ᠣᠨ ᠵᠢᠯ ᠤᠨ ᠵᠠᠪᠰᠠᠷ ᠳᠤ

  ᠨᠠᠰᠤ ᠦᠰᠴᠦ

  ᠨᠠᠷᠠ ᠰᠢᠨᠡᠳᠭᠦ

  ᠣᠨ ᠵᠢᠯ ᠤᠨ ᠵᠠᠪᠰᠠᠷ ᠵᠢᠠᠷ

  ᠣᠯᠠᠨ ᠯᠠ ᠶᠠᠭᠤᠮ᠎ᠠ ᠢᠷᠠᠨ᠎ᠡ᠃

  ᠣᠯᠵᠤ ᠠᠯᠳᠠᠭᠰᠠᠨ ᠁

  ᠲ᠋ᠠᠷᠠ ᠪᠦᠭᠦᠨ ᠦᠪᠰᠢᠵᠤ

  ᠣᠴᠢᠵᠤ ᠭᠦᠷᠭᠦ ᠁

  ᠲ᠋ᠠᠢ᠌ᠮᠤ ᠬᠤᠯᠠ ᠶᠢᠨ ᠶᠠᠭᠤᠮᠠᠰ ᠮᠢᠷᠠᠯᠵᠠᠵᠤ

  ᠪᠠᠭᠤᠴᠠ ᠪᠠᠭᠤᠴᠠ ᠶᠢᠨ ᠳᠤᠭᠤᠨᠤ ᠪᠠᠷ

  ᠪᠠᠭᠠᠭᠢᠬᠤ ᠠᠭᠤᠷ ᠰᠠᠪᠰᠠᠭᠤᠯᠵᠤ

  ᠪᠠᠶᠠᠨ ᠴᠡᠩᠭᠡᠷ ᠳᠡᠭ᠍ᠷᠢ ᠵᠢᠨ

  ᠣᠳᠤᠳ ᠢ ᠬᠤᠷᠢᠶᠠᠨ ᠪᠦᠷᠢᠦᠡᠭᠡᠵᠤ

  ᠣᠯᠠᠨ ᠯᠠ ᠶᠠᠭᠤᠮ᠎ᠠ ᠢᠷᠠᠨ᠎ᠡ᠃

  ᠲ᠋ᠤᠩᠭ᠋ᠠᠯᠠᠭᠰᠢᠬᠤ ᠪᠣᠶᠤ ᠡᠭᠦᠯᠡᠰᠢᠭᠦ ᠶᠢᠨ ᠳᠤᠬᠠᠢ

  ᠴᠠᠭ ᠠᠭᠤᠷ ᠳᠡᠭᠡᠷ᠎ᠡ ᠶᠠᠷᠢᠬᠤ

  ᠲ᠋ᠤᠩᠭ᠋ᠠᠵᠤ ᠰᠠᠳᠭᠢᠵᠤ ᠶᠠᠭᠤ ᠭᠢᠭᠦ ᠪᠠᠨ

  ᠴᠠᠭᠠᠨ᠎ᠠ ᠪᠠᠨ ᠭᠦᠮᠦᠰ ᠵᠢᠷᠤᠬᠤ

  ᠣᠨ ᠵᠢᠯ ᠵᠠᠪᠰᠠᠷ ᠭᠡᠭ᠍ᠴᠢ

  ᠣᠳᠤᠷ ᠪᠠᠭᠤᠴᠠ ᠶᠢᠨ ᠭᠤᠯᠤᠮᠳᠠ ᠪᠠᠢ᠌ᠭ᠎ᠠ᠃

  ᠪᠢᠴᠢᠭᠡ ᠦᠭᠡᠶ ᠰᠢᠯᠦᠭ᠌

  ᠨᠠᠷᠠᠨ ᠭᠡᠷᠡᠯ ᠶᠢᠡᠷ ᠨᠠᠮ᠎ᠠ ᠳᠤ ᠢᠷᠠᠨ᠎ᠡ

  ᠲ᠋ᠡᠭᠦᠪᠦᠷᠢᠯᠡᠭᠡ ᠦᠭᠡᠶ ᠨᠠᠢ᠌ᠷᠠᠭ

  ᠰᠠᠷᠠᠨ ᠳᠤᠶᠠᠭ᠎ᠠ ᠪᠠᠷ ᠭᠡᠪᠯᠡᠯ ᠳᠤ ᠣᠷᠤᠨ᠎ᠠ᠃


ᠵᠤᠬᠢᠶᠠᠭᠴᠢ ᠶᠢᠨ ᠬᠠ‍‌ᠶᠢᠭ ᠄ ᠣᠯᠠᠭᠠᠠᠬᠠᠳᠠ᠂ ᠪᠠᠭᠠᠷᠢᠨ

ᠵᠤᠬᠢᠶᠠᠭᠴᠢ᠄ ᠨᠣ᠊·ᠴᠢᠯᠠᠭᠤᠠᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1328
ᠴᠠᠭ᠄ 2010 ᠤᠨ ᠤ 12 ᠰᠠᠷ᠎ᠠ ᠶᠢᠨ 15
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁