ᠴᠠᠭᠠᠨ ᠭᠡᠷᠡᠮ

ᠴᠠᠭᠠᠨ ᠭᠡᠷᠡᠮ ᠰᠡᠳᠭᠢᠯ ᠳᠤ ᠪᠦᠳᠦᠴᠢᠨ ᠦᠨᠳᠠᠢ᠌ᠨ ᠳᠠᠯᠠᠳᠤᠨ ᠴᠢᠪᠬᠠᠳᠠᠨ᠎ᠠ

ᠴᠠᠭᠠᠳᠠᠢ ᠠᠭᠤᠯᠠ ᠵᠡᠭᠦᠳᠤᠨ ᠳᠤ ᠰᠠᠭᠠᠳᠠᠨ ᠰᠤᠭᠳᠤᠭᠤᠷᠠᠨ ᠢᠷᠠᠵᠤ ᠣᠩᠬᠤᠯᠠᠨ᠎ᠠ


ᠰᠡᠳᠭᠢᠯ ᠶᠢᠡᠨ ᠳᠠᠭᠠᠭ᠎ᠠ ᠶᠠᠳᠠᠳᠠᠯ᠎ᠠ ᠳᠡᠭᠡᠭᠡᠭ᠍ᠰᠡᠨ ᠬᠠᠰᠠᠭ ᠳᠡᠷᠭᠡ ᠶᠢᠨ ᠭᠢᠬᠤᠨᠠᠯ ᠣᠶᠠᠷᠠᠯ

ᠰᠡᠵᠢᠭᠦᠷᠳᠤ ᠰᠠᠷᠠᠨ ᠢ ᠡᠪᠭᠡᠷᠡᠳᠡᠯ᠎ᠡ ᠣᠭᠢᠯᠠᠭᠤᠯᠤᠨ ᠭᠦᠭᠡ ᠣᠭᠳᠠᠷᠭᠤᠢ ᠳᠤ ᠳᠡᠨᠦᠭᠦᠯᠤᠨ᠎ᠡ


ᠴᠠᠭᠠᠷᠠᠭᠰᠠᠨ ᠠᠶᠠᠯᠭᠤ ᠰᠡᠳᠭᠢᠯ ᠢ ᠴᠡᠭ᠍ᠴᠡᠯᠡᠨ ᠣᠳᠤᠳ ᠰᠢᠤᠬᠠᠨ ᠭᠢᠯᠠᠰᠤᠨ᠎ᠠ

ᠴᠠᠢ᠌ᠯᠵᠠᠭᠰᠠᠨ ᠭᠡᠷᠡᠮ ᠰᠢᠳᠤ ᠪᠠᠨ ᠵᠠᠭᠤᠨ ᠪᠣᠳᠤᠯ ᠤᠨ ᠮᠠᠨᠠᠨ ᠶᠢᠡᠨ ᠵᠠᠵᠢᠯᠤᠨ᠎ᠡ


ᠣᠯᠠᠭᠠᠨ ᠳᠡᠷᠭᠡᠯ ᠨᠠᠷᠠ ᠨᠢ ᠳᠤᠯᠤᠩ ᠶᠢᠡᠷ ᠶᠢᠡᠨ ᠡᠮᠳᠡᠷᠭᠡᠢ ᠰᠠᠯᠠᠮᠠᠨ ᠭᠡᠷᠡᠮ ᠢ

ᠣᠷᠢᠳᠤ ᠶᠢᠨ ᠳᠤᠮᠤᠭ ᠤᠨ ᠬᠤᠨ ᠤ ᠳᠠᠯᠠᠪᠴᠢ ᠪᠣᠯᠳᠠᠯ᠎ᠠ ᠦᠨᠦᠰᠤᠨ᠎ᠡ ᠁
ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠤ ᠳᠤᠮᠳᠠᠳᠤ ᠬᠤᠰᠢᠭᠤ

ᠵᠤᠬᠢᠶᠠᠭᠴᠢ᠄ ᠰᠤᠷᠴᠢᠨ
ᠬᠠᠷᠢᠶ᠎ᠠ᠄ ᠰᠢᠯᠦᠭ
ᠳᠠᠷᠤᠮ᠄ 1909
ᠴᠠᠭ᠄ 2012 ᠤᠨ ᠤ 03 ᠰᠠᠷ᠎ᠠ ᠶᠢᠨ 28