ᠨᠤᠲᠤᠭ ᠤᠨ ᠰᠠᠯᠬᠢ

ᠨᠤᠳᠤᠭ ᠤᠨ ᠰᠠᠯᠭᠢ ᠥᠡᠳᠦᠷᠯᠢᠭ᠌ ᠤᠨ ᠪᠣᠭᠤᠷᠤᠯ ᠳᠤᠮᠤᠭ ᠰᠢᠭ ᠶᠢᠡᠷ᠂ ᠡᠭᠡ ᠨᠤᠳᠤᠭ ᠤᠨ ᠭᠦᠷᠦᠰᠤᠨ ᠳᠡᠭᠡᠭᠦᠷ᠂ ᠥᠩᠭᠡᠷᠡᠭ᠍ᠰᠡᠨ ᠢ ᠡᠷᠭᠢᠴᠡᠭᠦᠯᠤᠨ ᠣᠳᠤᠭᠢ ᠳᠤ ᠪᠠᠬᠠᠳᠤᠨ᠂ ᠨᠠᠩ ᠴᠤ ᠭᠦᠳᠡᠭᠡ ᠨᠤᠳᠤᠭ ᠤᠨ ᠰᠢᠨ᠎ᠠ ᠠᠮᠢᠳᠤᠷᠠᠯ ᠢ ᠮᠠᠭᠳᠠᠨ ᠳᠠᠭᠤᠯᠠᠭᠰᠠᠭᠠᠷ ᠳᠡᠷᠳᠡᠭᠡ ᠠᠢ᠌ᠯ ᠳᠤ ᠰᠤᠨᠤᠷᠳᠠᠭᠤᠯᠤᠨ᠎ᠠ᠃

ᠬᠠᠪᠣᠷ ᠤᠨ ᠣᠷᠢᠬᠠᠨ ᠰᠠᠯᠭᠢ᠂ ᠬᠠᠴᠠᠷ ᠢ ᠥᠨᠦᠰᠦᠭᠡᠤᠨ ᠶᠠᠪᠣᠬᠤ ᠨᠢ ᠥᠷᠯᠦᠭᠡ ᠶᠢᠨ ᠴᠡᠩᠭᠡᠷ ᠵᠡᠷᠭᠡᠯᠭᠡᠨ ᠳᠤ᠂ ᠦᠨᠢᠶᠠᠨ ᠵᠠᠯ᠎ᠠ ᠵᠥᠭ᠌ ᠭᠤᠩᠬᠠᠵᠤ ᠶᠠᠪᠣᠭ᠎ᠠ ᠮᠢᠨᠤ ᠪᠦᠰᠡᠭᠦᠢ ᠴᠤ ᠭᠡᠮᠡᠷ᠃ ᠡᠨᠡ ᠪᠣᠯ ᠨᠤᠳᠤᠭ ᠤᠨ ᠰᠠᠯᠭᠢ᠂ ᠮᠢᠨᠤ ᠮᠥᠩᠭᠡ ᠶᠢᠨ ᠵᠡᠭᠦᠳᠤ᠃

ᠵᠤᠨ ᠤ ᠵᠥᠭᠡᠯᠡᠨ ᠰᠠᠯᠭᠢ᠂ ᠵᠤᠰᠠᠯᠠᠩ ᠶᠢᠡᠷ ᠵᠤᠭᠠᠴᠠᠨ ᠶ‍ᠪᠣᠬᠤ ᠳᠤ ᠪᠠᠨ᠂ ᠵᠡᠭᠦᠷᠮᠡᠭᠯᠡᠨ ᠪᠠᠢ᠌ᠭ᠎ᠠ ᠵᠠᠯᠠᠭᠤ ᠡᠷ᠎ᠡ ᠳᠤ᠂ ᠠᠳᠠᠭᠤ ᠮᠠᠯ ᠤᠨ ᠳᠠᠷᠭᠤ ᠰᠠᠢ᠌ᠨ ᠢ ᠬᠤᠩᠭ᠋ᠤᠷ ᠳᠠᠭᠤᠨ ᠶᠢᠡᠷ ᠰᠠᠮ ᠰᠢᠪᠨᠠᠨ᠂ ᠪᠠᠩᠵᠠᠯ ᠤᠨ ᠷᠤᠮᠠᠠᠲ᠋ᠢᠭ ᠰᠠᠯᠭᠢᠨ ᠪᠣᠯᠵᠤ᠂ ᠢᠰᠡᠭᠡᠢ ᠬᠠᠨ᠎ᠠ ᠳᠤ ᠠᠭᠤᠰᠤᠨ᠎ᠠ᠃ ᠡᠨᠡ ᠪᠣᠯ ᠨᠤᠳᠤᠭ ᠤᠨ ᠰᠠᠯᠭᠢ᠂ ᠮᠢᠨᠤ ᠡᠭᠦᠷᠢᠳᠡ ᠶᠢᠨ ᠳᠤᠷᠠᠤᠠᠬᠠᠯ᠃

ᠨᠠᠮᠤᠷ ᠤᠨ ᠬᠤᠩᠭ᠋ᠤᠷ ᠰᠠᠯᠭᠢ᠂ ᠬᠠᠰᠠᠭ ᠳᠡᠷᠭᠡ ᠶᠢ ᠳᠠᠭᠠᠭᠠᠨ ᠶᠠᠳᠠᠳᠠᠯ᠎ᠠ ᠡᠯᠪᠠᠭ᠌ ᠬᠤᠷᠢᠶᠠᠯᠳᠠ ᠶᠢ ᠠᠪᠴᠢᠷᠠᠨ᠎ᠠ᠃ ᠢᠵᠢᠯᠢ ᠪᠠᠨ ᠣᠯᠤᠭᠰᠠᠨ ᠰᠢᠪᠠᠭᠤᠳ ᠡᠭᠡ ᠨᠤᠳᠤᠭ ᠡᠴᠡ ᠰᠠᠯᠵᠤ ᠳᠦᠪᠳᠠᠨ᠂ ᠠᠯᠬᠤᠮ ᠪᠦᠷᠢ ᠳᠤ ᠠᠷᠤᠠᠰᠢ ᠬᠠᠷᠠᠨ᠂ ᠨᠤᠳᠤᠭ ᠤᠨ ᠰᠠᠯᠭᠢᠨ ᠤ ᠨᠤᠲ ᠪᠣᠯᠵᠤ ᠵᠢᠷᠭᠠᠨ᠎ᠠ᠃ ᠡᠨᠡ ᠪᠣᠯ ᠨᠤᠳᠤᠭ ᠤᠨ ᠰᠠᠯᠭᠢ᠂ ᠮᠢᠨᠤ ᠵᠢᠷᠭᠠᠯᠠᠩᠳᠤ ᠠᠮᠢᠳᠤᠷᠠᠯ᠃

ᠡᠪᠦᠯ ᠤᠨ ᠬᠠᠭᠢᠷ ᠰᠠᠯᠭᠢ ᠪᠣᠯ ᠵᠢᠷᠠᠨ ᠭᠷᠠᠳᠦ᠋ᠰ ᠤᠨ ᠠᠷᠢᠭᠢ᠃ ᠪᠣᠯᠤᠩ ᠳᠤᠬᠠᠢ ᠶᠢᠨ ᠪᠣᠭᠢᠷᠳᠤᠯ ᠢ ᠪᠣᠯᠳᠤ ᠪᠠᠷ ᠨᠢ ᠰᠢᠭᠦᠷᠡᠨ ᠡᠮᠦᠨ᠎ᠡ ᠳᠠᠯᠠᠢ ᠳᠤ ᠰᠢᠳᠠᠨ᠎ᠠ᠃ ᠡᠷ᠎ᠡ ᠭᠦᠮᠤᠨ ᠤ ᠪᠣᠰᠤᠭ᠎ᠠ ᠵᠤᠷᠢᠭ ᠴᠠᠰᠤᠨ ᠳᠡᠭᠡᠷ᠎ᠡ ᠳᠤᠷᠠᠢ᠌ᠵᠤ᠂ ᠡᠮᠨᠢᠭ᠌ ᠤᠨ ᠨᠢᠷᠤᠭᠤᠨ ᠡᠴᠡ ᠡᠷᠳᠡᠮ ᠤᠨ ᠨᠢᠷᠤᠭᠤᠨ ᠵᠥᠭ᠌ ᠭᠡᠵᠤ ᠦᠷ᠎ᠡ ᠬᠣᠢ᠌ᠴᠢᠰ ᠲᠤ ᠪᠠᠨ ᠣᠯᠠᠮᠵᠢᠯᠠᠨ᠎ᠠ᠃ ᠡᠨᠡ ᠪᠣᠯ ᠨᠤᠳᠤᠭ ᠤᠨ ᠰᠠᠯᠭᠢ ᠮᠢᠨᠤ ᠮᠤᠩᠭ᠋ᠤᠯ ᠣᠷᠤᠨ᠃

ᠪᠣᠭᠤᠷᠤᠯ ᠤᠨ ᠪᠣᠮᠠᠨ ᠦᠶ᠎ᠡ ᠡᠴᠡ᠂ ᠪᠦᠷᠳᠡ ᠮᠠᠷᠠᠯ ᠤᠨ ᠨᠤᠳᠤᠭ ᠶᠢᠡᠷ ᠭᠦᠭᠡ ᠰᠤᠳᠤᠷ ᠢ ᠳᠡᠮᠳᠡᠭᠯᠡᠨ ᠰᠠᠯᠭᠢᠯᠠᠨ᠎ᠠ᠃ ᠡᠷᠡᠨ ᠵᠠᠭᠤᠨ ᠤ ᠠᠯᠬᠤᠭ᠎ᠠ ᠶᠢ ᠳᠠᠭᠠᠵᠤ᠂ ᠪᠣᠯᠪᠠᠰᠤᠨ ᠡᠴᠡ ᠪᠢᠳᠡᠭᠡᠢ ᠬᠤᠴᠤᠷᠡ ᠭᠡᠵᠤ ᠭᠠᠯ ᠵᠠᠯᠠᠭᠤ ᠶᠢᠨ ᠦᠷᠦᠴᠠᠨ ᠳᠤ ᠭᠦᠰᠡᠯ ᠨᠠᠮᠠᠵᠤ ᠰᠠᠯᠭᠢᠯᠠᠨ᠎ᠠ᠃ ᠡᠨᠡ ᠰᠠᠯᠭᠢ ᠪᠣᠯ ᠨᠤᠳᠤᠭ ᠤᠨ ᠰᠠᠯᠭᠢ᠂ ᠭᠡᠵᠢᠶ᠎ᠡ ᠡᠭᠦᠷᠢᠳᠡ ᠮᠢᠨᠤ ᠨᠤᠳᠤᠭ ᠶᠢᠡᠷ ᠰᠠᠯᠭᠢᠯᠠᠨ᠎ᠠ᠃


ᠵᠤᠬᠢᠶᠠᠭᠴᠢ ᠶᠢᠨ ᠬᠠᠶ‍ᠢᠭ ᠄ ᠲᠦᠰᠢᠶᠠᠳᠤ ᠬᠤᠰᠢᠭᠤ


ᠵᠤᠬᠢᠶᠠᠭᠴᠢ᠄ ᠥᠨᠳᠥᠷᠯᠢᠭ᠌
ᠢᠷᠡᠯᠲᠡ᠄ ᠢᠷᠡᠭᠦᠯᠦᠭᠰᠡᠨ ᠡᠬᠡ ᠪᠢᠴᠢᠭ᠌
ᠳᠠᠷᠤᠮ᠄ 3088
ᠴᠠᠭ᠄ 2009 ᠤᠨ ᠤ 12 ᠰᠠᠷ᠎ᠠ ᠶᠢᠨ 17
ᠪᠢᠴᠢᠭ᠍‍ᠯᠡᠭᠴᠢ᠄ ᠪᠦᠬᠡᠡᠷᠳᠡᠨᠢ
ᠨᠠᠢ᠌ᠷᠠᠭᠤᠯᠤᠭᠴᠢ᠄ ᠪᠦᠬᠡᠡᠷᠳᠡᠨᠢ