ᠴᠠᠰᠤ

ᠵᠠᠷᠢᠮᠳᠤᠭ ᠪᠦᠷᠦᠢ ᠶᠢᠨ ᠡᠷᠡᠮᠳᠡᠭ᠌ ᠭᠡᠷᠡᠯ ᠳᠤ

ᠵᠠᠮ ᠤᠨ ᠳ᠋ᠸᠩ ᠵᠠᠢ᠌ᠮᠤᠷᠠᠨ ᠭᠡᠷᠡᠯᠳᠦᠵᠤ

ᠵᠠᠢ᠌ᠯᠤᠭᠰᠠᠨ ᠰᠠᠯᠭᠢᠨ ᠤ ᠠᠢ᠌ᠪᠣᠩ ᠵᠠᠢ ᠳ᠋ᠤ

ᠵᠠᠮ ᠶᠢᠡᠷ ᠪᠠᠨ ᠢᠷᠡᠭ᠍ᠰᠡᠨ ᠵᠠᠯᠬᠠᠭᠤ ᠴᠠᠰᠤ

ᠵᠠᠢ ᠪᠦᠭᠦᠨ ᠳᠤ ᠴᠠᠢ᠌ᠷᠠᠨ ᠪᠠᠭᠤᠨ᠎ᠠ

ᠦᠳᠡᠰᠢ ᠶᠢᠨ ᠶ‍ᠢᠷᠳᠢᠠᠴᠤ ᠣᠷᠢᠳᠠᠪᠠᠷ ᠣᠠᠳᠠᠵᠤ

ᠦᠪᠴᠢ ᠬᠤᠳᠠ ᠳᠤ ᠴᠠᠰᠤ ᠯᠠ ᠯᠠᠪᠰᠠᠯᠠᠨ᠎ᠠ


ᠴᠠᠭᠠᠨ ᠪᠢᠰᠢ ᠶᠢ ᠨᠢ ᠴᠠᠢ᠌ᠷᠠᠭᠤᠯᠬᠤ ᠭᠡᠵᠤ

ᠴᠠᠰᠤ ᠪᠠᠭᠤᠳᠠᠭ

ᠴᠠᠭᠠᠨ ᠲᠡᠶ ᠬᠠᠷ᠎ᠠ ᠲᠡᠶ ᠨᠢ

ᠴᠠᠢ᠌ᠷᠠᠭᠤᠯᠵᠤ ᠠᠪᠳᠠᠭ

ᠬᠠᠯᠠᠭᠤᠷᠠᠭᠰᠠᠨ ᠡᠪᠦᠯ ᠳᠠᠢ

ᠣᠮᠠᠷᠠᠳᠤ ᠶᠢᠨ ᠬᠤᠳᠠ ᠳ᠋ᠤ

ᠭᠦᠢᠳᠡᠨ ᠴᠠᠰᠤ ᠪᠠᠭᠤᠵᠤ ᠴᠢᠳᠠᠨ᠎ᠠ

ᠬᠠᠶᠠ ᠬᠠᠶᠠ ᠠᠮᠢᠳᠤᠷᠠᠯ ᠤᠨ ᠊ᠭ᠍ᠷᠡᠳᠦ᠋ᠰ ᠢ

ᠬᠠᠯᠠᠮᠰᠢᠭᠰᠠᠨ ᠭᠦᠮᠦᠰ ᠳᠤ

ᠰᠡᠷᠡᠭ᠍ᠳᠡᠭᠦᠯᠵᠤ ᠴᠢᠳᠠᠨ᠎ᠠ

ᠣᠮᠠᠷ᠎ᠠ ᠲᠤᠢ᠌ᠯ ᠤᠨ ᠭᠦᠢᠳᠡᠨ ᠵᠤᠷᠢᠭ ᠢ

ᠣᠷᠤᠭᠰᠢᠯᠠᠭᠤᠯᠤᠨ ᠳᠠᠭᠠᠭᠤᠯᠬᠤ

ᠣᠨᠠᠬᠤ ᠴᠠᠰᠤ ᠨᠢᠭᠡ ᠶᠢ ᠪᠣᠳᠤᠭᠤᠯᠤᠨ᠎ᠠ

              

      2006 ᠣᠨ ᠤ 11 ᠰᠠᠷ᠎ᠠ ᠶᠢᠨ 28 ᠊ᠤ ᠦᠳᠡᠰᠢ ᠪᠠᠷ ᠬᠦᠬᠡᠬᠤᠲᠠ ᠳ᠋ᠤ ᠪᠠᠭᠤᠭᠰᠠᠨ ᠴᠠᠰᠤᠨ ᠲ᠋ᠤᠮᠳᠠ ᠦᠪᠣᠷ ᠮᠤᠩᠭ᠋ᠤᠯ ᠤᠨ ᠶᠡᠭᠡ ᠰᠤᠷᠭᠠᠭᠤᠯᠢ ᠶᠢᠨ ᠭᠦᠷᠢᠶᠡᠨ᠎ᠡ ᠪᠢᠴᠢᠪᠠᠢ

         ᠵᠤᠬᠢᠶᠠᠭᠴᠢ ᠶᠢᠨ ᠬᠠ‍‌ᠶᠢᠭ ᠄ ᠬᠦᠬᠡᠬᠤᠲᠠ ᠶᠢᠨ ᠳᠸᠯᠸᠢᠰ ᠬᠤᠷᠢᠶ᠎ᠠ


ᠵᠤᠬᠢᠶᠠᠭᠴᠢ᠄ ᠷᠤᠯᠮᠠᠵᠠᠪ
ᠬᠠᠷᠢᠶ᠎ᠠ᠄ ᠰᠢᠯᠦᠭ
ᠳᠠᠷᠤᠮ᠄ 1728
ᠴᠠᠭ᠄ 2011 ᠤᠨ ᠤ 06 ᠰᠠᠷ᠎ᠠ ᠶᠢᠨ 04