ᠮᠦᠩᠬᠡ ᠬᠦᠬᠡ ᠨᠠᠷᠠ
᠊᠊᠊᠊᠊᠊᠊᠊᠊᠊᠊᠊᠊᠊᠊ ᠶᠡᠭᠡ ᠴᠢᠩᠭᠢᠰ ᠤᠨ ᠮᠡᠡᠳᠦᠯᠡᠭ᠍ᠰᠡᠨ 840 ᠵᠢᠯ ᠤᠨ ᠣᠢ ᠳᠤ ᠪᠢᠴᠢᠪᠠ

(ᠮᠥᠴᠡᠯᠭᠡ ᠰᠢᠯᠦᠭ᠌)


ᠴᠢᠩᠭᠢᠰ

ᠴᠢᠨᠤ ᠳᠤᠷ᠎ᠠ ᠪᠠᠷ ᠶᠢᠡᠨ ᠭᠡᠯᠡᠭᠦ ᠥᠯᠢᠭᠡᠷ ᠪᠢᠰᠢ︕

ᠴᠢᠩᠭᠢᠰ

ᠴᠢᠨᠤ ᠵᠤᠷᠢᠭ ᠶᠢᠡᠷ ᠶᠢᠡᠨ ᠶᠠᠷᠢᠬᠤ ᠳᠡᠦᠭᠡ ᠴᠤ ᠪᠢᠰᠢ︕

ᠴᠢᠩᠭᠢᠰ ᠪᠣᠯ

ᠠᠷᠪᠠᠨ ᠭᠤᠷᠪᠠᠳᠤᠭᠠᠷ ᠵᠠᠭᠤᠨ ᠊ᠤ

ᠳᠡᠭ᠍ᠷᠢ ᠳᠤ ᠭᠢᠯᠠᠯᠵᠠᠭᠰᠠᠨ

ᠠᠯᠳᠠᠨ ᠨᠠᠷᠠᠨ︕

ᠴᠢᠩᠭᠢᠰ ᠪᠣᠯ

ᠠᠽᠢᠶ᠎ᠠ ᠧᠦ᠋ᠷᠤᠫᠠ ᠵᠢᠨ

ᠣᠭᠳᠠᠷᠭᠤᠢ ᠳᠤ ᠳᠤᠯᠠᠯᠵᠠᠭᠰᠠᠨ

ᠮᠥᠩᠭᠦᠨ ᠰᠠᠷᠠᠨ︕

ᠠᠤᠠᠬᠤᠭᠰᠠᠨ ᠢᠯᠳᠤᠨ ᠤ ᠭᠢᠨᠢ ᠭᠡᠷᠡᠯ ᠳ᠋ᠤᠨᠢ

ᠶ‍ᠢᠷᠳᠢᠠᠴᠤ ᠶᠢᠨ ᠶᠡᠭᠡ ᠬᠠᠭᠠᠰ ᠭᠢᠯᠠᠰ ᠭᠢᠵᠤ

ᠭᠡᠢ᠌ᠭ᠍ᠰᠡᠨ ᠪᠠᠢ᠌ᠪᠠ︕

ᠳᠡᠯᠡᠭ᠍ᠰᠡᠨ ᠨᠤᠮᠤᠨ ᠤ ᠭᠢᠨᠢ ᠭᠦᠴᠤᠨ ᠳ᠋ᠤᠨᠢ

ᠳᠡᠯᠡᠭᠡᠢ ᠶᠢᠨ ᠪᠦᠮᠪᠦᠷᠴᠡᠭ᠌ ᠣᠷᠤᠭᠰᠢ ᠪᠠᠨ ᠣᠬᠤᠰ ᠭᠡᠵᠤ

ᠪᠦᠮᠪᠦᠷᠢᠭ᠍ᠰᠡᠨ ᠪᠠᠢ᠌ᠪᠠ︕

ᠣᠨᠤᠭᠰᠠᠨ ᠭᠦᠯᠦᠭ᠌ ᠤᠨ ᠭᠢᠨᠢ ᠳᠤᠭᠤᠷᠠᠢ ᠳ᠋ᠤ

ᠠᠭᠤᠯᠠ ᠣᠰᠤ ᠢᠷᠠᠰ ᠭᠡᠵᠤ

ᠳᠡᠭ᠍ᠰᠢᠷᠡᠭ᠍ᠰᠡᠨ ᠪᠠᠢ᠌ᠪᠠ︕

ᠣᠶᠤᠨ ᠣᠬᠠᠭᠠᠨ ᠤ ᠭᠢᠨᠢ ᠳᠤᠶᠠᠭᠠᠨ ᠳ᠋ᠤᠨᠢ

ᠣᠷᠴᠢᠯᠠᠩ ᠤᠨ ᠣᠳᠤᠳ ᠳᠤᠯᠠᠰ ᠭᠡᠵᠤ

ᠭᠡᠷᠡᠯᠳᠦᠭ᠍ᠰᠡᠨ ᠪᠠᠢ᠌ᠪᠠ︕

ᠴᠢᠩᠭᠢᠰ ᠭᠡᠵᠤ ᠳᠠᠭᠤᠳᠠᠬᠤᠯᠠᠷ

ᠴᠢᠮᠡᠭᠡ ᠦᠭᠡᠶ ᠪᠠᠢ᠌ᠭᠰᠠᠨ ᠭᠦᠭᠡ ᠠᠭᠤᠯᠠᠰ

ᠳᠠᠭᠤ ᠠᠪᠣᠯᠴᠠᠵᠤ ᠴᠤᠤᠷᠢᠶᠠᠯᠠᠨ᠎ᠠ ᠭᠡᠳᠡᠭ᠌︕

ᠴᠢᠩᠭᠢᠰ ᠭᠡᠵᠤ ᠳᠠᠭᠤᠯᠠᠬᠤᠯᠠᠷ

ᠴᠡᠭᠡᠵᠢᠨ ᠳᠤ ᠠᠭᠰᠠᠨ ᠪᠣᠷᠤ ᠢᠷᠦᠭᠡᠯ

ᠰᠤᠳᠠᠯ ᠨᠡᠢ᠌ᠦᠡᠭᠡᠵᠤ ᠯᠤᠭᠰᠢᠯᠳᠤᠨ᠎ᠠ ᠭᠡᠳᠡᠭ᠌︕

ᠴᠢᠩᠭᠢᠰ ᠭᠡᠮᠡᠨ ᠰᠢᠳᠦᠭᠦ ᠳ᠋ᠤ

ᠣᠨᠤᠨ ᠮᠦᠷᠠᠨ ᠤ ᠠᠯᠳᠠᠨ ᠴᠠᠯᠭᠢᠶ᠎ᠠ

ᠡᠷᠭᠢ ᠪᠠᠨ ᠳᠠᠪᠠᠨ ᠭᠦᠭᠡᠰᠦᠷᠡᠨ᠎ᠡ ᠭᠡᠨᠡᠮ︕

ᠴᠢᠩᠭᠢᠰ ᠭᠡᠮᠡᠨ ᠮᠥᠷᠭᠦᠭᠦ ᠳ᠋ᠤ

ᠪᠣᠷᠬᠠᠨ ᠬᠠᠯᠳᠤᠨ ᠤ ᠴᠡᠭᠡᠨ ᠴᠢᠯᠠᠭᠤ

ᠥᠭᠡᠳᠡ ᠥᠭᠡᠳᠡ ᠪᠠᠨ ᠠᠰᠠᠨ᠎ᠠ ᠭᠡᠨᠡᠮ ᠡ︕

ᠴᠢᠩᠭᠢᠰ

ᠮᠢᠨᠤ ᠣᠮᠤᠷᠬᠠᠵᠤ ᠶᠠᠪᠣᠬᠤ ᠦᠨᠦᠳᠤᠷ ᠪᠢᠰᠢ︕

ᠴᠢᠩᠭᠢᠰ

ᠮᠢᠨᠤ ᠮᠠᠷᠳᠠᠵᠤ ᠣᠷᠭᠢᠬᠤ ᠥᠴᠦᠭᠡᠳᠦᠷ ᠴᠤ ᠪᠢᠰᠢ︕

ᠴᠢᠩᠭᠢᠰ ᠪᠣᠯ

ᠭᠦᠭᠡ ᠳᠤᠭ ᠲᠡᠶ ᠳᠡᠭ᠍ᠷᠢ ᠶᠢᠨ ᠭᠦᠤ︕

ᠴᠢᠩᠭᠢᠰ ᠪᠣᠯ

ᠭᠦᠭᠡ ᠴᠢᠰᠤ ᠲᠡᠶ ᠮᠤᠩᠭ᠋ᠤᠯ ᠤᠨ ᠡᠪᠦᠭᠡ︕

ᠳᠡᠭ᠍ᠷᠢ ᠭᠠᠵᠠᠷ ᠢ ᠣᠮᠤᠭ ᠶᠢᠡᠷ ᠶᠢᠡᠨ ᠭᠡᠮᠵᠢᠭ᠍ᠰᠡᠨ

ᠳᠡᠦᠭᠡ ᠢᠷᠡᠭᠡᠳᠦᠢ ᠶᠢ ᠳᠤᠮᠤᠭ ᠶᠢᠡᠷ ᠶᠢᠡᠨ ᠭᠡᠯᠭᠢᠭ᠍ᠰᠡᠨ

ᠳᠢᠪ ᠤᠨ ᠵᠠᠢ ᠶᠢ ᠭᠦᠯᠦᠭ᠌ ᠶᠢᠡᠷ ᠶᠢᠡᠨ ᠳᠤᠪᠭᠢᠭᠰᠠᠨ

ᠳᠡᠦᠭᠡᠨ ᠭᠦᠷᠳᠤ ᠶᠢ ᠰᠢᠯᠦᠭ᠌ ᠶᠢᠡᠷ ᠶᠢᠡᠨ ᠳᠦᠯᠭᠢᠭ᠍ᠰᠡᠨ

ᠮᠢᠩᠭ᠋ᠠᠨ ᠵᠢᠯ ᠳᠤ ᠭᠠᠭᠴᠠᠬᠠᠨ ᠣᠯᠳᠠᠬᠤ

ᠮᠢᠳᠠᠷᠠᠰᠢ ᠦᠭᠡᠶ ᠭᠠᠩ ᠵᠤᠷᠢᠭ︕

ᠲᠦᠮᠡᠨ ᠣᠨ ᠳᠤ ᠨᠢᠭᠡᠯᠭᠡᠨ ᠵᠠᠶᠠᠭᠠᠬᠤ

ᠳᠡᠭ᠍ᠷᠢᠯᠢᠭ᠌ ᠡᠵᠡᠨ ᠴᠢᠩᠭᠢᠰ ᠪᠣᠭᠳᠠ︕

ᠨᠢ᠋ᠮᠠᠨ ᠵᠠᠭᠤᠨ ᠵᠢᠯ ᠤᠨ ᠡᠮᠦᠨᠡᠭᠢ

ᠮᠤᠩᠭ᠋ᠤᠯ ᠭᠦᠮᠤᠨ︕

ᠨᠢ᠋ᠮᠠᠨ ᠵᠠᠭᠤᠨ ᠵᠢᠯ ᠤᠨ ᠬᠣᠢ᠌ᠨᠠᠭᠢ

ᠮᠤᠩᠭ᠋ᠤᠯ ᠬᠠᠷᠠᠮᠰᠠᠯ︕

ᠨᠤᠴᠤᠵᠤ ᠳᠡᠯᠪᠠᠷᠡᠭ᠍ᠰᠡᠨ

ᠮᠤᠩᠭ᠋ᠤᠯ ᠭᠠᠯᠳᠤ ᠠᠭᠤᠯᠠ

ᠨᠤᠷᠮᠠᠯᠠᠵᠤ ᠬᠠᠳᠠᠭᠠᠯᠠᠭᠰᠠᠨ

ᠮᠤᠩᠭ᠋ᠤᠯ ᠨᠢᠭᠤᠴᠠ ᠳᠤᠪᠴᠢᠶᠠᠨ

ᠴᠢᠩᠭᠢᠰ᠂ ᠴᠢᠩᠭᠢᠰ᠂ ᠴᠢᠩᠭᠢᠰ ᠁

ᠴᠢᠰᠤ ᠪᠠᠨ ᠭᠠᠵᠠᠷ ᠲᠠᠭᠠᠨ ᠠᠰᠬᠠᠭᠰᠠᠨ

ᠶᠠᠰᠤ ᠪᠠᠨ ᠳᠡᠭ᠍ᠷᠢ ᠳᠡᠭᠡᠨ ᠣᠷᠤᠰᠢᠭᠤᠯᠤᠭᠰᠠᠨ

ᠶᠤᠰᠤ ᠪᠠᠨ ᠬᠣᠢ᠌ᠴᠢ ᠳᠠᠭᠠᠨ ᠥᠯᠡᠳᠡᠭᠡᠭ᠍ᠰᠡᠨ

ᠨᠠᠰᠤ ᠪᠠᠨ ᠬᠤᠷᠸ᠎ᠠ ᠳᠤ ᠮᠥᠩᠭᠡᠯᠡᠭ᠍ᠰᠡᠨ

《ᠨᠢᠭᠡ ᠦᠶ᠎ᠡ ᠶᠢᠨ ᠳᠡᠭ᠍ᠷᠢᠯᠢᠭ᠌ ᠭᠦᠪᠠᠭᠦᠨ》

ᠮᠢᠩᠭ᠋ᠠᠨ ᠦᠶ᠎ᠡ ᠶᠢᠨ ᠠᠷᠤᠤᠬᠠᠨ ᠪᠠᠭᠠᠳᠤᠷ︕

ᠮᠤᠷᠢᠨ ᠨᠢᠷᠤᠭᠤᠨ ᠳᠡᠭᠡᠷᠡᠭᠢ

ᠳᠡᠯᠡᠭᠡᠢ ᠶᠢᠨ ᠪᠦᠮᠪᠦᠷᠴᠡᠭ᠌

ᠮᠤᠩᠭ᠋ᠤᠯ ᠤᠨ ᠰᠠᠤᠠᠭᠢᠯ ᠳᠤᠳᠤᠷᠠᠭᠢ

ᠨᠠᠷᠠ ᠰᠠᠷᠠ ᠡ ᠁


ᠠᠯᠳᠠ ᠮᠠᠳᠤ ᠰᠤᠶᠤᠯ ᠶᠢᠡᠨ ᠨᠢᠳᠤ ᠪᠠᠨ ᠰᠢᠭ ᠬᠠᠢ᠌ᠷᠠᠯᠠᠶ᠎ᠠ


ᠦᠨᠡᠨ ᠳᠡᠭᠡᠨ ᠪᠢ ᠨᠣᠢ᠌ᠷ ᠶᠡᠭᠡ ᠲᠡᠶ ᠭᠦᠮᠤᠨ ᠶᠤᠮ

ᠥᠷᠯᠦᠭᠡ ᠪᠣᠯᠭᠠᠨ ᠪᠣᠰᠬᠤ ᠳᠤᠷ᠎ᠠ ᠦᠭᠡᠶ ᠭᠦᠮᠤᠨ ᠪᠢᠯᠠ

ᠭᠡᠳᠡᠯ᠎ᠡ ᠪᠢ ᠦᠪᠣᠷ ᠮᠤᠩᠭ᠋ᠤᠯ ᠭᠦᠮᠤᠨ ᠤ ᠳᠦᠯᠦᠭᠡ

ᠭᠡᠮᠦᠷ ᠭᠤᠮᠤᠷ ᠪᠣᠳᠤᠯᠭ᠎ᠠ ᠪᠣᠯᠤᠭᠠᠤᠨ

ᠣᠠᠳᠠᠵᠤ ᠣᠷᠤᠬᠤ ᠦᠭᠡᠶ ᠪᠠᠢ᠌ᠨᠠᠮ︕

ᠳᠡᠦᠭᠡ ᠶᠢᠨ ᠶᠠᠭᠤᠮ᠎ᠠ ᠳᠡᠦᠭᠡ ᠪᠣᠯᠤᠭᠠᠤᠨ

ᠣᠨ ᠣᠳᠠᠵᠠᠢ

ᠲᠦᠷᠦ ᠶᠢᠨ ᠵᠢᠮ᠎ᠠ ᠪᠠᠷ ᠲᠦᠷᠦ ᠡᠷᠭᠢᠭᠡᠤᠨ

ᠡᠳᠦᠭᠡ ᠪᠣᠯᠵᠠᠢ

ᠲᠦᠷᠦᠯᠭᠢ ᠭᠡᠯᠡᠨ ᠤ ᠪᠠᠨ ᠣᠭᠤᠰᠤᠷ ᠢ ᠠᠤᠠᠬᠤᠭᠰᠠᠨ

ᠦᠪᠣᠷ ᠮᠤᠩᠭ᠋ᠤᠯᠴᠤᠳ

ᠳᠦᠭᠡᠷᠢᠭᠦ ᠲᠡᠶ ᠳᠡᠨᠦᠭᠦ ᠲᠡᠶ ᠬᠤᠷᠢᠨ ᠨᠢᠭᠡᠳᠦᠭᠡᠷ ᠵᠠᠭᠤᠨ ᠳ᠋ᠤ

ᠭᠦᠷᠦᠭᠡᠤᠨ ᠢᠷᠠᠵᠠᠢ ᠁

ᠮᠤᠩᠭ᠋ᠤᠯ ᠭᠡᠯᠡ ᠪᠠᠨ ᠰᠤᠷᠬᠤ ᠳᠤᠷ᠎ᠠ ᠦᠭᠡᠶ ᠭᠡᠳᠤᠨ ᠳᠠᠮᠰᠢᠭ

ᠮᠤᠩᠭ᠋ᠤᠯ ᠰᠤᠶᠤᠯ ᠶᠢᠡᠨ ᠳᠦᠷᠪᠡᠯᠵᠢᠨ ᠪᠣᠯᠭᠠᠭᠠᠤᠨ ᠳᠠᠮᠠᠢ᠌ᠷᠠᠵᠤ ᠪᠠᠢ᠌ᠨᠠᠮ

ᠮᠤᠩᠭ᠋ᠤᠯ ᠭᠡᠦᠭᠡᠤᠨ ᠶᠢᠡᠨ ᠭᠢᠳᠠᠤᠨ ᠪᠣᠯᠭᠠᠭᠰᠠᠨ ᠭᠡᠳᠤᠨ ᠠᠪᠣ

ᠮᠤᠩᠬᠠᠷᠠᠬᠤ ᠶᠢᠨ ᠳᠣᠢ᠌ᠯ ᠳᠤ ᠡᠷᠭᠢᠵᠤ ᠬᠠᠷᠠᠬᠤ ᠦᠭᠡᠶ ᠠᠷᠢᠯᠤᠭᠰᠠᠨ ᠪᠠᠢ᠌ᠨᠠᠮ︕

ᠡᠪᠦᠭᠡ ᠴᠢᠩᠭᠢᠰ ᠤᠨ ᠦᠶ᠎ᠡ ᠡᠴᠡ

ᠦᠪᠯᠠᠵᠤ ᠦᠭ‍ᠭᠦᠭ᠍ᠰᠡᠨ ᠭᠦᠷᠦᠩᠭᠡ ᠶᠤᠮ

ᠡᠷᠢᠨ ᠵᠠᠭᠤᠨ ᠤ ᠰᠠᠯᠭᠢᠨ ᠳ᠋ᠤ

ᠡᠪᠦᠷᠯᠡᠵᠤ ᠣᠯᠠᠮᠵᠢᠯᠠᠭᠰᠠᠨ ᠰᠤᠶᠤᠯ ᠶᠤᠮ

ᠡᠷᠭᠡ ᠳᠡᠭ᠍ᠰᠢ ᠪᠠᠷ ᠭᠦᠭ᠍ᠵᠢᠭᠦᠯ ᠭᠡᠵᠤ

ᠡᠪ ᠬᠠᠮᠳᠤ ᠨᠠᠮ ᠮᠢᠨᠢ ᠱᠠᠭᠠᠷᠳᠠᠬᠤ ᠳ᠋ᠤ

ᠡᠵᠡᠨ ᠨᠢ ᠪᠣᠯᠤᠭᠰᠠᠨ ᠴᠢ ᠶᠠᠭᠤᠨ ᠳ᠋ᠤ

ᠦᠨᠳᠦᠰᠦ ᠪᠠᠨ ᠳᠠᠰᠤᠯᠵᠤ ᠶᠠᠪᠣᠬᠤ ᠶᠤᠮ

ᠭᠡᠯᠡ ᠰᠤᠶᠤᠯ ᠬᠤᠶᠠᠷ ᠶᠢᠡᠷ ᠵᠢᠠᠨ

ᠮᠤᠩᠭ᠋ᠤᠯ ᠭᠡᠵᠤ ᠡᠷᠪᠠᠢ᠌ᠵᠤ ᠪᠠᠢ᠌ᠨ᠎ᠠ᠂

ᠭᠡᠷᠪᠡ ᠡᠨᠡ ᠬᠤᠶᠠᠷ ᠦᠭᠡᠶ ᠪᠣᠯ

ᠮᠠᠠᠵᠤ ᠰᠢᠭ ᠬᠠᠢ᠌ᠯᠬᠤ ᠶᠤᠮ ᠪᠠᠢ᠌ᠨ᠎ᠠ᠃

ᠭᠦᠭᠡᠷᠦᠭᠦᠢ ᠪᠣᠯᠠᠢ ᠮᠢᠨᠤ ᠵᠠᠷᠢᠮ

ᠦᠪᠣᠷ ᠮᠤᠩᠭ᠋ᠤᠯ ᠭᠦᠮᠤᠨ

ᠭᠦᠭᠡ ᠮᠤᠩᠭ᠋ᠤᠯ ᠤᠨ ᠶᠢᠡᠨ ᠮᠠᠷᠭᠠᠰᠢ ᠳ᠋ᠤ

ᠨᠢᠭᠦᠯᠳᠤ ᠭᠠᠯ ᠢ ᠳᠠᠯᠪᠢᠵᠤ ᠪᠠᠢ᠌ᠨ᠎ᠠ᠃

ᠮᠤᠩᠭ᠋ᠤᠯ ᠶᠢᠡᠷ ᠰᠤᠷᠤᠭᠠᠤᠨ ᠭᠡᠷᠡᠭ᠌ ᠦᠭᠡᠶ ᠭᠡᠵᠤ

ᠠᠪᠣᠭᠠᠢ ᠪᠢᠳᠡᠭᠡᠢ ᠳᠤᠩᠭ᠋ᠤᠳᠤᠭᠳᠤᠨ︕

ᠮᠥᠩᠭᠡ ᠭᠠᠯ ᠢ ᠴᠢᠨᠢ ᠭᠡᠨ ᠵᠠᠯᠭᠠᠬᠤ ᠵᠢ

ᠳᠠ ᠪᠣᠳᠤᠵᠤ ᠥᠵᠡᠭ᠍ᠰᠡᠨ ᠦᠦ︕

ᠮᠤᠷᠤᠢ ᠰᠠᠷᠤᠢ ᠴᠤ ᠮᠤᠩᠭ᠋ᠤᠯ ᠭᠡᠯᠡ ᠮᠢᠨᠢ

ᠮᠥᠩᠭᠡ ᠳᠡᠭ᠍ᠷᠢ ᠶᠢᠨ ᠥᠰᠦᠭ᠌ ᠰᠢᠤ︕

ᠮᠥᠮᠥ ᠶᠢᠨ ᠰᠦ᠋ ᠶᠢᠨ ᠠᠴᠢ ᠪᠠᠨ ᠴᠢ

ᠭᠦ᠋ ᠪᠠᠷ ᠬᠠᠷᠢᠭᠤᠯᠵᠤ ᠶᠠᠪᠣᠨ᠎ᠠ ᠦᠦ ᠳ᠋ᠠ ⁉

ᠠᠯᠳᠠ ᠮᠠᠳᠤ ᠰᠤᠶᠤᠯ ᠵᠢᠠᠨ

ᠨᠢᠳᠤ ᠪᠠᠨ ᠰᠢᠭ ᠬᠠᠢ᠌ᠷᠠᠯᠠᠶ᠎ᠠ︕

ᠠᠯᠤᠰ ᠭᠡᠳᠤ ᠶᠢᠨ ᠪᠣᠳᠤᠯ ᠵᠢᠠᠷ

ᠭᠡᠯᠡ ᠪᠠᠨ ᠭᠦᠭ᠍ᠵᠢᠭᠦᠯᠵᠤ ᠶᠠᠪᠣᠶ᠎ᠠ︕

ᠠᠯᠳᠠᠷ ᠭᠠᠪᠢᠶᠠᠳᠤ ᠳᠡᠭᠡᠳᠦᠰ ᠤᠨ ᠵᠢᠠᠨ

ᠶᠠᠰᠤ ᠶᠢ ᠪᠣᠤ ᠱᠠᠷᠭᠢᠷᠠᠭᠤᠯᠤᠶ᠎ᠠ︕

ᠠᠭᠤᠤ ᠶᠡᠭᠡ ᠦᠨᠳᠦᠰᠦᠳᠠᠨ ᠤ ᠪᠠᠨ

ᠨᠠᠷ᠎ᠠ ᠪᠠᠨ ᠪᠣᠤ ᠭᠤᠳᠤᠭᠠᠶ᠎ᠠ︕   ᠁


ᠮᠥᠩᠭᠡ ᠳᠡᠭ᠍ᠷᠢ ᠶᠢᠨ ᠥᠰᠦᠭ᠌


ᠮᠢᠨᠤ ᠮᠤᠩᠭ᠋ᠤᠯ ᠭᠡᠯᠡ ᠪᠣᠯ

ᠮᠥᠩᠭᠡ ᠳᠡᠭ᠍ᠷᠢ ᠶᠢᠨ ᠥᠰᠦᠭ᠌ ᠶᠤᠮ︕

ᠮᠤᠩᠬᠠᠭ ᠪᠢᠳᠠᠭᠤ ᠠᠮᠢᠳᠠᠨ ᠪᠣᠯ

ᠣᠢ᠌ᠯᠠᠭᠠᠵᠤ ᠳᠡᠢ᠌ᠯᠭᠦ ᠦᠭᠡᠶ ᠳᠦᠰᠦᠭ᠌ ᠶᠤᠮ︕

ᠳᠡᠭ᠍ᠷᠢ ᠭᠠᠵᠠᠷ ᠤᠨ ᠳᠤᠮᠳᠠ

ᠪᠣᠰᠤᠭ᠎ᠠ ᠪᠢᠴᠢᠭ᠍ᠳᠡᠭ᠍ᠰᠡᠨ ᠥᠰᠦᠭ᠌ ᠶᠤᠮ︕

ᠳᠢᠪ ᠳᠠᠯᠠᠢ ᠶᠢᠨ ᠬᠤᠭᠤᠷᠤᠠᠳᠤ

ᠵᠤᠭᠰᠤᠭ᠎ᠠ ᠭᠡᠳᠡᠢ᠌ᠭ᠍ᠰᠡᠨ ᠰᠥᠰᠦᠭ᠌ ᠶᠤᠮ︕

ᠪᠠᠭ᠎ᠠ ᠰᠤᠷᠭᠠᠭᠤᠯᠢ ᠡᠴᠡ ᠶᠡᠭᠡ ᠰᠤᠷᠭᠠᠭᠤᠯᠢ

ᠪᠢ ᠮᠤᠩᠭ᠋ᠤᠯ ᠭᠡᠯᠡ ᠪᠠᠷ ᠶᠢᠡᠨ ᠳᠡᠭᠦᠰᠦᠯ᠎ᠡ᠂

ᠴᠠᠭᠠᠨ ᠳᠤᠯᠤᠭᠠᠢ ᠡᠴᠡ ᠨᠢᠭᠤᠴᠠ ᠳᠤᠪᠴᠢᠶᠠᠨ

ᠪᠢ ᠮᠤᠩᠭ᠋ᠤᠯ ᠭᠡᠯᠡ ᠪᠠᠷ ᠶᠢᠡᠨ ᠠᠮᠢᠳᠤᠷᠠᠯ᠎ᠠ᠃

ᠵᠣᠢ᠌ᠷᠯᠠᠰᠢ ᠦᠭᠡᠶ ᠠᠷᠢᠭᠤᠨ ᠳᠠᠷᠬᠠᠨ ᠡᠨᠡ ᠭᠡᠯᠡ

ᠨᠠᠮᠢ᠋ᠢ ᠣᠭᠵᠢᠵᠤ

ᠵᠡᠭᠦᠳᠤ ᠵᠢᠷᠦᠭᠡᠨ ᠤ ᠮᠢᠨᠢ ᠥᠷᠭᠦᠯᠵᠢᠯᠡᠯ

ᠮᠢᠨᠤ ᠠᠷᠪᠠᠨ ᠬᠤᠶᠠᠷᠳᠠᠢ

ᠬᠠᠢ᠌ᠷᠠᠳᠤ ᠭᠡᠦᠭᠡᠨ ᠢ ᠮᠢᠨᠢ ᠣᠭᠵᠢᠵᠤ

ᠰᠤᠶᠤᠯ ᠡᠷᠳᠡᠮ ᠤᠨ ᠨᠠᠭᠤᠷ ᠲᠤ ᠱᠠᠭᠢᠯᠳᠤᠭᠰᠠᠨ

ᠮᠢᠩᠭ᠋ᠠᠨ ᠮᠢᠩᠭ᠋ᠠᠨ

ᠮᠤᠩᠭ᠋ᠤᠯ ᠴᠠᠭᠠᠨ ᠳᠡᠭ᠍ᠳᠡᠭᠡᠭᠡᠢ ᠶᠢ ᠣᠭᠵᠢᠵᠤ ᠊᠊᠊᠊᠊᠊᠊᠊᠊᠊᠊᠊᠊᠊᠊

ᠮᠥᠩᠭᠡ ᠭᠦᠭᠡ ᠳᠡᠭ᠍ᠷᠢ ᠵᠢᠨ

ᠮᠥᠷᠦᠭᠡᠳᠦᠯ ᠪᠣᠯᠭᠠᠨ ᠳᠡᠷᠪᠠᠭᠦᠯᠵᠤ ᠪᠠᠢ᠌ᠨᠠᠮ︕

ᠡᠭᠡ ᠭᠡᠯᠡ ᠮᠢᠨᠢ ᠨᠠᠳᠠ ᠳᠤ ᠬᠠᠢ᠌ᠷᠠᠳᠠᠢ

ᠡᠨᠡ ᠬᠠᠢ᠌ᠷ᠎ᠠ ᠶᠢ ᠭᠡᠨ ᠴᠤ ᠮᠡᠳᠡᠭᠦ ᠦᠭᠡᠶ︕

ᠡᠭᠡ ᠭᠡᠯᠡᠨ ᠳᠡᠭᠡᠨ ᠪᠢ ᠦᠷᠢᠳᠠᠢ

ᠡᠨᠡ ᠦᠷᠢ ᠶᠢ ᠴᠢᠮ᠎ᠠ ᠳᠤ ᠭᠡᠯᠡᠭᠦ ᠦᠭᠡᠶ ᠡ︕

ᠳᠡᠭ᠍ᠷᠢ ᠶᠢᠨ ᠠᠶᠤᠩᠭ᠋᠎ᠠ ᠪᠣᠯᠵᠤ

ᠮᠢᠨᠤ ᠡᠭᠡ ᠭᠡᠯᠡ

ᠳᠡᠭ᠍ᠷᠢ ᠭᠠᠵᠠᠷ ᠢ ᠬᠤᠯᠪᠣᠭᠰᠠᠨ ᠳᠡᠦᠭᠡᠳᠡᠢ᠃

ᠳᠠᠮᠤᠵᠢᠨ ᠤ ᠵᠠᠷᠯᠢᠭ ᠪᠣᠯᠵᠤ

ᠮᠢᠨᠤ ᠡᠭᠡ ᠭᠡᠯᠡ

ᠳᠢᠪ ᠰᠤᠠᠳᠠᠯᠠᠨ ᠳᠠᠭᠤᠷᠢᠰᠤᠭᠰᠠᠨ ᠠᠯᠳᠠᠷᠳᠠᠢ᠃

ᠳᠠᠷᠠ ᠦᠶ᠎ᠡ ᠳ᠋ᠤ

ᠮᠢᠨᠤ ᠮᠤᠩᠭ᠋ᠤᠯ ᠭᠡᠯᠡ

ᠳᠡᠭ᠍ᠷᠢᠯᠢᠭ᠌ ᠭᠡᠯᠡ᠂ ᠮᠥᠰᠦᠯᠢᠭ᠌ ᠭᠡᠯᠡ︕

ᠳᠠᠷᠠ ᠴᠠᠭ ᠳᠤ

ᠮᠢᠨᠤ ᠮᠤᠩᠭ᠋ᠤᠯ ᠭᠡᠯᠡ

ᠪᠦᠭᠦᠨ ᠤ ᠭᠡᠯᠡ᠂ ᠪᠦᠮᠪᠦᠷᠴᠡᠭ᠌ ᠤᠨ ᠭᠡᠯᠡ︕

ᠡᠭᠡ ᠭᠡᠯᠡᠨ ᠤ ᠣᠭᠤᠷᠠᠭ ᠲᠠᠭᠠᠨ ᠴᠠᠤᠠᠪᠠᠯ

ᠡᠨᠡ ᠨᠠᠰᠤᠨ ᠤ ᠵᠠᠶᠠᠭ᠎ᠠ ᠬᠠᠵᠠᠢ᠌ᠬᠤ ᠦᠭᠡᠶ︕

ᠡᠭᠡ ᠭᠡᠯᠡᠨ ᠤ ᠰᠦᠨ ᠳᠡᠭᠡᠨ ᠴᠠᠴᠠᠪᠠᠯ

ᠡᠷ᠎ᠡ ᠪᠠᠶ᠎ᠠ ᠶᠢᠨ ᠳᠠᠪᠢᠯᠠᠩ ᠭᠠᠵᠢᠨ᠎ᠠ ᠡ︕

ᠮᠢᠨᠤ ᠮᠤᠩᠭ᠋ᠤᠯ ᠭᠡᠯᠡ ᠪᠣᠯ

ᠮᠥᠩᠭᠡ ᠳᠡᠭ᠍ᠷᠢ ᠶᠢᠨ ᠥᠰᠦᠭ᠌ ᠶᠤᠮ︕

ᠮᠤᠩᠬᠠᠭ ᠪᠢᠳᠠᠭᠤ ᠠᠮᠢᠳᠠᠨ ᠪᠣᠯ

ᠣᠢ᠌ᠯᠠᠭᠠᠵᠤ ᠳᠡᠢ᠌ᠯᠭᠦ ᠦᠭᠡᠶ ᠳᠦᠰᠦᠭ᠌ ᠶᠤᠮ︕

ᠳᠡᠭ᠍ᠷᠢ ᠭᠠᠵᠠᠷ ᠤᠨ ᠳᠤᠮᠳᠠ

ᠪᠣᠰᠤᠭ᠎ᠠ ᠪᠢᠴᠢᠭ᠍ᠳᠡᠭ᠍ᠰᠡᠨ ᠥᠰᠦᠭ᠌ ᠶᠤᠮ︕

ᠳᠢᠪ ᠳᠡᠯᠡᠭᠡᠢ ᠶᠢᠨ ᠬᠤᠭᠤᠷᠤᠠᠳᠤ

ᠵᠤᠭᠰᠤᠭ᠎ᠠ ᠭᠡᠳᠡᠢ᠌ᠭ᠍ᠰᠡᠨ ᠰᠥᠰᠦᠭ᠌ ᠶᠤᠮ︕


ᠨᠢ᠋ᠮᠠᠨ ᠵᠠᠭᠤᠨ ᠵᠢᠯ


ᠨᠢ᠋ᠮᠠᠨ ᠵᠠᠭᠤᠨ ᠵᠢᠯ ᠤᠨ ᠳᠡᠷᠳᠡᠭᠡ ᠡᠴᠡ

ᠴᠢᠩᠭᠢᠰ ᠬᠠᠭᠠᠨ ᠨᠠᠮᠢ᠋ᠢ ᠳᠠᠨᠢᠭᠠᠤᠨ

ᠢᠴᠢᠭᠦ ᠶᠢᠨ ᠶᠡᠭᠡ ᠪᠠᠷ ᠢᠴᠢᠪᠠ︕

ᠨᠢ᠋ᠮᠠᠨ ᠵᠠᠭᠤᠨ ᠵᠢᠯ ᠤᠨ ᠡᠨᠡᠳᠡᠭᠡ ᠡᠴᠡ

ᠪᠢ ᠴᠢᠩᠭᠢᠰ ᠬᠠᠭᠠᠨ ᠢ ᠥᠵᠡᠭᠡᠤᠨ

ᠠᠶᠤᠬᠤ ᠶᠢᠨ ᠶᠡᠭᠡ ᠪᠠᠷ ᠠᠶᠤᠪᠠ︕

ᠡᠪᠦᠭᠡ ᠶᠢᠨ ᠶᠢᠡᠨ ᠢᠯᠳᠤ ᠵᠢ

ᠡᠷᠭᠦᠵᠤ ᠳᠠᠭᠠᠭᠠᠬᠤ ᠥᠭᠡᠢ

ᠥᠴᠦᠭᠡᠨ ᠠᠮᠢᠳᠠᠨ ᠭᠡᠵᠤ ᠪᠦᠷᠭᠦᠤᠨ ᠥᠭᠦᠯᠡᠪᠡ︕

ᠳᠡᠭᠡᠳᠤ ᠶᠢᠨ ᠶᠢᠡᠨ ᠳᠠᠪᠠᠯ ᠊ᠢ

ᠭᠡᠳᠦᠷᠴᠤ ᠳᠡᠢ᠌ᠯᠭᠦ ᠥᠭᠡᠢ

ᠳᠤᠷᠤᠢ ᠳᠠᠮᠰᠢᠭ ᠭᠡᠵᠤ

ᠴᠢᠨ᠋ᠸ᠎ᠠ ᠭᠤᠯᠤᠪᠠ︕

ᠠᠤᠠᠬᠤ ᠠᠮᠢ ᠪᠢᠳᠡᠭᠦᠤ ᠴᠢᠰᠤᠨ ᠳ᠋ᠠᠭᠠᠨ

ᠠᠷᠭ᠎ᠠ ᠦᠭᠡᠶ ᠬᠠᠢ᠌ᠷᠠᠳᠠᠢ ᠭᠡᠵᠤ

ᠠᠯᠳᠠᠢ ᠠᠭᠤᠷᠯᠠᠪᠠ︕

ᠠᠭᠤᠤ ᠶᠡᠭᠡ ᠮᠥᠷᠳᠡᠭᠡᠨ

ᠭᠦᠭ᠍ᠰᠢᠨ ᠪᠠᠭᠤᠷᠠᠢ ᠭᠡᠵᠤ

ᠠᠷᠳᠠᠢ ᠰᠠᠠᠳᠤᠷᠪᠠ︕

ᠨᠢ᠋ᠮᠠᠨ ᠵᠠᠭᠤᠨ ᠵᠢᠯ

ᠴᠢᠩᠭᠢᠰ ᠬᠠᠭᠠᠨ ᠤ

ᠳᠤᠮᠤᠭ ᠢ ᠭᠢᠯᠠᠯᠵᠠᠭᠤᠯᠪᠠ︕

ᠨᠢ᠋ᠮᠠᠨ ᠵᠠᠭᠤᠨ ᠵᠢᠯ

ᠴᠢᠩᠭᠢᠰ ᠤᠨ ᠦᠷᠠᠳᠤᠰ ᠤᠨ

ᠣᠮᠤᠭ ᠢ ᠬᠤᠭᠤᠯᠪᠠ ᠁


ᠵᠤᠬᠢᠶᠠᠭᠴᠢ᠄ ᠨᠠ᠊·ᠬᠦᠬᠡᠰᠢᠭᠤᠢ
ᠢᠷᠡᠯᠲᠡ᠄ ᠵᠤᠬᠢᠶᠠᠭᠴᠢ ᠡᠴᠡ ᠬᠠᠩᠭᠠᠪᠠ
ᠬᠠᠷᠢᠶ᠎ᠠ᠄ ᠰᠢᠯᠦᠭ
ᠳᠠᠷᠤᠮ᠄ 2331
ᠴᠠᠭ᠄ 2005 ᠤᠨ ᠤ 05 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁