᠲᠤ ᠬᠤᠷᠢᠶᠠᠭᠳᠠᠪᠠᠯ ᠰᠠ‍‌ᠶᠢ

ᠵᠢᠩᠭᠢᠨᠢ ᠴᠤᠤᠷᠢᠶ᠎ᠠ ᠪᠣᠯᠵᠤ

ᠥᠷᠦᠭᠡᠯ ᠤᠨ ᠠᠩᠬᠠᠷᠤᠯ ᠢ ᠳᠠᠳᠠᠳᠠᠭ ᠶᠤᠮ︕

ᠥᠭᠡᠢ ᠪᠣᠯ ᠶᠤᠰᠤᠳᠠᠢ

ᠥᠭᠡᠷ ᠤᠨ ᠪᠠᠭᠠᠰᠤᠨ ᠳᠤ ᠪᠠᠭᠤᠭᠰᠠᠨ ᠪᠠᠮᠪᠣ ᠬᠤᠷᠤᠬᠠᠢ ᠰᠢᠭ

ᠵᠥᠭ᠌ ᠵᠥᠭ᠌ ᠲᠤ ᠪᠠᠨ ᠨᠢᠰᠤᠨ ᠣᠤᠠᠴᠤ

ᠦᠨᠡᠨ ᠣᠤᠠᠬ᠎ᠠ ᠪᠠᠨ ᠠᠯᠳᠠᠨ᠎ᠠ ᠳ᠋ᠠ︕

ᠵᠠᠯᠠᠭᠤ ᠨᠠᠰᠤᠨ ᠳᠤ ᠠᠯᠳᠠᠭ᠎ᠠ ᠣᠯᠠᠨ ᠪᠣᠯᠪᠠᠴᠤ

ᠵᠠᠪᠢᠵᠢ ᠪᠠᠨ ᠴᠢᠩᠭ᠋ᠠᠯᠠᠵᠤ ᠶᠠᠪᠣᠪᠠᠯ ᠪᠠᠰᠠ ᠣᠯᠤᠯᠳᠠ ᠶᠤᠮ ᠰᠢᠤ

ᠵᠠᠪᠠᠯ ᠮᠢᠨᠤ ᠵᠦᠪ ᠭᠡᠵᠤ ᠣᠩᠭ᠋ᠤᠷᠴᠤ ᠰᠡ᠊ᠨᠳᠡᠭᠡᠨᠡᠵᠤ ᠭᠦᠶ‍ᠦᠪᠠᠯ

ᠵᠠᠯᠠᠭᠤ ᠨᠠᠰᠤ ᠪᠠᠨ ᠶᠤᠰᠤᠳᠠᠢ ᠳᠠᠯᠭᠢᠳᠠᠬᠤ ᠨᠢ ᠳᠠᠷᠠ︕

ᠭᠡᠷᠰᠡᠤ ᠰᠠᠭᠤᠵᠤ ᠳᠤᠮᠤᠭ᠎ᠠ ᠳᠤᠭᠳᠠᠯ᠎ᠠ ᠭᠡᠤᠨ ᠴᠤ

ᠭᠡᠯᠡᠭᠦ ᠥᠭᠡ ᠪᠠᠨ ᠳᠤᠩᠭ᠋ᠠᠵᠤ ᠴᠢᠩᠨᠠᠪᠠᠯ ᠳᠠᠷᠠ ᠴᠢᠨᠤ ᠣᠬᠠᠭᠠᠨ

ᠭᠦᠭ᠍ᠰᠢᠨ ᠵᠠᠯᠠᠭᠤ ᠪᠦᠭᠦᠨ ᠢ ᠭᠦᠡᠳᠦᠯᠡᠵᠤ ᠪᠠᠭᠳᠠᠭᠠᠵᠤ ᠶᠠᠪᠣᠪᠠᠯ

ᠭᠦᠷᠴᠤ ᠣᠴᠢᠬᠤ ᠢᠷᠡᠭᠡᠳᠦᠢ ᠴᠢᠨᠢ ᠭᠡᠭᠡ ᠳᠤᠯᠠᠢ᠌ᠮ᠎ᠠ ᠪᠣᠯᠬᠤ ᠶᠤᠮ︕

ᠥᠭᠡ ᠭᠡᠳᠡᠭ᠌ ᠢ ᠭᠡᠨ ᠴᠤ ᠭᠡᠤᠨ ᠮᠠᠳᠠᠨ᠎ᠠ

ᠣᠢ ᠥᠩᠭᠡᠷᠡᠭ᠍ᠰᠡᠨ ᠪᠠᠯᠴᠢᠷ ᠴᠤ ᠭᠡᠯᠡᠵᠤ ᠴᠢᠳᠠᠨ᠎ᠠ

ᠥᠭᠡᠨ ᠳᠤ ᠣᠯᠠᠨ ᠣᠤᠠᠬ᠎ᠠ ᠪᠠᠭᠳᠠᠳᠠᠭ ᠪᠣᠯᠬᠤᠷ

ᠥᠭᠡᠷ ᠬᠠᠷᠢᠭᠤᠯᠬᠤ ᠰᠢᠭ ᠳᠤᠷ᠎ᠠ ᠪᠠᠷ ᠨᠢ ᠳᠠᠯᠪᠢᠵᠤ ᠪᠣᠯᠳᠠᠭ ᠦᠭᠡᠶ ᠶᠤᠮ︕


ᠦᠪᠣᠷ ᠮᠤᠩᠭ᠋ᠤᠯ ᠤᠨ ᠰᠤᠷᠭᠠᠨ ᠭᠦᠮᠦᠵᠢᠯ ᠤᠨ ᠭᠡᠪᠯᠡᠯ ᠤᠨ ᠬᠤᠷᠢᠶ᠎ᠠ

ᠵᠤᠬᠢᠶᠠᠭᠴᠢ᠄ ᠨᠠᠮᠵᠢᠯ ᠤᠨ ᠮᠥᠩᠭᠡᠪᠠᠶᠡᠷ
ᠢᠷᠡᠯᠲᠡ᠄ ᠰᠠᠮᠪᠠᠷ᠎ᠠ ᠡᠴᠡ ᠰᠢᠯᠢᠪᠠ
ᠳᠠᠷᠤᠮ᠄ 3643
ᠴᠠᠭ᠄ 2007 ᠤᠨ ᠤ 04 ᠰᠠᠷ᠎ᠠ ᠶᠢᠨ 13
ᠪᠢᠴᠢᠭ᠍‍ᠯᠡᠭᠴᠢ᠄ ᠪᠦᠬᠡᠡᠷᠳᠡᠨᠢ
ᠨᠠᠢ᠌ᠷᠠᠭᠤᠯᠤᠭᠴᠢ᠄ ᠪᠦᠬᠡᠡᠷᠳᠡᠨᠢ
ᠲᠤᠰ ᠵᠤᠬᠢᠶᠠᠯ ᠢ ᠪᠦᠷᠭᠡ ᠳᠡᠭᠡᠨ ᠬᠠᠳᠠᠭᠠᠯᠠᠬᠤ
ᠰᠢᠭᠦᠮᠵᠢ ᠪᠢᠴᠢᠬᠦ
ᠨᠡᠪᠲᠡᠷᠡᠨ ᠤᠷᠤᠭᠠᠷᠠᠢ᠃
ᠨᠡᠪᠲᠡᠷᠡᠨ ᠤᠷᠤᠪᠠᠯ ᠰᠠᠶ‍ᠢ ᠰᠢᠭᠦᠮᠵᠢ ᠪᠢᠴᠢᠵᠦ ᠳᠡᠢ᠌ᠯᠦᠨ᠎ᠡ᠃

ᠪᠠᠢ᠌ᠷᠢ᠄ ᠮᠤᠩᠭ᠋ᠤᠯ ᠬᠡᠪ ᠰᠢᠯᠦᠭ - ᠭᠡᠯᠡᠭᠦ ᠭᠡᠯᠡᠭᠦ ᠦᠭᠡᠶ ᠶᠢᠨ ᠵᠠᠢ