ᠢᠨᠠᠭ ᠳᠤᠷᠠᠯᠠᠯ

ᠴᠤᠯᠮᠤᠨ ᠣᠳᠤ ᠲᠡᠶ ᠳᠠᠩᠴᠠᠵᠤ ᠴᠢᠳᠠᠬᠤ ᠦᠭᠡᠶ ᠴᠤ

ᠴᠤᠩᠬᠤᠨ ᠳᠤ ᠭᠡᠵᠢᠶᠡᠳᠡ ᠳᠤᠯᠠᠢ᠌ᠵᠤ ᠪᠠᠢ᠌ᠳᠠᠭ ᠨᠢ

ᠴᠤᠭᠳᠠᠢ ᠭᠢᠯᠠᠯᠵᠠᠭᠰᠠᠨ ᠰᠠᠤᠠᠭᠢᠯ ᠤᠨ ᠣᠨᠢᠰᠤ ᠶᠢᠨ

ᠴᠤᠷ ᠤᠨ ᠭᠠᠭᠴᠠ ᠬᠠᠢ᠌ᠷ᠎ᠠ ᠶᠢᠨ ᠳᠦᠯᠭᠢᠭᠦᠷ ᠶᠤᠮ᠃

ᠣᠷᠭᠢᠯ ᠬᠠᠢ᠌ᠷᠬᠠᠨ ᠰᠢᠭ ᠰᠡᠭᠦᠢᠵᠤ ᠴᠢᠳᠠᠬᠤ ᠦᠭᠡᠶ ᠴᠤ

ᠣᠮᠤᠭ ᠢ ᠮᠢᠨᠢ ᠡᠭᠦᠷᠢᠳᠡ ᠳᠠᠳᠠᠵᠤ ᠪᠠᠢ᠌ᠳᠠᠭ ᠨᠢ

ᠣᠳᠤᠳᠠᠢ ᠭᠡᠷᠡᠯᠳᠦᠭ᠍ᠰᠡᠨ ᠳᠤᠷᠠᠯᠠᠯ ᠤᠨ ᠣᠨᠢᠰᠤ ᠶᠢᠨ

ᠣᠭᠤ ᠭᠠᠭᠴᠠ ᠢᠨᠠᠭ ᠤᠨ ᠳᠦᠯᠭᠢᠭᠦᠷ ᠶᠤᠮ᠃

ᠳᠠᠷᠠ ᠣᠨᠢᠰᠤ ᠴᠢᠮ᠎ᠠ ᠳᠤ ᠪᠠᠢ᠌ᠭ᠎ᠠ ᠪᠣᠯᠬᠤᠷ

ᠳᠠᠮᠠᠤᠯᠠᠵᠤ ᠶᠠᠪᠣᠭ᠎ᠠ ᠭᠠᠯ ᠵᠢᠷᠦᠭᠡ ᠶᠢ ᠵᠤᠷᠢᠭᠠᠤᠨ

ᠳᠠᠮᠤᠷ ᠰᠢᠭᠤᠷᠭᠠᠨ ᠳᠤ ᠴᠤ ᠥᠵᠢᠷᠡᠭᠡᠨ ᠦᠭᠡᠶ

ᠳᠠᠷᠠ ᠯᠠ ᠴᠢᠭ᠌ ᠶᠢᠡᠷ ᠶᠢᠡᠨ ᠳᠠᠩᠭᠢᠨᠠᠬᠤ ᠶᠤᠮ᠃

ᠡᠨᠡ ᠳᠦᠯᠭᠢᠭᠦᠷ ᠨᠠᠳᠠ ᠳᠤ ᠪᠠᠢ᠌ᠭ᠎ᠠ ᠪᠣᠯᠬᠤᠷ

ᠡᠷᠭᠡᠯᠡᠨ ᠣᠭᠳᠤᠭ᠎ᠠ ᠨᠠᠷᠠᠨ ᠶ‍ᠢᠷᠳᠢᠠᠴᠤ ᠶᠢ ᠳᠦᠷᠦᠭᠡᠯᠡᠭᠡᠤᠨ

ᠡᠪᠦᠯ ᠤᠨ ᠪᠣᠷᠤᠭᠠᠨ ᠳᠤ ᠴᠤ ᠵᠢᠪᠠᠷᠡᠭᠡᠨ ᠦᠭᠡᠶ

ᠡᠨᠡ ᠯᠠ ᠴᠢᠭ᠌ ᠶᠢᠡᠷ ᠶᠢᠡᠨ ᠬᠠᠩᠭᠢᠨᠠᠬᠤ ᠶᠤᠮ᠃

ᠵᠤᠬᠢᠶᠠᠭᠴᠢ᠄ ᠵᠢ᠊·ᠠᠩᠭᠢᠷ
ᠢᠷᠡᠯᠲᠡ᠄ ᠵᠤᠬᠢᠶᠠᠭᠴᠢ ᠡᠴᠡ ᠬᠠᠩᠭᠠᠪᠠ
ᠳᠠᠷᠤᠮ᠄ 5699
ᠴᠠᠭ᠄ 2007 ᠤᠨ ᠤ 04 ᠰᠠᠷ᠎ᠠ ᠶᠢᠨ 07
ᠪᠢᠴᠢᠭ᠍‍ᠯᠡᠭᠴᠢ᠄ ᠪᠦᠬᠡᠡᠷᠳᠡᠨᠢ
ᠨᠠᠢ᠌ᠷᠠᠭᠤᠯᠤᠭᠴᠢ᠄ ᠪᠦᠬᠡᠡᠷᠳᠡᠨᠢ
ᠲᠤᠰ ᠵᠤᠬᠢᠶᠠᠯ ᠢ ᠪᠦᠷᠭᠡ ᠳᠡᠭᠡᠨ ᠬᠠᠳᠠᠭᠠᠯᠠᠬᠤ
ᠰᠢᠭᠦᠮᠵᠢ ᠪᠢᠴᠢᠬᠦ
ᠨᠡᠪᠲᠡᠷᠡᠨ ᠤᠷᠤᠭᠠᠷᠠᠢ᠃
ᠨᠡᠪᠲᠡᠷᠡᠨ ᠤᠷᠤᠪᠠᠯ ᠰᠠᠶ‍ᠢ ᠰᠢᠭᠦᠮᠵᠢ ᠪᠢᠴᠢᠵᠦ ᠳᠡᠢ᠌ᠯᠦᠨ᠎ᠡ᠃

ᠪᠠᠢ᠌ᠷᠢ᠄ ᠮᠤᠩᠭ᠋ᠤᠯ ᠬᠡᠪ ᠰᠢᠯᠦᠭ - ᠢᠨᠠᠭ ᠳᠤᠷᠠᠯᠠᠯ