ᠱᠠᠩᠬᠠᠢ ᠡᠴᠠ ᠳᠡᠭᠦᠭ᠍ᠰᠡᠨ ᠭᠡᠳᠤᠨ ᠱᠠᠤᠨ

ᠰᠢᠭᠤᠷᠤᠨ ᠰᠢᠭᠤᠷᠤᠭᠰᠠᠨ ᠴᠠᠰᠤ ᠲᠡᠶ ᠦᠷᠯᠦᠭᠡ

ᠣᠯᠢᠶᠠᠰᠤᠳᠠᠢ ᠪᠠᠯᠭᠠᠰᠤᠨ ᠡᠴᠠ ᠮᠤᠷᠳᠠᠪᠠ

ᠰᠢᠪᠠᠷᠠᠨ ᠰᠢᠪᠠᠷᠡᠭ᠍ᠰᠡᠨ ᠪᠣᠷᠤᠭᠠᠨ ᠲᠡᠶ ᠦᠳᠡᠰᠢ

ᠱᠠᠩᠬᠠᠢ ᠬᠤᠳᠠᠨ᠎ᠠ ᠪᠠᠭᠤᠳᠠᠯᠯᠠᠪᠠ

ᠵᠢᠮᠦᠭᠦᠭᠡᠨ ᠥᠯᠢᠶᠡᠭ᠍ᠰᠡᠨ ᠳᠠᠯᠠᠢ ᠶᠢᠨ ᠰᠠᠯᠭᠢ

ᠵᠢᠷᠦᠭᠡ ᠪᠠᠷ ᠰᠡᠢ᠌ᠭᠡᠨ᠎ᠡ

ᠵᠢᠭ᠍ᠳᠡᠷᠡᠨ ᠰᠢᠭᠣᠢ᠌ᠷᠠᠭᠰᠠᠨ ᠠᠰᠠᠷ ᠳᠠᠭᠳᠤ

ᠵᠡᠭᠦᠳᠤ ᠪᠠᠷ ᠥᠩᠭᠡᠷᠡᠨ᠎ᠡ

ᠵᠢᠷᠢᠯᠵᠠᠨ ᠳᠠᠪᠭᠢᠬᠤ ᠮᠠᠰᠢᠨ ᠤ ᠣᠷᠤᠰᠬᠠᠯ

ᠵᠢᠳᠭᠦᠯᠡᠨ ᠭᠡᠯᠭᠢᠶᠡᠷᠡᠨ᠎ᠡ


ᠵᠢᠷᠤᠭᠠᠴᠢ ᠳᠡᠭᠦᠦᠳᠡᠢ ᠾᠧ ᠯᠠᠨ ᠱᠠᠨ ᠤ

ᠵᠠᠪᠰᠠᠷ ᠦᠭᠡᠶ ᠬᠠᠯᠠᠭᠤᠬᠠᠨ ᠣᠷᠢᠯᠭ᠎ᠠ ᠶᠢ ᠭᠦᠯᠢᠶᠡᠪᠡ

ᠱᠠᠩᠳᠤ ᠶᠢᠨ ᠳᠠᠯ᠎ᠠ ᠡᠴᠠ ᠢᠷᠡᠭ᠍ᠰᠡᠨ ᠠᠬ᠎ᠠ ᠳᠡᠭᠦᠤ ᠭᠡᠳᠦᠭᠦᠯᠡ

ᠱᠠᠩᠬᠠᠢ ᠬᠤᠳᠠ ᠶᠢᠨ ᠵᠤᠴᠢᠨ ᠨᠢ ᠪᠣᠯᠵᠤ ᠰᠠᠭᠠᠳᠠᠪᠠ

ᠳᠤᠯᠠᠭᠠᠯᠠᠭ᠎ᠠ ᠦᠭ‍ᠭᠦ ᠦᠭᠡᠶ ᠬᠤᠳᠠ ᠶᠢᠨ ᠡᠪᠦᠯ ᠢ

ᠳᠤᠮᠳᠠᠭᠤᠷ ᠨᠢ ᠨᠢᠭᠡᠨᠲᠡ ᠲ᠋ᠡᠰᠦᠯᠡᠵᠤ

ᠭᠦᠢᠳᠡᠨ ᠪᠣᠷᠤᠭ᠎ᠠ ᠭᠦᠡᠳᠡᠢ ᠦᠳᠡᠰᠢ ᠲᠡᠶ ᠨᠢ ᠬᠠᠮᠳᠤ

ᠦᠷᠦᠭᠡᠨ ᠤ ᠭᠠᠳᠠᠨ᠎ᠠ ᠣᠷᠭᠢᠭᠠᠤᠨ

ᠵᠢᠭᠠᠰᠤ᠂ ᠰᠠᠮ᠂ ᠨᠠᠢ᠌ᠮᠠᠯᠵᠢ ᠪᠠᠷ ᠵᠠᠭᠤᠰᠢ ᠭᠢᠵᠤ

ᠵᠢᠭᠠᠬᠠᠨ ᠵᠢᠭᠠᠬᠠᠨ ᠭᠠᠰᠢᠭᠤ ᠣᠷᠭᠢᠭᠰᠠᠨ

ᠰᠢᠷ᠎ᠠ ᠠᠷᠢᠭᠢ ᠶᠢ ᠨᠢ ᠠᠮᠰᠠᠪᠠ

ᠨᠠᠷᠠ ᠦᠭᠡᠶ ᠪᠦᠷᠭᠦᠭ᠌ ᠭᠡᠳᠤᠨ ᠡᠳᠦᠷ

ᠨᠠᠭᠠᠨ᠎ᠠ ᠪᠠᠨ ᠠᠪᠴᠤ ᠶᠠᠪᠣᠭᠰᠠᠨ ᠵᠢᠷᠤᠭ ᠤᠨ ᠮᠠᠰᠢᠨ ᠮᠢᠨᠢ ᠴᠢᠭᠢᠭ᠍ᠳᠡᠨ᠎ᠡ

ᠨᠠᠠᠵᠢᠩ ᠵᠠᠮ ᠤᠨ ᠭᠦᠯ ᠭᠦᠭ᠍ᠵᠢᠶᠡᠨ ᠢ ᠬᠠᠷᠠᠵᠤ

ᠨᠠᠯᠠᠭᠠᠷ ᠳᠠᠯ᠎ᠠ ᠪᠠᠨ ᠰᠠᠨᠠᠪᠠ

ᠨᠠᠮᠬᠠᠨ ᠨᠠᠮᠬᠠᠨ ᠪᠠᠷᠢᠯᠭ᠎ᠠ ᠨᠤᠭᠤᠳ ᠨᠢ ᠴᠠᠰᠤᠨ ᠭᠦᠷᠮ᠎ᠡ ᠭᠡᠳᠦᠷᠦᠭ᠍ᠰᠡᠨ

ᠨᠠᠮ ᠪᠣᠢ᠌ᠳᠠ ᠮᠢᠨᠤ ᠪᠠᠯᠭᠠᠰᠤᠨ ᠡᠴᠠ ᠭᠡᠳᠦᠢ ᠬᠤᠯᠠ ᠶᠢ ᠳᠤᠭᠠᠯᠠᠪᠠ


ᠥᠩᠭᠡ᠂ ᠮᠦᠩᠭᠦ᠂ ᠡᠷᠭᠡ ᠪᠠᠷ ᠣᠷᠪᠠᠨ ᠭᠦᠷᠪᠠᠵᠤ

ᠣᠯᠠᠭᠠᠨ᠂ ᠴᠠᠭᠠᠨ᠂ ᠬᠠᠷ᠎ᠠ ᠪᠠᠷ ᠬᠤᠳᠬᠤᠵᠤ ᠳᠡᠪᠵᠢᠭ᠍ᠰᠡᠨ

ᠳᠦᠷᠢᠯᠳᠠ᠂ ᠳᠠᠭᠠᠷᠢᠯᠳᠠ᠂ ᠪᠠᠢ᠌ᠭᠤᠯᠤᠯᠳᠠ

ᠳᠦᠷᠢᠶᠠᠰᠤᠯᠠᠯ᠂ ᠠᠷᠠᠯᠵᠢᠶᠠᠯᠠᠯ᠂ ᠮᠦᠩᠭᠦᠨ ᠭᠦᠢᠯᠭᠡᠭᠡ ᠁

ᠳᠦᠷᠠᠯᠵᠢᠨ ᠦᠷᠪᠢᠰᠦᠭ᠍ᠰᠡᠨ ᠵᠠᠭᠤᠨ ᠣᠨ ᠢ

ᠬᠤᠸᠠᠩ ᠫᠦ᠋ ᠮᠦᠷᠠᠨ ᠤ ᠪᠣᠷᠵᠠᠩᠳᠤ ᠣᠷᠤᠰᠬᠠᠯ ᠣᠭᠢᠶᠠᠨ ᠠᠪᠠᠴᠢᠬᠤ ᠳ᠋ᠤ

ᠭᠠᠳᠠᠭᠠᠳᠤ ᠰᠠᠢ᠌ᠷᠭᠠᠯ ᠤᠨ ᠨᠠᠮᠤᠬᠠᠨ ᠡᠨᠡ ᠦᠳᠡᠰᠢ ᠶᠢ ᠪᠢ

ᠭᠠᠷ ᠲᠠᠭᠠᠨ ᠪᠠᠷᠢᠭᠰᠠᠨ ᠮᠠᠳᠤ ᠰᠠᠨᠠᠪᠠ

ᠦᠷᠤᠨᠠᠳᠠᠭᠢᠨ ᠤ ᠨᠠᠮᠪᠠ ᠪᠦᠭᠦᠢ ᠡᠷᠳᠡᠨ ᠤ ᠪᠠᠷᠢᠯᠭ᠎ᠠ᠂ ᠵᠡᠭᠡᠯᠢ ᠭᠤᠳᠤᠮᠵᠢ

ᠡᠯᠳᠡᠪ ᠬᠠᠴᠢᠨ ᠰᠤᠯᠤᠩᠭ᠋ᠠᠨ ᠳ᠋ᠸᠩ ᠤᠨ ᠶ‍ᠸᠯᠸᠢᠳᠤ ᠭᠡᠷᠡᠯ ᠳ᠋ᠤ

ᠡᠴᠢᠨ᠎ᠡ ᠥᠩᠭᠡ ᠪᠠᠷ ᠳᠤᠶᠠᠭᠠᠷᠠᠨ᠎ᠠ

ᠡᠩᠭᠡ ᠠᠮᠢᠳᠤᠷᠠᠯ᠂ ᠡᠷᠭᠡ ᠴᠢᠯᠦᠭᠡ᠂ ᠠᠮᠢ ᠨᠠᠰᠤᠨ ᠤ ᠡᠷᠭᠢᠮ ᠴᠤᠬᠠᠭ ᠭᠡᠮᠡᠭ᠍ᠴᠢ

᠊ᠭ᠍‍ᠬᠢᠷᠳᠦᠭᠡᠵᠤ ᠪᠣᠯᠤᠰᠢ ᠦᠭᠡᠶ ᠭᠡᠪᠷᠡᠭ᠌ ᠭᠡᠭᠡᠡᠴᠢᠷ ᠭᠡᠷᠡᠯᠳᠤ ᠰᠤᠪᠣᠤᠨ ᠴᠤ ᠶᠤᠮ ᠪᠢᠯᠠ ᠦᠦ ︖


2011. 12. 11


ᠵᠤᠬᠢᠶᠠᠭᠴᠢ ᠶᠢᠨ ᠬᠠ‍‌ᠶᠢᠭ ᠄ ᠰᠢᠯᠢ ᠶᠢᠨ ᠭᠤᠤᠯ

ᠵᠤᠬᠢᠶᠠᠭᠴᠢ᠄ ᠣᠯᠢᠶᠠᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1309
ᠴᠠᠭ᠄ 2012 ᠤᠨ ᠤ 01 ᠰᠠᠷ᠎ᠠ ᠶᠢᠨ 11
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁