ᠠᠭᠯᠠᠭ ᠠᠭᠤᠯᠠᠨ ᠤ ᠴᠠᠭᠠᠳᠬᠠᠯ

    ᠨᠢᠭᠡ


ᠬᠤᠭᠤᠷᠤᠠᠳᠤ ᠪᠠᠨ ᠬᠠᠷ ᠬᠤᠷ ᠴᠤᠤᠭᠢᠯᠳᠤᠨ ᠣᠢ᠌ᠮᠠᠯᠳᠤᠨ

ᠬᠠᠨᠤᠰᠢ ᠦᠭᠡᠶ ᠬᠤᠪᠢ ᠶᠢᠨ ᠢᠳᠡᠭᠡᠯ ᠳᠤ ᠪᠠᠨ ᠭᠦᠳᠦᠯᠦᠭ᠍ᠳᠤᠨ

ᠠᠭᠤᠯᠠ ᠰᠦᠷᠦᠭᠯᠡᠨ ᠣᠷᠭᠤᠨ᠎ᠠ


ᠪᠠᠷᠠᠭᠠᠨ ᠪᠣᠳᠤᠯ ᠳᠤ ᠪᠠᠨ ᠪᠠᠷᠳᠡᠭ᠍ᠰᠢᠨ ᠬᠠᠷ᠎ᠠ ᠳᠠᠷᠤᠨ

ᠪᠦᠷᠭᠦᠭ᠌ ᠭᠡᠷᠡᠯ ᠬᠠᠯᠠᠭᠤᠨ ᠭᠦᠢᠳᠡᠨ ᠢ ᠭᠠᠳᠠᠨ᠎ᠠ ᠪᠠᠨ ᠳᠦᠭ᠍ᠵᠢᠨ

ᠠᠭᠤᠯᠠ ᠬᠤᠯᠪᠣᠯᠳᠠᠨ ᠦᠨᠳᠦᠷᠯᠠᠨ᠎ᠡ᠁


    ᠬᠤᠶᠠᠷ


ᠶᠡᠭᠦᠷᠡᠭᠦ ᠶᠢ ᠭᠦᠰᠡᠭᠦ ᠦᠭᠡᠶ ᠪᠣᠰᠤᠭ᠎ᠠ ᠨᠢᠭᠤᠴᠠ ᠲᠦᠯᠭᠢᠭᠦᠷ ᠪᠣᠯᠤᠭᠰᠠᠨ ᠶᠤᠮ

ᠶᠠᠷᠤ ᠪᠣᠰᠤ ᠶᠢᠨ ᠭᠡᠭᠡᠪᠴᠢ ᠪᠣᠳᠤᠯ ᠤᠨ ᠨᠥᠮᠵᠦᠭ᠌ ᠴᠠᠭᠠᠨ ᠵᠢᠭᠦᠷ ᠪᠣᠯᠤᠭᠰᠠᠨ ᠶᠤᠮ

ᠰᠢᠯᠦᠭ᠌ ᠶᠢᠡᠷ ᠭᠦᠢᠰᠤ ᠳᠡᠮᠳᠡᠷᠢᠭᠦ ᠦᠭᠡᠶ ᠰᠢᠷᠦᠭᠦᠨ ᠬᠠᠷᠠᠴᠠ ᠪᠣᠯᠤᠭᠰᠠᠨ ᠶᠤᠮ

ᠰᠢᠯᠢ ᠳᠠᠯ᠎ᠠ ᠪᠠᠨ ᠬᠠᠷᠠᠭᠤᠯᠳᠠᠭᠰᠠᠨ ᠦᠯᠴᠢᠷᠭᠡᠨ ᠡᠪ ᠤᠨ ᠬᠠᠰᠭᠢᠷᠤᠯ ᠪᠣᠯᠤᠭᠰᠠᠨ ᠶᠤᠮ᠁


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠤ ᠲᠦᠰᠢᠶᠠᠳᠤ

ᠵᠤᠬᠢᠶᠠᠭᠴᠢ᠄ ᠡᠷᠳᠡᠨᠢᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1180
ᠴᠠᠭ᠄ 2012 ᠤᠨ ᠤ 12 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁