ᠣᠨᠢᠰᠤᠭ᠎ᠠ

ᠪᠠᠷᠢᠶᠠᠤᠨ ᠠᠢ᠌ᠯᠴᠢᠯᠠᠵᠤ ᠶᠠᠪᠣᠭᠠᠤᠨ

ᠪᠠᠯᠡᠭ᠌ ᠶᠢᠡᠨ ᠭᠡᠭᠡᠴᠢᠭᠡᠪᠡ

( ᠥᠭᠡᠷ ᠤᠨ ᠪᠠᠭᠠᠰᠤ )


ᠭᠠᠵᠠᠷ ᠤᠨ ᠭᠠᠳᠠᠰᠤ

ᠭᠠᠭᠴᠠ ᠭᠦᠯ ᠲᠡᠶ ᠶᠤᠸᠠᠮᠪᠣᠤ

( ᠮᠥᠭᠦ )


ᠭᠦᠭᠡᠷᠦᠭᠦᠨ ᠭᠡᠦᠭᠡᠨ

ᠭᠦᠪᠦᠩ ᠪᠣᠭᠤᠳᠠᠯ ᠲᠡᠶ

( ᠪᠦᠭᠡᠷ᠎ᠡ )


ᠪᠣᠷᠬᠠᠨ ᠤ ᠭᠡᠷ ᠲᠤ ᠣᠷᠤᠵᠤ ᠪᠣᠯᠬᠤ ᠦᠭᠡᠶ

ᠪᠣᠭᠤᠳᠠᠢ ᠶᠢᠨ ᠭᠤᠯᠢᠷ ᠢ ᠢᠳᠠᠵᠤ ᠪᠣᠯᠬᠤ ᠦᠭᠡᠶ

( ᠭᠠᠯ᠂ ᠦᠨᠡᠰᠤ )


ᠵᠠᠵᠢᠯᠠᠬᠤ ᠠᠮᠠ ᠲᠡᠶ

ᠵᠠᠯᠭᠢᠬᠤ ᠬᠤᠭᠤᠯᠠᠢ ᠦᠭᠡᠶ

( ᠬᠠᠢ᠌ᠴᠢ )


ᠳᠠᠮᠤᠷ ᠪᠣᠬ᠎ᠠ

ᠮᠤᠳᠤᠨ ᠲᠦᠷᠦ ᠲᠡᠶ

( ᠰᠥᠭᠡ )


ᠳᠤᠯᠤᠭᠠᠢ ᠨᠢ

ᠪᠠᠶ᠎ᠠ ᠳᠤ ᠪᠠᠨ ᠳᠠᠢ᠌ᠰᠤᠨ

( ᠴᠣᠢ᠌ᠳᠧᠩ )


ᠶᠠᠩᠪᠠ ᠨᠢ ᠶᠡᠭᠡ ᠴᠤ

ᠶᠠᠰᠤ ᠨᠢ ᠭᠡᠪᠠᠷᠡᠭ᠌

( ᠭᠦᠵᠢ )


ᠭᠡᠮ ᠦᠭᠡᠶ ᠪᠠᠶᠠᠨ

ᠭᠡᠯᠡ ᠦᠭᠡᠶ ᠰᠠᠴᠠᠨ

( ᠰᠤᠸᠠᠮᠫᠠᠨ )


ᠭᠠᠭᠴᠠ ᠮᠤᠳᠤ ᠭᠠᠨᠢᠷ ᠭᠠᠨᠢᠷ

ᠭᠠᠵᠠᠷ ᠣᠰᠤ ᠨᠢᠷ ᠨᠢᠷ

( ᠠᠢ᠌ᠷᠠᠭ ᠪᠦᠯᠢᠭᠦ )


ᠡᠷᠡᠭᠡᠢ ᠶᠢᠨ ᠴᠢᠨᠡᠭᠡᠨ ᠪᠠᠶ᠎ᠠ ᠲᠡᠶ

ᠡᠷᠭᠢᠮ ᠵᠢᠷᠭᠤᠭᠠᠨ ᠳᠠᠯ᠎ᠠ ᠲᠡᠶ

( ᠱᠠᠭ᠎ᠠ )


ᠵᠠᠭᠤᠨ ᠨᠢ᠋ᠮᠠᠨ ᠪᠠᠠᠳᠠᠢ

ᠨᠢᠭᠡ ᠵᠠᠮ ᠶᠢᠡᠷ ᠭᠦᠶ‍ᠦᠯᠳᠦᠨ᠎ᠡ

( ᠮᠠᠨᠢ ᠳᠤᠭᠠᠯᠠᠬᠤ )


ᠮᠠᠯᠳᠠᠭᠠᠤᠨ ᠪᠠᠢ᠌ᠪᠠᠯ ᠣᠷᠳᠤᠳᠤᠨ᠎ᠠ

ᠱᠤᠯᠤᠭᠠᠤᠨ ᠪᠠᠢ᠌ᠪᠠᠯ ᠪᠦᠳᠦᠭᠦᠷᠡᠨ᠎ᠡ

( ᠬᠤᠤᠠᠳᠤᠭ ᠮᠠᠯᠳᠠᠬᠤ )


ᠴᠢᠩᠨᠠᠭᠴᠢ ᠶᠢᠨ ᠭᠠᠳᠠᠭ᠎ᠠ

ᠴᠠᠭᠠᠨ ᠳᠠᠭ᠎ᠠ ᠣᠶᠠᠭᠠᠳᠠᠢ

( ᠡᠭᠡᠮᠦᠭ᠌ )


ᠡᠭᠦᠳᠡ ᠦᠭᠡᠶ ᠭᠡᠷ ᠲᠤ

ᠦᠢ᠌ ᠲᠦᠮᠡᠨ ᠴᠡᠷᠢᠭ᠌

( ᠭᠤᠧᠨ ᠶᠢᠨ ᠦᠷ᠎ᠡ )


ᠶᠠᠳᠠᠮᠠᠭ ᠡᠮᠡᠭᠡᠨ

ᠴᠢᠳᠠᠮᠠᠭ ᠰᠢᠪᠦᠭᠡ ᠲᠡᠶ

( ᠰᠢᠮᠠᠭᠤᠯ )


ᠰᠠᠭᠤᠪᠠᠯ ᠶᠠᠠᠳᠤᠩ

ᠵᠤᠭᠰᠤᠪᠠᠯ ᠪᠠᠠᠳᠠᠩ

( ᠨᠤᠬᠠᠢ )


ᠴᠠᠭᠯᠠᠰᠢ ᠦᠭᠡᠶ ᠰᠠᠢ᠌ᠬᠠᠨ ᠥᠩᠭᠡᠳᠡᠢ

ᠮᠥᠩᠭᠦᠨ ᠴᠠᠭᠠᠨ ᠴᠡᠴᠡᠭ᠌

ᠦᠷ᠎ᠡ ᠰᠠᠴᠤᠬᠤ ᠦᠭᠡᠶ ᠪᠠᠢ᠌ᠳᠠᠯ᠎ᠠ

ᠡᠪᠦᠯ ᠴᠠᠭ ᠲᠤ ᠳᠡᠯᠭᠡᠷᠡᠨ᠎ᠡ

( ᠴᠠᠰᠤ )


ᠭᠦᠪᠦᠩ ᠭᠡᠭᠦ ᠳᠤ ᠨᠤᠤᠯᠤᠷ ᠦᠭᠡᠶ

ᠭᠦᠡᠵᠢᠯᠡ ᠭᠡᠭᠦ ᠳᠤ ᠵᠠᠬ᠎ᠠ ᠦᠭᠡᠶ

ᠭᠤᠯᠢᠷ ᠭᠡᠭᠦ ᠳᠤ ᠣᠰᠤ ᠲᠡᠶ

ᠣᠰᠤ ᠭᠡᠭᠦ ᠳᠤ ᠮᠥᠭᠦᠯᠢᠭ᠌ ᠲᠡᠶ

( ᠴᠠᠰᠤ )


ᠴᠡᠩᠭᠡᠷ ᠴᠡᠩᠭᠡᠷ ᠫᠠᠩᠰᠠᠨ ᠭᠦᠰᠢᠭᠡ

ᠴᠠᠪᠠᠷ ᠳᠤᠩᠭ᠋ᠠᠯᠠᠭ ᠰᠡᠷᠢᠭᠦᠨ ᠭᠦᠰᠢᠭᠡ

ᠬᠠᠩᠭ᠋ᠠᠢ ᠳᠡᠯᠡᠭᠡᠢ ᠶᠢ ᠴᠢᠮᠡᠳᠡᠭ᠌ ᠭᠦᠰᠢᠭᠡ

ᠬᠠᠯᠠᠭᠤᠨ ᠨᠠᠷᠠᠨ ᠳᠤ ᠰᠡᠭᠦᠭ᠍ᠳᠡᠳᠡᠭ᠌ ᠭᠦᠰᠢᠭᠡ

( ᠮᠠᠨᠠᠨ )


ᠳᠠᠩᠭ᠋ᠤᠳ ᠤᠨ ᠳᠠᠪᠤᠨ ᠨᠤᠬᠠᠢ ᠶᠢ

ᠦᠳᠡᠰᠢ ᠳᠠᠯᠪᠢᠭᠠᠤᠨ ᠥᠷᠯᠦᠭᠡ ᠣᠶᠠᠨ᠎ᠠ

(ᠲ᠋ᠤᠪᠴᠢ ᠰᠢᠯᠪᠢ )


ᠨᠤᠶᠠᠨ ᠰᠢᠭ ᠵᠢᠩᠰᠠ ᠲᠡᠶ

ᠨᠤᠬᠠᠢ ᠰᠢᠭ ᠰᠠᠭᠤᠳᠠᠯ ᠲᠡᠶ

ᠳᠡᠮᠡᠭᠡ ᠰᠢᠭ᠌ ᠭᠦᠵᠦᠭᠦᠤ ᠲᠡᠶ

ᠳᠡᠷᠭᠡ ᠰᠢᠭ᠌ ᠭᠡᠳᠡᠰᠤ ᠲᠡᠶ

( ᠳᠠᠪᠣᠷ᠎ᠠ )


ᠬᠤᠩ ᠭᠡᠷᠢᠶ᠎ᠡ ᠬᠤᠰᠢᠭᠤ ᠳᠤᠭᠤᠷᠢᠨ᠎ᠠ

ᠬᠤᠶᠠᠷ ᠮᠤᠭᠠᠢ ᠳᠠᠭᠠᠵᠤ ᠳᠤᠭᠤᠷᠢᠨ᠎ᠠ

( ᠭᠤᠳᠤᠯ ᠱᠠᠬᠠᠢ ᠣᠯᠠᠯᠠᠬᠤ )


ᠡᠪᠠᠰᠤ ᠦᠭᠡᠶ ᠳᠤᠭᠤᠷᠢᠮ ᠣᠷᠤᠭᠤ

ᠡᠭᠦᠯᠡ ᠦᠭᠡᠶ ᠪᠣᠷᠤᠭ᠎ᠠ ᠣᠷᠤᠨ᠎ᠠ

( ᠳᠤᠭᠤᠭᠠᠨ ᠳᠤ ᠣᠰᠤ ᠭᠢᠭᠦ )


ᠭᠡᠵᠢᠭᠡ ᠨᠢ ᠭᠠᠳᠠᠨ᠎ᠠ

ᠭᠡᠳᠡᠰᠤ ᠨᠢ ᠰᠢᠷᠤᠢ ᠳᠤ

( ᠰᠤᠩᠭᠢᠨ᠎ᠠ )


ᠡᠩ ᠦᠭᠡᠶ ᠶᠡᠭᠡ

ᠳᠠᠩ ᠦᠭᠡᠶ ᠭᠦᠭᠡ

( ᠳᠡᠭ᠍ᠷᠢ᠂ ᠣᠭᠳᠠᠷᠭᠤᠢ )


ᠪᠢ ᠮᠠᠯᠳᠠᠨ᠎ᠠ

ᠪᠦᠵᠦᠩ ᠭᠡᠪᠳᠡᠨ᠎ᠡ

( ᠭᠠᠯ ᠮᠠᠨᠠᠬᠤ )


ᠶᠡᠭᠡ ᠠᠭᠤᠯᠠ ᠶᠢᠨ ᠣᠷᠤᠢ ᠳᠤ

ᠢᠭᠢᠷ᠎ᠠ ᠬᠤᠶᠠᠷ ᠪᠦᠷᠭᠦᠤᠨ

( ᠳᠡᠮᠡᠭᠡᠨ ᠪᠦᠭᠦ )


ᠣᠯᠠᠭᠠᠨ ᠳᠠᠭᠢᠶ᠎ᠠ

ᠨᠤᠭᠤᠭᠠᠨ ᠥᠷᠪᠠᠯᠭᠡ ᠲᠡᠶ

( ᠣᠯᠠᠭᠠᠨ ᠯᠤᠤᠪᠠᠩ )


ᠶᠠᠩᠭᠢᠷ ᠢᠮᠠᠭ᠎ᠠ

ᠶᠠᠰᠤᠨ ᠭᠦᠵᠡᠭᠡ ᠲᠡᠶ

( ᠴᠢᠪᠠᠭ᠎ᠠ )


ᠭᠠᠯ ᠳᠤ ᠰᠢᠳᠠᠳᠠᠭ ᠦᠭᠡᠶ

ᠣᠰᠤᠨ ᠳᠤ ᠵᠢᠪᠦᠳᠡᠭ᠌ ᠦᠭᠡᠶ

( ᠮᠦᠰᠤ )


ᠴᠡᠩᠭᠡᠷᠳᠤ ᠶᠢᠨ ᠳᠡᠭᠡᠭᠦᠷ

ᠴᠢᠮᠡᠭᠡ ᠦᠭᠡᠶ ᠨᠡᠭᠦᠳᠡᠯ

( ᠡᠭᠦᠯᠡ )


ᠠᠪᠣ ᠶᠢᠨ ᠳᠠᠪᠠᠯ ᠢ ᠠᠯᠳᠠᠯᠠᠵᠤ ᠪᠣᠯᠬᠤ ᠦᠭᠡᠶ

ᠡᠵᠢ ᠶᠢᠨ ᠳᠠᠪᠠᠯ ᠢ ᠡᠪᠭᠡᠵᠤ ᠪᠣᠯᠬᠤ ᠦᠭᠡᠶ

( ᠳᠡᠭ᠍ᠷᠢ᠂ ᠭᠠᠵᠠᠷ )


ᠲᠦᠮᠡᠨ ᠬᠤᠨᠢ ᠨᠢ ᠪᠠᠯᠴᠢᠭᠡᠳ ᠶᠠᠪᠣᠬᠤ ᠳᠤ

ᠳᠦᠡᠳᠦᠭᠡᠷ ᠬᠤᠴᠠ ᠣᠠᠳᠠᠭᠠᠤᠨ ᠬᠤᠴᠤᠷᠤᠨ᠎ᠠ

( ᠣᠳᠤᠳ᠂ ᠰᠠᠷᠠ )


ᠭᠦᠭᠦ ᠶᠢ ᠨᠢ ᠮᠥᠮᠦᠭᠡᠳ

ᠭᠦᠢᠰᠤ ᠶᠢ ᠨᠢ ᠰᠢᠷᠠᠨ᠎ᠠ

( ᠭᠠᠩᠰᠠ ᠪᠠᠷ ᠳᠠᠮᠠᠭᠢ ᠳᠠᠳᠠᠬᠤ )


ᠭᠦᠵᠦᠭᠦᠤ ᠦᠭᠡᠶ ᠳᠡᠮᠡᠭᠡ

ᠳᠠᠯ᠎ᠠ ᠶᠢᠨ ᠡᠪᠠᠰᠤ ᠶᠢ ᠪᠠᠷᠠᠨ᠎ᠠ

( ᠵᠤᠤᠬ᠎ᠠ )


ᠠᠯᠢᠶ᠎ᠠ ᠪᠠᠠᠳᠠᠢ

ᠠᠯᠠ ᠪᠠᠷ ᠶᠢᠡᠨ ᠨᠠᠭᠠᠳᠤᠨ᠎ᠠ

( ᠬᠤᠩᠬᠤ )


ᠬᠠᠷᠠᠬᠤ ᠳᠤ ᠣᠢ᠌ᠷ᠎ᠠ

ᠬᠠᠵᠠᠬᠤ ᠳᠤ ᠬᠤᠯᠠ

( ᠭᠠᠷ ᠤᠨ ᠠᠯᠠᠭ᠎ᠠ )


ᠳᠤᠭᠳᠠᠬᠤ ᠨᠢ ᠭᠠᠵᠠᠷ ᠲᠤ

ᠳᠤᠳᠤᠷᠠᠬᠤ ᠨᠢ ᠣᠭᠳᠠᠷᠭᠤᠢ ᠳᠤ

( ᠭᠠᠯ )


ᠬᠠᠷ᠎ᠠ ᠥᠭᠡᠷ

ᠬᠠᠪᠢᠷᠭ᠎ᠠ ᠪᠠᠷ ᠶᠢᠡᠨ ᠰᠢᠭᠡᠨ᠎ᠡ

(ᠲ᠋ᠠᠪᠣᠷ᠎ᠠ )


ᠵᠠᠬ᠎ᠠ ᠥᠭᠡ ᠳᠤᠷᠭᠠᠨ ᠳᠡᠭᠡᠷ᠎ᠡ

ᠵᠠᠮᠪᠠᠷᠠᠭ᠎ᠠ ᠦᠭᠡᠶ ᠰᠤᠪᠣᠤᠨ

( ᠣᠳᠤ )


ᠵᠠᠮ ᠳᠡᠭᠡᠷ᠎ᠡ

ᠽᠠᠠᠳᠠᠨ ᠠᠶᠠᠭ᠎ᠠ ᠣᠷᠤᠯᠳᠤᠨ᠎ᠠ

( ᠮᠤᠷᠢᠨ ᠳᠤᠭᠤᠷᠠᠢ )


ᠬᠤᠷᠭᠤᠤᠯ ᠤᠨ ᠴᠢᠨᠡᠭᠡᠨ ᠳᠤᠭᠤᠭᠠᠨ ᠳᠤ

ᠬᠤᠤᠷ ᠪᠣᠴᠠᠯᠠᠭᠠᠨ᠎ᠠ᠃

( ᠭᠠᠩᠰᠠ ᠪᠠᠷ ᠳᠠᠮᠠᠭᠢ ᠳᠠᠳᠠᠬᠤ )


ᠱᠦᠯᠦ ᠶᠢ ᠨᠢ ᠣᠤᠭᠤᠭᠠᠤᠨ

ᠮᠢᠬ᠎ᠠ ᠶᠢ ᠨᠢ ᠢᠳᠡᠳᠡᠭ᠌ ᠦᠭᠡᠶ

( ᠴᠠᠢ )


ᠠᠯᠤᠰ ᠡᠴᠡ ᠦᠵᠡᠪᠠᠯ ᠡᠭᠦᠯᠡᠨ ᠪᠦᠮᠪᠦᠭᠡ

ᠠᠪᠴᠢᠷᠠᠭᠠᠤᠨ ᠦᠵᠡᠪᠠᠯ ᠥᠭᠡᠭᠦᠨ ᠪᠦᠮᠪᠦᠭᠡ

( ᠬᠤᠨᠢ )


ᠪᠢᠳᠡᠭᠦᠤ ᠯᠤᠩᠬᠤᠨ ᠳᠤᠳᠤᠷ᠎ᠠ

ᠬᠤᠶᠠᠷ ᠶᠠᠩᠵᠤ ᠶᠢᠨ ᠳᠤᠰᠤ ᠲᠡᠶ

( ᠥᠡᠳᠡᠭᠡ )


ᠳᠡᠭᠡᠪᠦᠷ ᠢᠰᠡᠭᠡᠢ

ᠳᠡᠯᠡᠭᠡᠢ ᠶᠢ ᠪᠦᠳᠡᠭᠡᠨ᠎ᠡ

( ᠴᠠᠰᠤ )


ᠪᠣᠳᠤᠪᠠᠴᠤ ᠬᠠᠷ᠎ᠠ

ᠪᠣᠯᠠᠪᠠᠴᠤ ᠢᠯᠠ

( ᠰᠡᠭᠦᠳᠡᠷ )


ᠬᠠᠭᠠᠨ ᠡᠷᠦᠭᠡ ᠪᠠᠨ ᠰᠡᠭᠦᠭᠦᠯᠡᠷ

ᠵᠠᠭᠠᠨ ᠠᠳᠤᠭᠤ ᠪᠠᠨ ᠬᠤᠷᠢᠶᠠᠨ᠎ᠠ

( ᠦᠷ ᠴᠠᠢ᠌ᠵᠤ ᠣᠳᠤᠳ ᠵᠠᠮᠬᠠᠷᠠᠬᠤ )


ᠭᠦᠳᠡᠭᠡ ᠳᠤ

ᠭᠦᠭᠡ ᠳᠤᠬᠤᠮ

( ᠨᠠᠭᠤᠷ )


ᠶᠡᠭᠡ ᠠᠭᠤᠯᠠ ᠶᠢᠨ ᠣᠷᠤᠢ ᠳᠤ

ᠢᠭᠢᠷ᠎ᠠ ᠬᠤᠶᠠᠷ ᠪᠦᠷᠭᠦᠤᠨ

( ᠳᠡᠮᠡᠭᠡᠨ ᠪᠦᠭᠦ )


ᠬᠠᠷᠠᠬᠤ ᠳᠤ ᠭᠦᠢᠳᠡᠨ

ᠪᠠᠷᠢᠬᠤ ᠳᠤ ᠪᠦᠯᠢᠶᠡᠨ

( ᠥᠭᠡᠷ ᠤᠨ ᠡᠪᠠᠷ )


ᠰᠠᠭᠤᠮᠠᠯ ᠪᠣᠷᠬᠠᠨ

ᠭᠦᠶ‍ᠦᠮᠡᠯ ᠰᠢᠷᠡᠭᠡ

( ᠮᠤᠷᠢᠳᠠᠢ ᠭᠦᠮᠤᠨ )


ᠡᠷᠭᠡ ᠰᠢᠷ᠎ᠠ ᠳᠠᠭ᠎ᠠ

ᠡᠷ᠎ᠡ ᠶᠢᠨ ᠭᠤᠷᠪᠠᠨ ᠰᠢᠠᠵᠢ ᠲᠡᠶ

( ᠱᠠᠭ᠎ᠠ )


ᠳᠦᠷᠪᠡᠯᠵᠢᠨ ᠪᠠᠶ᠎ᠠ ᠳᠤ ᠪᠠᠨ

ᠲᠦᠷᠦ ᠪᠣᠯᠢᠶᠠᠯᠳᠤᠨ᠎ᠠ

ᠳᠦᠷᠦᠭ᠍ᠰᠡᠨ ᠪᠠᠶ᠎ᠠ ᠳᠤ ᠪᠠᠨ

ᠣᠬᠠᠭᠠᠨ ᠪᠣᠯᠢᠶᠠᠯᠳᠤᠨ᠎ᠠ

( ᠰᠢᠳᠠᠷ᠎ᠠ ᠳᠤᠭᠯᠠᠬᠤ )


ᠵᠤᠬᠢᠶᠠᠭᠴᠢ ᠶᠢᠨ ᠬᠠᠶ‍ᠢᠭ ᠄ ᠵᠠᠷᠤᠳ ᠬᠤᠰᠢᠭᠤ

ᠵᠤᠬᠢᠶᠠᠭᠴᠢ᠄ ᠤᠶᠤᠨᠭᠡᠷᠡᠯ ᠡᠮᠬᠢᠳᠭᠡᠪᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠤᠶᠤᠯ ᠣᠷᠠᠯᠢᠭ
ᠳᠠᠷᠤᠮ᠄ 2144
ᠴᠠᠭ᠄ 2009 ᠤᠨ ᠤ 12 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁