ᠬᠠᠯᠠᠭᠤᠨ ᠡᠯᠢᠭᠡᠨ ᠨᠤᠲᠤᠭ
ᠮᠤᠩᠭ᠋ᠤᠯ ᠳᠤ ᠵᠤᠭᠠᠴᠠᠭᠰᠠᠨ ᠡᠪᠦᠷ ᠳᠡᠮᠳᠡᠭᠯᠡᠯ

ᠬᠠᠷᠢ ᠦᠨᠳᠦᠰᠦᠳᠠᠨ ᠶᠡᠭᠡ ᠭᠦᠷᠤᠨ ᠤ ᠰᠤᠶᠤᠯ ᠤᠨ ᠨᠦᠷᠢᠯᠳᠠ ᠳᠤ ᠳᠡᠯᠡᠰᠦᠭ᠍ᠳᠡᠨ ᠠᠮᠢᠳᠤᠷᠠᠬᠤ ᠬᠠᠳᠠᠭᠤ ᠳᠠᠪᠢᠯᠠᠩ ᠳᠤ ᠵᠠᠶᠠᠭᠠᠭᠰᠠᠨ ᠪᠣᠯᠪᠠᠴᠤ ᠭᠡᠳᠤᠨ ᠮᠤᠩᠭ᠋ᠤᠯ ᠭᠡᠦᠭᠡᠤᠨ ᠲᠤ ᠪᠠᠨ ᠭᠡᠯᠡ ᠰᠤᠶᠤᠯ ᠶᠢᠡᠨ ᠣᠯᠠᠮᠵᠢᠯᠠᠬᠤ ᠭᠡᠵᠤ ᠴᠤᠴᠢᠷᠳᠠᠨ ᠮᠤᠩᠭ᠋ᠠᠨᠢᠵᠤ ᠶᠠᠪᠣᠭ᠎ᠠ ᠮᠠᠨᠢ ᠨᠢᠭᠡ ᠶᠤᠰᠤᠨ ᠤ ᠳᠠᠢ᠌ᠤᠠᠬᠤᠷᠠᠭᠤᠯᠤᠯ ᠪᠣᠯᠵᠤ ᠳᠠᠭᠠᠷᠠᠨ᠎ᠠ᠃ ᠮᠤᠩᠭ᠋ᠤᠯ ᠭᠡᠯᠡ ᠪᠠᠨ ᠮᠠᠷᠳᠠᠭᠤᠯᠬᠤ ᠦᠭᠡᠶ᠂ ᠮᠤᠩᠭ᠋ᠤᠯ ᠰᠤᠶᠤᠯ ᠶᠢᠡᠨ (ᠳᠠᠯᠠᠭᠳᠠᠭᠤᠯᠬᠤ) ᠳᠠᠯᠠᠭᠠᠷᠳᠠᠭᠤᠯᠬᠤ ᠦᠭᠡᠶ ᠭᠡᠰᠡᠨ ᠴᠠᠴᠠᠨ ᠭᠦᠰᠡᠯ ᠶᠢᠡᠷ ᠰᠠᠤᠠᠭᠢᠯ ᠰᠠᠤᠠᠭᠢᠯ ᠶᠢᠡᠨ ᠳᠦᠰᠢᠭ᠍ᠰᠡᠨ ᠭᠡᠳᠤᠨ ᠨᠠᠢ᠌ᠵᠠ ᠲᠡᠶ ᠪᠠᠨ ᠵᠦᠪᠳᠠᠯᠴᠠᠴᠤ ᠭᠡᠦᠭᠡᠤᠨ ᠲᠤ ᠪᠠᠨ ᠮᠤᠩᠭ᠋ᠤᠯ ᠤᠨ ᠶᠢᠡᠨ ᠣᠩᠭ᠋ᠤᠨ ᠳᠠᠷᠬᠠᠨ ᠶᠢᠡᠷ ᠶᠢᠡᠨ ᠪᠠᠢ᠌ᠭ᠎ᠠ ᠪᠠᠢ᠌ᠭᠠᠯᠢ ᠠᠮᠢᠳᠤᠷᠠᠯ ᠢ ᠥᠵᠡᠭᠦᠯᠵᠤ ᠳᠠᠨᠢᠭᠤᠯᠬᠤ ᠵᠤᠷᠢᠯᠭ᠎ᠠ ᠪᠠᠷ ᠣᠷᠢᠯᠭ᠎ᠠ ᠭᠦᠯᠢᠶᠡᠨ ᠣᠮᠠᠷᠠᠰᠢ ᠮᠤᠷᠳᠠᠵᠤ ᠪᠢᠯᠠ ᠡ︕

ᠵᠤᠨ ᠤ ᠨᠠᠷᠠᠨ ᠵᠤᠯᠠᠢ ᠰᠢᠷᠠᠭᠰᠠᠨ ᠠᠮᠠᠷᠠᠯᠳᠠ ᠪᠠᠷ᠂ ᠨᠢᠭᠡᠨ ᠡᠳᠦᠷ (ᠠᠷᠭ᠎ᠠ ᠣᠯᠠᠷᠢᠯ ᠤᠨ 7 ᠰᠠᠷ᠎ᠠ ᠶᠢᠨ 25 ᠊ᠤ ᠡᠳᠦᠷ) ᠊ᠤᠨ ᠬᠠᠷ᠎ᠠ ᠥᠷᠯᠦᠭᠡ ᠭᠡᠳᠤᠨ ᠠᠢ᠌ᠯ ᠶᠢᠡᠷ ᠶᠢᠡᠨ ᠳᠡᠷᠭᠡ ᠣᠯᠵᠤ᠂ ᠳᠠᠪᠤᠨ ᠭᠡᠦᠭᠡᠤᠨ ᠶᠢᠡᠨ ᠠᠪᠴᠤ ᠬᠤᠶᠠᠷ ᠣᠯᠤᠰ ᠤᠨ ᠭᠢᠯᠢ ᠶᠢᠨ ᠪᠣᠭᠤᠮᠳᠠ ᠡᠷᠢᠶᠡᠨ ᠬᠤᠳᠠ ᠶᠢ ᠴᠢᠭᠯᠡᠪᠡ᠃ ᠵᠠᠮ ᠭᠤᠳᠤᠰ ᠨᠢᠳᠤ ᠠᠯᠳᠠᠮ᠎ᠠ ᠳᠩᠰᠢ ᠳᠠᠯ᠎ᠠ ᠳᠡᠭᠡᠷ᠎ᠡ᠂ ᠭᠦᠪᠠᠭᠡ ᠭᠢᠵᠠᠭᠠᠷ ᠨᠢ ᠬᠠᠷᠠᠭᠳᠠᠬᠤ ᠦᠭᠡᠶ ᠭᠡᠰᠡᠭ᠌ ᠭᠡᠰᠡᠭ᠌ ᠳᠠᠷᠢᠶᠠᠨ ᠭᠠᠵᠠᠷ ᠥᠷᠭᠦᠯᠵᠢᠯᠡᠵᠤ ᠡᠭᠡ ᠭᠠᠵᠠᠷ ᠤᠨ ᠡᠯᠢᠭᠡ ᠶᠢ ᠰᠡᠪᠳᠦᠭᠡᠵᠤ ᠬᠠᠷᠠᠭᠳᠠᠨ᠎ᠠ᠃

ᠪᠢᠳᠠ ᠡᠷᠢᠶᠡᠨ ᠳᠤ ᠳᠡᠷᠭᠡᠨ ᠡᠴᠡ ᠪᠠᠭᠤᠮᠠᠭᠴᠠ ᠫᠠᠰᠫᠣᠷᠲ᠋ ᠶᠢᠡᠨ ᠰᠢᠯᠭᠠᠭᠤᠯᠵᠤ ᠣᠯᠠᠭᠠᠠᠪᠠᠭᠠᠳᠤᠷ ᠣᠷᠤᠬᠤ ᠭᠠᠯᠳᠤ ᠳᠡᠷᠭᠡᠨ ᠳᠤ ᠭᠠᠷᠪᠠ᠃ ᠣᠷᠤᠰ ᠭᠢᠴᠠᠳᠠᠢ ᠡᠨᠡ ᠳᠡᠷᠭᠡ ᠬᠠᠭᠤᠴᠢᠪᠳᠤᠷ ᠪᠣᠯᠪᠠᠴᠤ ᠪᠦᠭᠡᠯᠢᠭ᠌ ᠮᠥᠷᠳᠡᠭᠡᠨ ᠳᠤᠭᠢᠯᠢᠭ ᠬᠠᠷᠠᠭᠳᠠᠬᠤ ᠠᠵᠢ᠃ ᠨᠠᠰᠢ ᠴᠠᠰᠢ ᠵᠥᠷᠢᠯᠳᠦᠭᠦ ᠥᠢᠯᠡᠴᠢᠯᠡᠭ᠍ᠴᠢ ᠭᠡᠦᠭᠡᠡᠴᠦᠳ ᠤᠨ ᠴᠠᠭᠠᠨ ᠭᠡᠭᠡᠭᠡᠨ ᠢ ᠬᠠᠷᠠᠭᠠᠤᠨ 《ᠭᠡᠦᠭᠡᠨ ᠤ ᠴᠢᠷᠠᠢ᠌ᠯᠢᠭ ᠢ ᠪᠢ ᠵᠥᠪᠭᠡᠨ ᠮᠤᠩᠭ᠋ᠤᠯ ᠳᠤ ᠪᠠᠨ ᠬᠠᠷᠠᠯ᠎ᠠ》 ᠭᠡᠭᠦ ᠳᠠᠭᠤᠨ ᠤ ᠥᠭᠡ ᠶᠢ ᠰᠠᠨᠠᠵᠤ ᠣᠯᠪᠠ᠃ ᠴᠤᠯ ᠮᠤᠩᠭ᠋ᠤᠯ ᠶᠢᠡᠷ ᠮᠠᠠᠳᠤᠯᠠᠵᠤ ᠥᠢᠯᠡᠴᠢᠯᠡᠭᠡ ᠭᠢᠭᠦ ᠳᠤ ᠨᠢ ᠳᠤᠳᠤᠷ᠎ᠠ ᠮᠠᠨᠢ ᠬᠠᠴᠢᠨ ᠳᠤᠳᠤᠨᠤᠰᠤᠭ ᠰᠠᠨᠠᠭᠳᠠᠨ᠎ᠠ᠃

ᠭᠠᠯᠳᠤ ᠳᠡᠷᠭᠡ ᠡᠷᠢᠶᠡᠨ ᠡᠴᠡ ᠮᠤᠷᠳᠠᠵᠤ ᠮᠤᠩᠭ᠋ᠤᠯ ᠣᠯᠤᠰ ᠤᠨ ᠭᠢᠯᠢ ᠶᠢᠨ ᠪᠣᠭᠤᠮᠳᠠ ᠵᠠᠮ ᠤᠨ ᠡᠭᠦᠳᠡᠨ ᠳᠤ ᠭᠡᠰᠡᠭ᠌ ᠵᠤᠭᠰᠤᠭᠰᠠᠨ ᠤ ᠳᠠᠷᠠᠭ᠎ᠠ ᠠᠯᠭᠤᠷ ᠭᠦᠳᠡᠯᠪᠡ᠃ ᠭᠡᠦᠭᠡᠤᠨ ᠮᠠᠨᠢ ᠠᠩᠬ᠎ᠠ ᠣᠳᠠᠭ᠎ᠠ ᠣᠯᠤᠰ ᠤᠨ ᠭᠢᠯᠢ ᠳᠠᠪᠠᠵᠤ ᠵᠤᠭᠠᠯᠠᠵᠤ ᠪᠠᠢ᠌ᠭ᠎ᠠ ᠣᠴᠢᠷ ᠪᠠᠶᠠᠷᠯᠠᠨ ᠭᠦᠭᠡᠷᠴᠡᠭᠡᠵᠤ ᠯᠠ ᠪᠠᠢ᠌ᠯ᠎ᠠ᠃ ᠮᠢᠨᠤ ᠬᠤᠪᠢ ᠳᠤ ᠠᠪᠴᠤ ᠭᠡᠯᠡᠪᠠᠯ ᠣᠠᠳᠤᠤ ᠵᠣᠢ᠌ᠯ ᠶᠢᠡᠷ ᠰᠠᠤᠠᠭᠢᠯ ᠮᠢᠨᠢ ᠭᠦᠭ᠍ᠰᠡᠨ ᠳᠤᠭᠳᠤᠯᠤᠨ᠎ᠠ᠃ ᠡᠴᠢᠭᠡ ᠳᠩᠷᠢ ᠶᠢᠨ ᠢᠪᠠᠭᠡᠯ ᠶᠢᠡᠷ᠂ ᠣᠩᠭ᠋ᠤᠨ ᠳᠠᠷᠬᠠᠨ ᠶᠢᠡᠷ ᠶᠢᠡᠨ ᠪᠠᠢ᠌ᠭ᠎ᠠ ᠬᠠᠯᠬ᠎ᠠ ᠮᠤᠩᠭ᠋ᠤᠯ ᠨᠤᠳᠤᠭ ᠲᠤ ᠭᠦᠷᠴᠤ᠂ ᠶᠡᠭᠡ ᠳᠡᠭᠡᠳᠦᠰ ᠤᠨ ᠳᠡᠦᠭᠡ ᠳᠤᠮᠤᠭ᠂ ᠳᠤᠷᠠᠰᠠᠭᠯ ᠰᠠᠯᠳᠠᠬᠠᠨ ᠡᠯᠪᠠᠭ᠌ ᠬᠠᠳᠠᠭᠠᠯᠠᠭᠠᠰᠤ ᠲᠡᠶ ᠠᠯᠤᠰ ᠣᠮᠠᠷᠠᠳᠤ ᠨᠤᠳᠤᠭ ᠲᠤ ᠪᠠᠨ ᠠᠮᠢᠠᠴᠢᠷᠬᠠᠨ ᠠᠶᠠᠯᠠᠬᠤ ᠭᠡᠵᠤ ᠶᠠᠭᠤ ᠲᠡᠶ ᠶᠡᠭᠡ ᠠᠵᠠ ᠵᠠᠪᠰᠢᠶᠠᠨ ᠠᠵᠢ᠃

ᠴᠤᠩᠬᠤ ᠪᠠᠷ ᠭᠠᠳᠠᠭᠰᠢ ᠬᠠᠷᠠᠬᠤ ᠳᠤ ᠵᠠᠬ᠎ᠠ ᠭᠦᠪᠠᠭᠡ ᠨᠢ ᠦᠯᠦ ᠬᠠᠷᠠᠭᠳᠠᠬᠤ ᠥᠷᠭᠡᠨ ᠭᠤᠪᠢ ᠬᠠᠷᠠᠭ᠎ᠠ ᠮᠤᠬᠤᠭᠠᠨ᠎ᠠ᠃ ᠭᠡᠨᠡᠳᠲᠡ ᠵᠡᠭᠡᠷ᠎ᠡ ᠶᠢᠨ ᠰᠥᠷᠦᠭ᠌ ᠳᠠᠪᠭᠢᠯᠳᠤᠵᠤ ᠪᠠᠢ᠌ᠭ᠎ᠠ ᠬᠠᠷᠠᠭᠳᠠᠪᠠ᠃ 《ᠬᠠᠷᠠᠭᠠᠴᠢ︕ ᠵᠡᠭᠡᠷ᠎ᠡ ᠶᠢᠨ ᠰᠥᠷᠦᠭ᠌︕》 ᠭᠡᠭᠦ ᠳᠤ ᠭᠡᠦᠭᠡᠤᠨ ᠮᠠᠨᠢ ᠳᠡᠷᠭᠡᠨ ᠴᠤᠩᠬᠤ ᠪᠠᠷ ᠱᠤᠬᠤᠬᠤᠷᠬᠠᠨ ᠬᠠᠷᠠᠵᠠᠭᠠᠨ᠎ᠠ᠃ ᠵᠡᠷᠭᠡᠯᠭᠡᠨ ᠰᠢᠭ᠌ ᠵᠢᠷᠪᠢᠯᠵᠠᠨ ᠳᠠᠪᠭᠢᠬᠤ ᠵᠡᠭᠡᠷ᠎ᠡ ᠶᠢᠨ ᠰᠥᠷᠦᠭ᠌ ᠢ ᠥᠵᠡᠭᠡᠤᠨ᠂ 《ᠪᠣᠭᠤᠳᠤ ᠮᠠᠨᠢ ᠣᠤᠯ ᠳᠤ ᠪᠠᠨ ᠪᠣᠭᠤ ᠳᠠᠰᠢᠭᠰᠠᠨ ᠰᠠᠢ᠌ᠬᠠᠨ ᠨᠤᠳᠤᠭ ᠪᠠᠢ᠌ᠯ᠎ᠠ》 ᠭᠡᠵᠤ ᠠᠬᠠᠮᠠᠠᠤᠨ ᠪᠠᠭᠰᠢ ᠶᠢᠨ ᠬᠠᠭᠤᠴᠢᠯᠠᠨ ᠶᠠᠷᠢᠭᠰᠠᠨ ᠥᠭᠡ ᠡᠷᠭᠡ ᠦᠭᠡᠶ ᠪᠣᠳᠤᠭᠳᠠᠪᠠ᠃ ᠨᠢᠭᠡ ᠯᠠ ᠢᠵᠢᠯᠭᠡᠨ ᠮᠤᠩᠭ᠋ᠤᠯ ᠨᠤᠳᠤᠭ ᠪᠠᠢ᠌ᠳᠠᠯ᠎ᠠ ᠪᠠᠨ ᠮᠠᠨᠠᠢ᠌ᠭᠢᠨ ᠳᠤ ᠬᠤᠯᠤᠭᠠᠨ᠎ᠠ ᠵᠤᠷᠠᠮ᠎ᠠ ᠡᠴᠡ ᠣᠠᠳᠤᠤ ᠠᠮᠢᠳᠠᠨ ᠤ ᠪᠠᠷ᠎ᠠ ᠳᠠᠰᠤᠷᠠᠬᠤ ᠪᠣᠯᠤᠭᠰᠠᠨ ᠢ ᠪᠣᠳᠤᠭᠠᠤᠨ ᠳᠡᠰᠭᠡᠯ ᠦᠭᠡᠶ ᠰᠠᠤᠠᠭᠢᠯ ᠭᠦᠡᠳᠦᠷᠡᠵᠤ ᠵᠢᠷᠦᠭᠡ ᠰᠢᠨᠠᠯᠪᠠ᠁ ᠳᠠᠷᠠᠭ᠎ᠠ ᠥᠷᠯᠦᠭᠡ ᠨᠢ ᠨᠢ᠋ᠮᠠᠨ ᠴᠠᠭ ᠤᠨ ᠦᠶ᠎ᠡ ᠪᠠᠷ ᠣᠯᠠᠭᠠᠠᠪᠠᠭᠠᠳᠤᠷ ᠣᠷᠤᠪᠠ᠃ ᠣᠷᠢᠯᠭ᠎ᠠ ᠢᠯᠡᠭᠡᠭ᠍ᠰᠡᠨ ᠨᠠᠢ᠌ᠵᠠ ᠨᠡᠷ ᠮᠠᠨᠢ ᠬᠠᠯᠠᠭᠤᠨ ᠡᠯᠢᠭᠡ ᠪᠠᠨ ᠳᠡᠯᠭᠡᠵᠤ ᠮᠠᠨ ᠢ ᠪᠠᠨ ᠣᠭᠳᠤᠨ ᠠᠪᠣᠯ᠎ᠠ᠃


ᠠᠩᠬᠠᠨ ᠤ ᠠᠶᠠᠯᠠᠯ


ᠮᠤᠩᠭ᠋ᠤᠯ ᠣᠯᠤᠰ ᠤᠨ ᠨᠠᠢ᠌ᠵᠠ ᠨᠡᠷ ᠮᠠᠨᠢ ᠮᠠᠨ ᠢ ᠪᠠᠨ ᠭᠦᠪᠰᠦᠭᠦᠯ ᠨᠠᠭᠤᠷ ᠲᠤ ᠵᠤᠭᠠᠯᠠᠭᠤᠯᠬᠤ ᠪᠠᠷ ᠪᠣᠯᠪᠠ᠃ ᠳᠤᠯᠤᠭᠠᠨ ᠰᠠᠷ᠎ᠠ ᠶᠢᠨ ᠬᠤᠷᠢᠨ ᠨᠢ᠋ᠮᠠᠨ ᠤ ᠥᠷᠯᠦᠭᠡ ᠶ‍ᠢᠰᠤᠨ ᠴᠠᠭ ᠲᠤ ᠣᠷᠤᠰ ᠭᠢᠴᠠ ᠲᠡᠶ 《ᠭᠠᠽᠢ ᠵᠠᠷᠠᠭ᠎ᠠ》 ᠭᠡᠭ᠍ᠳᠡᠭᠦ ᠳᠤᠮᠤ ᠮᠠᠰᠢᠨ ᠮᠠᠨ ᠤ ᠪᠠᠭᠤᠭᠰᠠᠨ ᠭᠦᠭ᠍ᠵᠢᠯ ᠬᠤᠳᠠᠬᠠᠨ ᠤ ᠡᠭᠦᠳᠡᠨ ᠳᠤ ᠢᠷᠠᠵᠤ ᠵᠤᠭᠰᠤᠪᠠ᠃ ᠭᠡᠳᠤᠨ ᠮᠢᠩᠭ᠋ᠠᠨ ᠤ ᠭᠠᠵᠠᠷ ᠬᠤᠯᠠ ᠠᠶᠠᠯᠠᠬᠤ ᠳᠤᠯᠠ ᠨᠠᠢ᠌ᠵᠠ ᠮᠠᠨᠢ ᠭᠤᠷᠪᠠᠨ ᠵᠢᠯᠤᠭᠤᠴᠢ ᠳᠤᠭᠢᠷᠠᠭᠤᠯᠵᠤ ᠥᠭ᠍ᠴᠡᠢ᠃ ᠵᠢᠯᠤᠭᠤᠴᠢ ᠶᠢᠨ ᠳᠠᠷᠤᠭ᠎ᠠ ᠨᠢ ᠨᠢᠮᠠᠵᠢᠷᠭᠠᠯ ᠭᠡᠳᠡᠭ᠌ ᠮᠠᠨᠤᠰ ᠲᠡᠶ ᠨᠠᠰᠤ ᠬᠤᠷᠠᠭ ᠭᠡᠮᠡᠷ ᠨᠠᠮᠬᠠᠨ ᠠᠷᠠᠠᠰᠢᠨ ᠲᠡᠶ ᠬᠤᠳᠠ ᠶᠢᠨ ᠵᠠᠯᠠᠭᠤ ᠪᠠᠢ᠌ᠪᠠ᠃ ᠮᠸᠬᠠᠨᠢᠭᠴᠢ ᠪᠠᠳᠤᠠᠤᠤᠠᠬᠤᠨ ᠭᠡᠵᠤ ᠬᠤᠷᠢᠭᠠᠤᠨ ᠨᠠᠰᠤᠨ ᠤ ᠭᠦᠳᠡᠷᠯᠢᠭ᠌ ᠬᠠᠷᠠᠪᠳᠤᠷ ᠵᠠᠯᠠᠭᠤ᠂ ᠲᠤᠩ ᠴᠠᠭᠠᠨ ᠰᠢᠳᠤ ᠪᠠᠨ ᠢᠷᠠᠯᠵᠠᠭᠤᠯᠤᠨ ᠮᠠᠨᠤᠰ ᠲᠡᠶ ᠮᠠᠠᠳᠤᠯᠠᠪᠠ᠃ ᠵᠢᠯᠤᠭᠤᠴᠢ ᠠᠮᠤᠷᠵᠠᠶᠠᠭ᠎ᠠ ᠭᠡᠵᠤ ᠭᠢᠵᠢᠶᠠᠯᠢ ᠨᠠᠰᠤᠨ ᠤ ᠬᠠᠰᠢᠷ ᠰᠠᠭᠤᠭᠰᠠᠨ ᠴᠠᠭᠠᠨ᠎ᠠ ᠪᠠᠨ ᠨᠢᠭᠡ ᠯᠠ ᠳᠤᠭᠤᠢ ᠢᠨᠢᠶᠡᠮᠰᠦᠭᠯᠡᠭ᠍ᠰᠡᠨ ᠭᠦᠮᠤᠨ ᠪᠠᠢ᠌ᠯ᠎ᠠ᠃

ᠪᠢᠳᠠ ᠵᠠᠮ ᠳᠤᠵᠢ ᠮᠠᠢ᠌ᠬᠠᠨ ᠪᠣᠰᠬᠠᠵᠤ ᠬᠤᠨᠤᠭᠯᠠᠬᠤ ᠳᠤᠯᠠ ᠢᠳᠠᠵᠤ ᠣᠤᠭᠤᠬᠤ ᠡᠴᠡ ᠬᠤᠨᠤᠵᠤ ᠭᠡᠪᠳᠡᠭᠦ ᠠᠮᠢᠳᠤᠷᠠᠯ ᠤᠨ ᠭᠡᠷᠡᠭ᠍ᠰᠡᠯ ᠶᠢᠡᠨ ᠳᠦᠭᠦᠮᠭᠡᠨ ᠳᠦᠭᠦᠭᠡᠷᠦᠭ᠍ᠰᠡᠨ ᠶᠤᠮ᠃

ᠮᠠᠰᠢᠨ ᠳᠤ ᠪᠠᠨ ᠪᠧᠨ᠋ᠽᠧᠨ (ᠴᠢᠯᠠᠭᠤᠨ ᠳᠤᠰᠤ) ᠳᠦᠭᠦᠷᠭᠡᠵᠤ ᠴᠠᠤᠠᠬᠠᠭᠠᠤᠨ ᠣᠯᠠᠭᠠᠠᠪᠠᠭᠠᠳᠤᠷ ᠡᠴᠡ ᠪᠠᠷᠠᠭᠤᠨ ᠬᠣᠢ᠌ᠰᠢ ᠭᠦᠪᠰᠦᠭᠦᠯ ᠭᠦᠷᠭᠦ ᠠᠩᠬᠠᠨ ᠤ ᠠᠶᠠᠯᠠᠯ ᠶᠢᠡᠨ ᠡᠭᠢᠯᠡᠯ᠎ᠡ᠃ ᠭᠦᠪᠰᠦᠭᠦᠯ ᠨᠠᠭᠤᠷ ᠪᠣᠯ ᠮᠤᠩᠭ᠋ᠤᠯ ᠣᠯᠤᠰ ᠤᠨ ᠪᠠᠷᠠᠭᠤᠨ ᠬᠣᠢ᠌ᠳᠠᠢ᠂ ᠣᠷᠤᠰ ᠤᠨ ᠭᠢᠯᠢ ᠳᠦᠭᠦᠵᠤ ᠪᠠᠢ᠌ᠷᠢᠯᠠᠵᠤ ᠪᠠᠢ᠌ᠭ᠎ᠠ ᠳᠤᠯᠠ ᠵᠠᠮ ᠳᠠᠭᠠᠤ ᠭᠡᠳᠤᠨ ᠠᠢ᠌ᠮᠠᠭ ᠬᠤᠳᠠ ᠶᠢᠨ ᠭᠢᠵᠠᠭᠠᠷ ᠳᠠᠪᠠᠵᠤ᠂ ᠮᠢᠩᠭ᠋᠎ᠠ ᠣᠷᠴᠢᠮ ᠺᠢᠯᠤᠮᠸᠲ᠋ᠷ ᠬᠤᠯᠠ ᠠᠶᠠᠯᠠᠨ᠎ᠠ᠃ ᠪᠢᠳᠠ ᠣᠯᠠᠭᠠᠠᠪᠠᠭᠠᠳᠤᠷ ᠬᠤᠳᠠ ᠶᠢᠨ ᠵᠠᠬ᠎ᠠ ᠳᠤ ᠪᠠᠢ᠌ᠭ᠎ᠠ ᠣᠪᠣᠭᠠᠨ ᠤ ᠳᠡᠷᠭᠡᠳᠡ ᠳᠡᠷᠭᠡᠨ ᠡᠴᠡ ᠪᠠᠭᠤᠵᠤ ᠰᠠᠷᠬᠤᠤᠨ ᠶᠢᠡᠨ ᠰᠦᠩᠨᠠᠨ ᠬᠠᠳᠠᠭ ᠡᠷᠭᠦᠵᠤ ᠳᠠᠭᠠᠤᠠᠬᠠᠨ ᠵᠠᠮ ᠳᠤ ᠪᠠᠨ ᠰᠢᠯᠤᠭᠤᠤᠠᠪᠠ᠃

ᠦᠳᠡ ᠶᠢᠨ ᠨᠠᠷᠠ ᠭᠤᠤᠯᠯᠠᠬᠤ ᠶᠢᠨ ᠦᠶ᠎ᠡ ᠪᠠᠷ ᠲᠦᠪ ᠠᠢ᠌ᠮᠠᠭ ᠤᠨ ᠪᠠᠶᠠᠨ ᠴᠢᠠᠳᠠᠮᠤᠨᠢ ᠰᠤᠮᠤ ᠭᠦᠷᠪᠡ᠃ ᠵᠠᠮ ᠤᠨ ᠬᠠᠵᠠᠭᠤ ᠪᠠᠷ ᠬᠠᠷᠠᠭ᠎ᠠ ᠶᠢᠨ ᠭᠤᠤᠯ᠂ ᠪᠣᠷᠤᠭ᠎ᠠ ᠶᠢᠨ ᠭᠤᠤᠯ ᠮᠤᠷᠤᠯᠵᠠᠨ ᠭᠤᠤᠯ ᠤᠨ ᠳᠤᠬᠤᠢ ᠪᠠᠷ ᠣᠳᠤᠷ ᠤᠨ ᠲᠤᠩ ᠴᠠᠭᠠᠨ ᠮᠤᠩᠭ᠋ᠤᠯ ᠭᠡᠷ ᠤᠳ ᠳᠠᠷᠬᠠᠯᠴᠠᠵᠤ ᠳᠠᠷᠭᠤ ᠰᠠᠢ᠌ᠳᠠᠢ ᠳᠠᠪᠤᠨ ᠬᠤᠰᠢᠭᠤ ᠮᠠᠯ ᠳᠠᠯ᠎ᠠ ᠳᠦᠭᠦᠷᠡᠩ ᠪᠦᠮᠪᠦᠯᠵᠡᠨ᠎ᠡ᠃ ᠡ᠊ᠨᠳᠡᠭᠢ ᠪᠣᠷᠤ ᠣᠯᠠᠭᠠᠨ ᠢᠮᠠᠭᠠᠤᠨ ᠢ ᠬᠠᠷᠠᠭᠠᠤᠨ ᠭᠡᠦᠭᠡᠤᠨ ᠶᠡᠭᠡ ᠭᠠᠢ᠌ᠬᠠᠵᠤ ᠰᠤᠨᠢᠭᠤᠴᠢᠯᠠᠨ᠎ᠠ᠃ ᠡ᠊ᠨᠳᠡ ᠪᠠᠷᠤᠭ ᠬᠠᠷ᠎ᠠ ᠪᠣᠷᠤ ᠢᠮᠠᠭᠠᠨ ᠨᠤᠤᠯᠤᠷ ᠦᠨ᠎ᠡ ᠳᠤ ᠣᠷᠤᠳᠠᠭ ᠴᠤ ᠪᠣᠯᠪᠠ ᠦᠦ ᠭᠡᠵᠤ ᠪᠢ ᠴᠤ ᠳᠤᠳᠤᠷ᠎ᠠ ᠪᠠᠨ ᠳᠠᠭᠠᠮᠠᠭᠯᠠᠨ ᠶᠠᠪᠣᠯ᠎ᠠ᠃ ᠦᠳᠡ ᠥᠩᠭᠡᠷᠡᠵᠤ ᠭᠡᠦᠭᠡᠤᠨ ᠥᠯᠦᠰᠭᠦ ᠮᠠᠶ‍ᠢᠭ ᠲᠡᠶ ᠪᠣᠯᠤᠭᠰᠠᠨ ᠳᠤᠯᠠ ᠵᠠᠮ ᠤᠨ ᠬᠠᠵᠠᠭᠤ ᠳᠤ ᠳᠡᠷᠭᠡ ᠪᠠᠨ ᠵᠤᠭᠰᠤᠭᠠᠵᠤ ᠰᠡᠭᠦᠳᠡᠷ ᠲᠤ ᠨᠢ ᠪᠦᠰ ᠶᠢᠡᠨ ᠳᠡᠯᠭᠡᠨ ᠦᠳᠡ ᠶᠢᠨ ᠬᠤᠭᠤᠯᠠ ᠢᠳᠡᠵᠡᠭᠡᠪᠡ᠃ ᠣᠯᠠᠭᠠᠠᠪᠠᠭᠠᠳᠤᠷ ᠡᠴᠡ ᠠᠪᠣᠭᠰᠠᠨ ᠮᠤᠩᠭ᠋ᠤᠯ ᠭᠢᠶᠠᠮ᠎ ᠬᠠᠪᠴᠢᠭᠤᠯᠤᠭᠰᠠᠨ ᠳᠠᠯᠬ᠎ᠠ ᠭᠡᠵᠤ ᠵᠠᠵᠢᠯᠠᠬᠤ ᠳᠤᠳᠤᠮ ᠠᠮᠳᠠᠳᠠᠢ ᠨᠢ ᠭᠡᠴᠡᠭᠦᠤ᠃ ᠵᠠᠮ ᠤᠨ ᠳᠠᠯᠠᠩ ᠢ ᠳᠠᠭᠠᠵᠤ ᠰᠤᠨᠤᠯᠵᠠᠬᠤ ᠥᠷᠭᠡᠨ ᠭᠤᠤ ᠳᠤ ᠭᠦᠮᠤᠨ ᠡᠴᠡ ᠦᠨᠳᠦᠷ ᠡᠷᠡᠮ᠎ᠡ ᠰᠢᠷᠠᠯᠵᠢ ᠰᠠᠬᠤᠯᠢᠭ ᠣᠷᠭᠤᠵᠤ ᠴᠠᠭᠠᠨ᠎ᠠ ᠨᠢ ᠵᠣᠢ᠌ᠯ ᠤᠨ ᠴᠡᠴᠡᠭ᠌ ᠥᠩᠭᠡ ᠢᠯᠭᠠᠷᠠᠨ ᠳᠡᠯᠭᠡᠷᠡᠨ᠎ᠡ᠃ ᠳᠠᠷᠠ ᠴᠠᠭᠠᠨ᠎ᠠ ᠪᠠᠭᠴᠠ ᠪᠠᠭᠴᠠ ᠣᠯᠠᠯᠵᠠᠨ ᠬᠠᠷᠠᠭᠳᠠᠬᠤ ᠴᠡᠴᠡᠭ᠌ ᠢ ᠥᠵᠡᠭᠡᠤᠨ ᠪᠠᠭ᠎ᠠ ᠶᠢᠨ ᠦᠶ᠎ᠡ ᠳᠤ ᠬᠤᠷᠴᠢᠨ ᠤ ᠪᠠᠭᠠᠳᠠᠯ᠎ᠠ ᠳᠤ ᠮᠢᠨᠢ ᠳᠡᠯᠭᠡᠷᠡᠳᠡᠭ᠌ ᠰᠠᠷᠠᠨ᠎ᠠ ᠴᠡᠴᠡᠭ᠌ ᠴᠤ ᠪᠣᠯᠪᠠ ᠦᠦ ᠭᠡᠵᠤ ᠦᠪᠡᠷ ᠤᠨ ᠡᠷᠭᠡ ᠦᠭᠡᠶ ᠭᠦᠶᠤᠨ ᠪᠠᠭᠤᠵᠤ ᠥᠵᠡᠭ᠍ᠰᠡᠨ ᠴᠢᠨᠢ ᠦᠵᠡᠰᠠ ᠥᠨᠡᠭᠡᠷ ᠰᠠᠷᠠᠨ᠎ᠠ ᠴᠡᠴᠡᠭ᠌ ᠪᠠᠢ᠌ᠭᠰᠠᠨ ᠠᠵᠤᠭᠤ᠃ ᠪᠢ ᠵᠢᠷᠤᠭ ᠤᠨ ᠮᠠᠰᠢᠨ ᠶᠢᠡᠨ ᠭᠠᠷᠭᠠᠵᠤ ᠰᠡᠭᠦᠳᠡᠷᠯᠡᠨ ᠠᠪᠣᠯ᠎ᠠ᠃ ᠣᠩᠭ᠋ᠤᠨ ᠪᠠᠢ᠌ᠭᠠᠯᠢ ᠶᠢᠨ ᠶᠢᠡᠨ ᠣᠶᠠᠬᠠᠨ ᠰᠠᠯᠭᠢᠨ ᠳᠤ ᠰᠠᠨᠠᠭ᠎ᠠ ᠠᠮᠤᠷ ᠭᠠᠩᠬᠤᠨ ᠳᠡᠯᠭᠡᠷᠡᠭᠡ ᠰᠠᠷᠠᠨ᠎ᠠ ᠮᠢᠨᠢ ᠭᠠᠩᠭ᠋ᠠᠩ ᠪᠠᠢ᠌ᠭᠠᠯᠢ ᠶᠢᠨ ᠶᠢᠡᠨ ᠥᠩᠭᠡ ᠭᠠᠯᠪᠢᠷ ᠢ ᠣᠷᠠᠯᠠᠨ ᠴᠢᠮᠠᠨ᠎ᠠ ᠳ᠋ᠠ᠂ ᠭᠦᠭᠡᠷᠦᠭᠦᠢ︕

ᠮᠠᠰᠢᠨ ᠳᠡᠷᠭᠡ ᠮᠠᠨᠢ ᠵᠢᠷᠢᠯᠵᠠᠨ ᠳᠠᠪᠭᠢᠭᠰᠠᠭᠠᠷ ᠣᠳᠠᠯ ᠦᠭᠡᠶ ᠣᠷᠬᠤᠨ ᠠᠢ᠌ᠮᠠᠭ ᠤᠨ ᠬᠠᠷᠢᠶᠠᠨ ᠳᠤ ᠣᠷᠤᠯ᠎ᠠ᠃ ᠬᠤᠯᠠ ᠡᠴᠡ ᠰᠤᠨᠤᠯᠵᠠᠨ ᠬᠠᠷᠠᠭᠳᠠᠬᠤ ᠭᠤᠤᠯ ᠢ ᠣᠷᠬᠤᠨ ᠭᠤᠤᠯ ᠭᠡᠵᠤ ᠵᠢᠯᠤᠭᠤᠴᠢ ᠭᠤᠸᠠᠢ ᠳᠠᠨᠢᠯᠴᠠᠭᠤᠯᠬᠤ ᠳᠤ᠂ ᠶᠡᠭᠡ ᠵᠤᠬᠢᠶᠠᠯᠴᠢ ᠳᠠᠰᠢᠳᠤᠷᠵᠢ ᠶᠢᠨ ᠨᠠᠴᠤᠭᠳᠤᠷᠵᠢ ᠭᠤᠸᠠᠢ ᠶᠢᠨ 《ᠮᠢᠨᠤ ᠨᠤᠳᠤᠭ》 ᠰᠢᠯᠦᠭ᠌ ᠳᠠᠭᠢ 《ᠣᠷᠬᠤᠨ᠂ ᠰᠡᠯᠡᠩᠭᠡ᠂ ᠭᠦᠭᠦᠢ ᠶᠢᠨ ᠣᠠᠴᠠ ᠰᠠᠢ᠌ᠬᠠᠨ ᠭᠤᠤᠯ ᠤᠳ》 ᠭᠡᠭᠦ ᠪᠠᠳᠠᠭ ᠳᠠᠷᠢᠭᠢᠨ ᠳᠤ ᠬᠠᠷᠪᠣᠭᠳᠠᠨ᠎ᠠ᠃ ᠣᠷᠬᠤᠨ ᠭᠤᠤᠯ ᠰᠡᠯᠡᠩᠭᠡ ᠮᠦᠷᠠᠨ ᠲᠡᠶ ᠨᠠᠢ᠌ᠯᠠᠵᠤ ᠣᠮᠠᠷᠠᠰᠢ ᠪᠠᠢ᠌ᠭᠠᠯ ᠳᠠᠯᠠᠢ ᠳᠤ ᠴᠢᠤᠠᠬᠤᠯᠠᠳᠠᠭ ᠠᠵᠠᠢ᠃ ᠭᠤᠤᠯ ᠤᠨ ᠣᠰᠤ ᠨᠠᠷᠠᠨ ᠤ ᠭᠡᠷᠡᠯ ᠳᠤ ᠰᠢᠵᠢᠷ ᠳᠤᠶᠠᠭ᠎ᠠ ᠭᠢᠯᠪᠠᠭᠤᠯᠤᠨ ᠮᠤᠷᠤᠯᠵᠠᠨ ᠣᠷᠤᠰᠤᠨ᠎ᠠ᠃ ᠰᠢᠯᠦᠭ᠌ ᠵᠤᠬᠢᠶᠠᠯ ᠳᠤ ᠳᠠᠩᠳᠠ ᠠᠭᠤᠯᠵᠠᠳᠠᠭ ᠣᠷᠬᠤᠨ ᠭᠤᠤᠯ ᠤᠨ ᠳᠡᠭᠡᠭᠦᠷ ᠭᠦᠦᠷ ᠶᠢᠡᠷ ᠥᠩᠭᠡᠷᠡᠭᠦ ᠳᠤ ᠨᠠᠭᠤᠷ ᠤᠨ ᠣᠰᠤ ᠳᠤᠪ ᠳᠤᠩᠭ᠋ᠠᠯᠠᠭ ᠶᠢᠡᠷ ᠮᠠᠯᠮᠠᠯᠵᠠᠵᠤ ᠵᠡᠭᠦᠳᠤ ᠵᠡᠷᠭᠡᠯᠭᠡᠨ ᠮᠠᠳᠤ ᠰᠠᠨᠠᠭᠳᠠᠨ᠎ᠠ᠃

ᠦᠳᠡ ᠭᠡᠯᠪᠠᠢ᠌ᠭᠦ ᠳᠤ ᠮᠤᠩᠭ᠋ᠤᠯ ᠣᠯᠤᠰ ᠤᠨ ᠠᠵᠤ ᠣᠢ᠌ᠯᠠᠤᠠᠪᠣᠷᠢ ᠶᠢᠨ ᠳᠤᠮᠤ ᠬᠤᠳᠠ ᠳᠠᠷᠬᠠᠨ ᠬᠤᠳᠠ ᠳᠤ ᠭᠦᠷᠴᠤ ᠢᠷᠠᠯ᠎ᠠ᠃ ᠠᠦ᠋ᠲ᠋ᠤᠪᠤᠰ ᠤᠨ ᠶᠢᠡᠨ ᠭᠡᠳᠡᠰᠤ ᠶᠢ ᠴᠠᠤᠠᠬᠠᠵᠤ ᠠᠪᠣᠭᠠᠤᠨ ᠴᠠᠭ ᠢ ᠠᠮᠵᠢᠨ ᠥᠷᠭᠦᠯᠵᠢᠯᠡᠨ ᠠᠶᠠᠯᠠᠪᠠ᠃ ᠳᠠᠷᠬᠠᠨ ᠬᠤᠳᠠ ᠭᠡᠵᠤ ᠦᠨᠳᠦᠷ ᠰᠥᠷᠯᠢᠭ᠌ ᠠᠰᠠᠷ ᠳᠠᠭᠳᠤ ᠢᠷᠠᠢ᠌ᠯᠴᠠᠵᠤ ᠵᠠᠬ᠎ᠠ ᠶᠢᠨ ᠵᠡᠭᠡᠯᠢ ᠭᠦᠭ᠍ᠵᠢᠶᠡᠨ ᠨᠠᠷᠭᠢᠶᠠᠨ ᠲᠡᠶ ᠨᠢ ᠦᠵᠡᠳᠠᠯ᠎ᠠ ᠢᠯᠡᠭᠡᠨ᠃ ᠵᠣᠢ᠌ᠯ ᠪᠦᠷᠢ ᠶᠢᠨ ᠭᠢᠴᠠ ᠲᠡᠶ ᠭᠠᠳᠠᠭᠠᠳᠤ ᠮᠠᠰᠢᠨ ᠢᠷᠠᠢ᠌ᠯᠴᠠᠨ ᠰᠢᠬᠠᠯᠴᠠᠵᠤ ᠨᠠᠭᠠᠰᠢ ᠴᠠᠭᠠᠰᠢ ᠵᠤᠷᠴᠢᠯᠳᠤᠨ᠎ᠠ᠃ ᠰᠤᠨᠤᠰᠬᠤᠯᠠᠷ ᠡᠨᠡ ᠨᠢ ᠮᠤᠩᠭ᠋ᠤᠯ ᠣᠯᠤᠰ ᠤᠨ ᠮᠠᠨᠢ ᠨᠢᠭᠡ ᠨᠤᠮᠸᠷ ᠤᠨ ᠳᠤᠮᠤ ᠠᠵᠤ ᠣᠢ᠌ᠯᠠᠤᠠᠪᠣᠷᠢ ᠶᠢᠨ ᠬᠤᠳᠠ ᠭᠡᠯᠳᠡᠢ᠂ ᠣᠠᠴᠠᠭᠠᠢ᠌ᠯᠠᠨ ᠠᠷᠠᠰᠤ ᠨᠤᠤᠰᠤᠨ ᠤ ᠥᠢᠯᠡᠳᠭᠦᠨ ᠨᠢ ᠲᠤᠩ ᠠᠯᠳᠠᠷᠳᠠᠢ ᠠᠵᠤᠭᠤ᠃ ᠬᠠᠯᠬ᠎ᠠ ᠳᠤ ᠨᠠᠷᠠ ᠮᠠᠨ ᠤ ᠭᠢ ᠡᠴᠡ ᠣᠷᠤᠢ ᠵᠢᠷᠭᠠᠳᠠᠭ ᠠᠵᠠᠢ᠃ ᠣᠷᠤᠢ ᠠᠷᠪᠠᠨ ᠴᠠᠭ ᠣᠢ᠌ᠷᠠᠳᠤᠭᠠᠤᠨ ᠨᠠᠷᠠ ᠰᠠ‍‌ᠶᠢ ᠠᠯᠭᠤᠷᠬᠠᠨ ᠠᠭᠤᠯᠠ ᠶᠢᠨ ᠴᠠᠭᠠᠭᠤᠷ ᠵᠢᠷᠭᠠᠨ ᠮᠢᠰᠢᠶᠠᠵᠤ ᠪᠠᠢ᠌ᠪᠠ᠃ ᠣᠷᠤᠢ ᠶᠢᠨ ᠨᠠᠷᠠᠨ ᠤ ᠳᠤᠯᠦᠩ ᠳᠤ ᠮᠤᠩᠭ᠋ᠤᠯ ᠤᠨ ᠳᠠᠯ᠎ᠠ ᠨᠤᠳᠤᠭ ᠣᠠᠴᠠ ᠶᠢᠨ ᠥᠵᠡᠰᠭᠦᠯᠡᠩ ᠶᠢᠡᠷ ᠰᠢᠷᠭᠠᠯ ᠳᠤᠶᠠᠭᠠᠨ ᠳᠤ ᠨᠥᠮᠦᠷᠢᠭ᠍ᠳᠡᠨ ᠬᠤᠴᠢᠭᠳᠠᠵᠤ ᠳᠠᠯᠪᠢᠭᠤᠨ ᠠᠮᠤᠭᠤᠯᠠᠩ ᠬᠠᠷᠠᠭᠳᠠᠨ᠎ᠠ᠃ ᠪᠢᠳᠠ ᠪᠣᠷᠭᠠᠯᠳᠠᠢ ᠭᠤᠤᠯ ᠢ ᠭᠠᠳᠤᠯᠵᠤ ᠣᠷᠬᠤᠨ ᠠᠢ᠌ᠮᠠᠭ ᠭᠢᠭᠡᠤᠨ ᠡᠷᠳᠡᠨᠢᠳᠤ ᠬᠤᠳᠠ ᠶᠢᠨ ᠠᠭᠤᠯᠵᠠᠷ ᠪᠣᠯᠬᠤ ᠭᠦᠰᠢᠶᠡᠳᠤ ᠶᠢᠨ ᠳᠠᠪᠠᠭᠠᠨ ᠳᠤ ᠪᠠᠭᠤᠵᠤ ᠬᠤᠶᠠᠷ ᠣᠪᠣᠭ᠎ᠠ ᠳᠤ ᠨᠢ ᠬᠠᠳᠠᠭ ᠶᠢᠡᠨ ᠡᠯᠭᠦᠵᠤ ᠠᠷᠢᠭᠢ ᠡᠷᠭᠦᠭᠡᠤᠨ ᠮᠥᠷᠭᠦᠨ ᠳᠠᠭᠢᠯ᠎ᠠ᠃ ᠬᠤᠶᠠᠷ ᠣᠪᠣᠭᠠᠨ ᠳᠡᠭᠡᠷ᠎ᠡ ᠴᠢᠯᠠᠭᠤ ᠨᠠᠮᠠᠵᠤ ᠮᠥᠩᠭᠦ ᠳᠦᠭᠦᠷᠢᠭ᠌ ᠳᠠᠯᠪᠢᠨ ᠠᠭᠤᠯᠠ ᠣᠰᠤᠨ ᠣᠪᠣᠭ᠎ᠠ ᠰᠠᠪᠳᠠᠭ ᠲᠤ ᠪᠠᠨ ᠵᠠᠯᠪᠠᠷᠢᠨ ᠳᠠᠭᠠᠤᠠᠬᠠᠬᠤ ᠳᠤ ᠰᠡᠷᠢᠭᠦᠨ ᠰᠠᠯᠭᠢ ᠰᠠᠪᠡᠯᠵᠠᠨ ᠰᠠᠪᠰᠢᠶᠠᠯᠠᠨ ᠬᠠᠴᠠᠷ ᠨᠢᠭᠤᠷ ᠢ ᠢᠯᠪᠢᠭᠡᠤᠨ᠂ ᠬᠤᠯᠠ ᠶᠢᠨ ᠬᠤᠯᠠ ᠡᠴᠡ ᠰᠥᠰᠦᠭᠯᠡᠨ ᠢᠷᠡᠭ᠍ᠰᠡᠨ ᠠᠴᠢᠷ ᠦᠷᠡᠰ ᠶᠢᠡᠨ ᠡᠯᠢᠭᠡᠨ ᠳᠤ ᠪᠠᠨ ᠨᠠᠭᠠᠵᠤ ᠠᠶᠠᠨ ᠵᠠᠮ ᠤᠨ ᠠᠯᠵᠢᠶᠠᠯ ᠳᠤᠭᠤᠰᠤ ᠶᠢ ᠠᠶᠠᠷᠬᠠᠨ ᠭᠦᠪᠢᠵᠤ ᠪᠠᠢ᠌ᠭ᠎ᠠ ᠨᠢ ᠮᠡᠳᠡᠭ᠍ᠳᠡᠨ᠎ᠡ᠃ ᠡᠨᠡ ᠦᠶ᠎ᠡ ᠪᠢᠳᠠ ᠡᠷᠳᠡᠨᠢᠳᠤ ᠬᠤᠳᠠ ᠶᠢᠨ ᠬᠠᠷᠢᠶᠠᠨ ᠤ ᠵᠢᠷᠭᠠᠯᠠᠩᠳᠤ ᠰᠤᠮᠤ ᠶᠢ ᠨᠢᠭᠡ᠊ᠨᠳᠡ ᠥᠩᠭᠡᠷᠡᠵᠤ ᠡᠷᠳᠡᠨᠢᠳᠤ ᠬᠤᠳᠠ ᠳᠤ ᠭᠦᠷᠴᠤ ᠣᠴᠢᠯ᠎ᠠ᠃ ᠡ᠊ᠨᠳᠡ ᠣᠷᠤᠢ ᠶᠢᠨ ᠬᠤᠭᠤᠯᠠ ᠪᠠᠨ ᠢᠳᠡᠭᠡᠤᠨ ᠬᠤᠳᠠ ᠡᠴᠡ ᠭᠠᠷᠴᠤ ᠮᠠᠢ᠌ᠬᠠᠨ ᠶᠢᠡᠨ ᠪᠣᠰᠬᠠᠬᠤ ᠪᠣᠯᠪᠠ᠃

ᠡᠷᠳᠡᠨᠢᠳᠤ ᠬᠤᠳᠠ᠂ ᠳᠠᠷᠬᠠᠨ ᠬᠤᠳᠠ ᠶᠢ ᠪᠣᠳᠤᠪᠠᠯ ᠠᠰᠠᠷ ᠳᠠᠭᠳᠤ ᠴᠤᠷᠣᠢ᠌ᠯᠴᠠᠭᠰᠠᠨ ᠪᠢᠰᠢ᠂ ᠥᠷᠭᠦᠢ ᠳ᠋ᠦᠩᠵᠠ ᠪᠠᠢ᠌ᠰᠢᠩ ᠵᠢᠭ᠍ᠳᠡᠷᠡᠭ᠍ᠰᠡᠨ ᠰᠡᠯᠡᠭᠦᠤ ᠳᠠᠢ᠌ᠪᠣᠭᠤᠨ ᠬᠤᠳᠠ ᠪᠠᠢ᠌ᠯ᠎ᠠ᠃ ᠠᠢ᠌ᠯ ᠤᠳ ᠨᠢ ᠮᠤᠳᠤᠨ ᠬᠠᠰᠢᠶ᠎ᠠ ᠪᠠᠷ ᠭᠦᠷᠢᠶᠡᠯᠡᠭ᠍ᠳᠡᠵᠤ᠂ ᠳ᠋ᠦᠩᠵᠠ ᠪᠠᠢ᠌ᠰᠢᠩ ᠤᠨ ᠭᠢᠨᠢ ᠣᠷᠤᠢ ᠨᠢ ᠶᠠᠩᠵᠤ ᠪᠦᠷᠢ ᠶᠢᠨ ᠥᠩᠭᠡ ᠢᠯᠭᠠᠷᠠᠨ ᠬᠠᠷᠠᠭᠳᠠᠨ᠎ᠠ᠃ ᠬᠤᠳᠠ ᠶᠢ ᠳᠤᠭᠤᠷᠢᠭᠰᠠᠨ ᠠᠭᠤᠯᠠᠰ ᠤᠨ ᠪᠠᠷ᠎ᠠ ᠦᠳᠡᠰᠢ ᠶᠢᠨ ᠭᠦᠰᠢᠭᠡᠨ ᠳᠤ ᠰᠥᠭᠯᠦᠢ᠌ᠵᠤ ᠣᠠᠴᠠ ᠶᠢᠨ ᠨᠠᠮ ᠵᠢᠮ ᠠᠵᠠᠢ᠃

ᠡ᠊ᠨᠳᠡᠭᠢ ᠬᠤᠭᠤᠯᠠᠨ ᠭᠡᠷ ᠨᠢ ᠪᠦᠷ ᠴᠤ ᠴᠠᠪᠠᠷ ᠴᠡᠮᠴᠡᠭᠡᠷ ᠨᠢ ᠭᠠᠢ᠌ᠬᠠᠯᠳᠠᠢ᠂ ᠮᠤᠩᠭ᠋ᠤᠯᠴᠤᠳ ᠧᠥᠷᠦᠫᠡ ᠮᠠᠶ‍ᠢᠭ ᠤᠨ ᠮᠤᠩᠭ᠋ᠤᠯ ᠬᠤᠭᠤᠯᠠ ᠪᠠᠷ ᠭᠤᠤᠯᠯᠠᠳᠠᠭ ᠳᠤᠯᠠ ᠭᠢᠳᠠᠤᠨ ᠤᠨ ᠰᠢᠭ ᠬᠠᠭᠤᠷᠤᠯᠭ᠎ᠠ᠂ ᠬᠠᠭᠠᠷᠢᠯᠭ᠎ᠠ ᠭᠢᠵᠤ ᠣᠳᠤᠭ᠎ᠠ ᠳᠤᠭᠤᠰᠤ ᠪᠣᠵᠢᠭᠢᠨᠠᠭᠤᠯᠳᠠᠭ ᠦᠭᠡᠶ᠃ ᠨᠠᠩ ᠴᠤ ᠰᠢᠷᠡᠭᠡ ᠳᠦᠭᠦᠷᠡᠩ ᠥᠷᠦᠭᠡᠤᠨ ᠬᠠᠭᠠᠰ ᠬᠤᠭᠤᠰ ᠢᠳᠠᠵᠤ ᠪᠦᠷᠢᠯᠭᠡᠳᠡᠭ᠌ ᠦᠭᠡᠶ ᠨᠢ ᠮᠠᠰᠢ ᠪᠢᠰᠢᠷᠡᠭ᠍ᠳᠡᠨ᠎ᠡ᠃ ᠮᠤᠩᠭ᠋ᠤᠯ ᠬᠤᠭᠤᠯᠠ ᠶᠢ ᠴᠠᠭᠠᠨ ᠢᠳᠡᠭᠡ᠂ ᠣᠯᠠᠭᠠᠨ ᠢᠳᠡᠭᠡ᠂ ᠭᠦᠭᠡ ᠢᠳᠡᠭᠡ᠂ ᠰᠢᠷ᠎ᠠ ᠢᠳᠡᠭᠡ (ᠪᠣᠶᠤ ᠪᠣᠷᠤ ᠢᠳᠡᠭᠡ)᠂ ᠬᠠᠷ᠎ᠠ ᠢᠳᠡᠭᠡ ᠭᠡᠵᠤ ᠳᠠᠪᠤᠨ ᠳᠠᠩᠰᠤᠭ ᠢᠳᠡᠭᠡᠨ ᠳᠤ ᠬᠤᠪᠢᠶᠠᠨ ᠨᠡᠷᠡᠯᠡᠳᠡᠭ᠌᠃ ᠴᠠᠭᠠᠨ ᠢᠳᠡᠭᠡ ᠨᠢ ᠰᠥ᠋ ᠴᠠᠭ᠎ᠠ ᠪᠠᠷ ᠭᠤᠤᠯᠯᠠᠵᠤ᠂ ᠣᠯᠠᠭᠠᠨ ᠢᠳᠡᠭᠡ ᠨᠢ ᠮᠢᠬ᠎ᠠ ᠪᠠᠷ ᠭᠤᠤᠯᠯᠠᠨ᠂ ᠭᠦᠭᠡ ᠢᠳᠡᠭᠡ ᠨᠢ ᠨᠤᠭᠤᠭ᠎ᠠ᠂ ᠰᠢᠷ᠎ᠠ ᠢᠳᠡᠭᠡ ᠨᠢ ᠭᠤᠯᠢᠷ ᠳᠤᠰᠤ᠂ ᠬᠠᠷ᠎ᠠ ᠢᠳᠡᠭᠡ ᠨᠢ ᠠᠷᠢᠭᠢ᠂ ᠪᠣᠯᠠᠭ ᠤᠨ ᠣᠰᠤ ᠶᠢ ᠵᠢᠭᠠᠳᠠᠭ ᠣᠴᠢᠷ ᠲᠡᠶ᠃ ᠣᠷᠳᠤ ᠣᠳᠠᠭᠠᠨ ᠮᠠᠯᠵᠢᠬᠤ ᠠᠮᠢᠳᠤᠷᠠᠯ ᠳᠤ ᠭᠤᠤᠯᠳᠠᠭᠤ ᠴᠠᠭᠠᠨ ᠢᠳᠡᠭᠡ᠂ ᠣᠯᠠᠭᠠᠨ ᠢᠳᠡᠭᠡ ᠭᠤᠤᠯᠯᠠᠳᠠᠭ ᠨᠢ ᠠᠷᠤ ᠦᠪᠣᠷ ᠮᠤᠩᠭ᠋ᠤᠯ ᠭᠡᠵᠤ ᠢᠯᠭᠠᠯ ᠦᠭᠡᠶ ᠠᠳᠠᠯᠢᠬᠠᠨ ᠶᠤᠮ᠃ ᠡᠢ᠌ᠨ ᠭᠦ ᠡ᠊ᠨᠳᠡᠭᠢ ᠬᠠᠮᠢᠭ᠎ᠠ ᠭᠠᠵᠠᠷ ᠪᠣᠯᠭᠠᠨ ᠤ ᠬᠤᠭᠤᠯᠠ ᠣᠮᠳᠠ ᠪᠢᠳᠠᠨ ᠳᠤ ᠣᠠᠴᠠ ᠳᠠᠭᠠᠯᠠᠭᠳᠠᠵᠤ ᠭᠡᠷ ᠲᠤ ᠪᠠᠨ ᠪᠠᠢ᠌ᠭ᠎ᠠ ᠯᠠ ᠣᠬᠠᠭᠠᠨ ᠲᠡᠶ ᠰᠠᠨᠠᠭᠳᠠᠨ᠎ᠠ᠃

ᠵᠠᠮ ᠬᠤᠷᠤᠭᠠᠬᠤ ᠶᠢᠨ ᠵᠡᠷᠭᠡ ᠪᠠᠷ ᠭᠤᠤᠯ ᠪᠣᠯᠠᠭ ᠲᠡᠶ ᠭᠠᠵᠠᠷ ᠮᠠᠢ᠌ᠬᠠᠨ ᠶᠢᠡᠨ ᠪᠣᠰᠭᠬᠠᠤ ᠭᠡᠵᠤ ᠨᠠᠯᠢᠶᠠᠤᠨ ᠣᠷᠤᠢ ᠪᠠᠭᠤᠳᠠᠯᠯᠠᠪᠠ᠃ ᠣᠰᠤ ᠠᠪᠴᠢᠷᠠᠬᠤ ᠨᠢ ᠠᠪᠴᠢᠷᠠᠵᠤ ᠳᠤᠯᠭ᠎ᠠ ᠶᠢᠨ ᠴᠢᠯᠠᠭᠤ ᠠᠪᠴᠢᠷᠠᠬᠤ ᠨᠢ ᠠᠪᠴᠢᠷᠠᠵᠤ ᠭᠡᠦᠭᠡᠤᠨ ᠮᠠᠨᠢ ᠬᠤᠪᠢ ᠬᠤᠪᠢᠨ ᠤ ᠮᠠᠢ᠌ᠬᠠᠨ ᠶᠢᠡᠨ ᠪᠣᠰᠬᠠᠨ ᠶᠠᠭᠠᠷᠠᠯᠳᠤᠨ᠎ᠠ᠃ ᠣᠳᠠᠯ ᠦᠭᠡᠶ ᠳᠠᠪᠤᠨ ᠮᠠᠢ᠌ᠬᠠᠨ ᠤ ᠬᠠᠵᠠᠭᠤ ᠳᠤ ᠳᠤᠯᠭ᠎ᠠ ᠶᠢᠨ ᠭᠠᠯ ᠣᠯᠠᠯᠵᠠᠨ ᠮᠢᠬ᠎ᠠ ᠲᠡᠶ ᠪᠣᠳᠠᠭ᠎ᠠ ᠳᠠᠷᠭᠢᠯᠤᠨ ᠰᠥ᠋ ᠲᠡᠶ ᠴᠠᠢ ᠶᠢᠨ ᠬᠠᠩᠬᠤᠯᠤᠮ᠎ᠠ ᠦᠨᠦᠷ ᠠᠭᠤᠰᠭᠢ ᠵᠢᠷᠦᠭᠡ ᠪᠠᠷ ᠨᠠᠪᠳᠠ ᠰᠠᠩᠭᠢᠨᠠᠵᠤ ᠪᠦᠭᠦᠯᠢ ᠡᠳᠦᠷ ᠤᠨ ᠶᠠᠳᠠᠷᠠᠭ᠎ᠠ ᠴᠢᠯᠡᠭᠡ ᠬᠤᠷᠤᠮᠬᠠᠨ᠎ᠠ ᠠᠷᠴᠢᠭᠳᠠᠪᠠ᠃

ᠮᠠᠷᠭᠠᠰᠢ ᠥᠷᠯᠦᠭᠡ ᠨᠢ ᠡᠷᠳᠡᠯᠡᠵᠤ ᠴᠠᠢ ᠪᠠᠨ ᠣᠤᠭᠤᠭᠠᠤᠨ ᠮᠤᠷᠳᠠᠯ᠎ᠠ᠃ ᠨᠢᠭᠡ᠊ᠨᠳᠡ ᠪᠣᠯᠠᠭᠠᠨ ᠠᠢ᠌ᠮᠠᠭ ᠤᠨ ᠨᠤᠳᠤᠭ ᠲᠤ ᠢᠷᠡᠴᠢᠭᠡᠭ᠍ᠰᠡᠨ ᠪᠠᠢ᠌ᠵᠠᠢ᠃ ᠪᠣᠯᠠᠭᠠᠨ ᠨᠤᠳᠤᠭ ᠭᠡᠵᠤ ᠶᠤᠰᠤᠳᠠᠢ ᠥᠵᠡᠰᠭᠦᠯᠡᠩ ᠭᠣᠢ᠌ᠳᠠ ᠪᠠᠶᠠᠨ ᠳᠠᠩᠰᠤᠭ ᠨᠤᠳᠤᠭ ᠡ᠃ ᠡᠪᠠᠰᠤ ᠪᠠᠯᠴᠢᠭᠡᠷ ᠡᠪᠦᠳᠦᠭ᠌ ᠳᠠᠪᠠᠨ ᠳᠤᠯᠭᠢᠶᠠᠯᠠᠨ ᠬᠠᠯᠢᠭᠤᠷᠠᠵᠤ ᠠᠭᠤᠯᠠᠰ ᠤᠨ ᠬᠤᠷᠮᠤᠢ ᠥᠭ᠍ᠰᠤᠨ ᠨᠠᠷᠠᠰᠤ ᠭᠠᠴᠤᠷ᠎ᠠ ᠶᠢᠨ ᠣᠢ ᠵᠢᠭ᠍ᠳᠡᠷᠡᠨ ᠳᠩᠳᠠᠷᠯᠠᠵᠤ ᠬᠠᠷᠠᠩᠭ᠋ᠤᠢ ᠨᠤᠭᠤᠭᠠᠨ ᠨᠡᠭᠡᠢ ᠳᠠᠪᠠᠯ ᠭᠡᠳᠦᠷᠦᠭ᠍ᠰᠡᠨ ᠳᠤᠯᠤᠭᠠᠤᠨ ᠮᠤᠷᠢᠳᠠᠨ ᠡᠷᠡᠴᠦᠦᠯ ᠰᠢᠭ ᠰᠥᠷᠯᠢᠭ᠌ ᠶᠡᠭᠡᠮᠰᠦᠭ᠌ ᠬᠠᠷᠠᠭᠳᠠᠨ᠎ᠠ᠃ ᠮᠤᠩᠭ᠋ᠤᠯ ᠣᠷᠤᠨ ᠤ ᠪᠠᠨ ᠡᠨᠡ ᠮᠠᠳᠤ ᠭᠠᠩᠭ᠋ᠠᠩ ᠥᠵᠡᠰᠭᠦᠯᠡᠩ ᠢ ᠳᠠᠭᠤ ᠠᠯᠳᠠᠨ ᠱᠠᠭᠰᠢᠷᠠᠬᠤ ᠳᠤ ᠪᠠᠨ ᠡᠷᠭᠡ ᠦᠭᠡᠶ ᠳᠡᠷᠭᠡ ᠪᠠᠨ ᠵᠤᠭᠰᠤᠭᠠᠵᠤ ᠪᠠᠭᠤᠵᠠᠭᠠᠯ᠎ᠠ᠃

ᠬᠤᠷᠤᠮᠬᠠᠨ ᠵᠠᠭᠤᠷ᠎ᠠ ᠴᠤ ᠭᠡᠰᠡᠨ ᠡᠩᠭᠡᠷ ᠲᠤ ᠨᠢ ᠡᠯᠢᠭᠡ ᠪᠠᠨ ᠨᠠᠭᠠᠵᠤ ᠡᠷᠡᠭᠦᠯ ᠴᠠᠪᠠᠷ ᠠᠭᠠᠷ ᠶᠢᠡᠷ ᠨᠢ ᠡᠪᠴᠢᠭᠦᠤ ᠴᠡᠭᠡᠵᠢ ᠪᠠᠨ ᠣᠭᠢᠶᠠᠶ᠎ᠠ᠃ ᠳᠡᠷᠳᠡᠭᠡ ᠬᠤᠯᠠ ᠦᠪᠣᠷ ᠮᠤᠩᠭ᠋ᠤᠯ ᠡᠴᠡ ᠡᠩᠭᠡ ᠮᠠᠠᠳᠤ ᠶᠢᠨ ᠬᠠᠳᠠᠭ ᠶᠢᠡᠨ ᠳᠡᠯᠭᠡᠵᠤ ᠡᠷᠪᠠᠢ ᠨᠢᠯᠬ᠎ᠠ ᠦᠷᠡᠰ ᠶᠢᠡᠨ ᠳᠠᠭᠠᠭᠤᠯᠵᠤ ᠢᠷᠠᠯ᠎ᠠ ᠪᠢᠳᠠ ᠴᠢᠨᠢ︕ ᠳᠠᠪᠤᠨ ᠭᠡᠦᠭᠡᠤᠨ ᠮᠠᠨᠢ ᠮᠤᠷᠢᠨ ᠬᠤᠭᠤᠷ ᠶᠢᠡᠨ ᠭᠦᠭ᠍ᠵᠢᠮᠳᠡᠵᠤ ᠳᠠᠩᠰᠤᠭ ᠢᠷᠠᠭᠤ ᠠᠶ᠎ᠠ ᠪᠠᠨ ᠪᠠᠶᠠᠨ ᠪᠠᠢ᠌ᠭᠠᠯᠢ ᠶᠢᠨ ᠣᠩᠭ᠋ᠤᠳ ᠰᠠᠭᠢᠭᠤᠰᠤ ᠨᠠᠪᠳᠠᠭ ᠰᠠᠪᠳᠠᠭ ᠲᠤ ᠪᠠᠨ ᠡᠷᠭᠦᠨ ᠪᠠᠷᠢᠯ᠎ᠠ᠃ ᠴᠡᠩᠭᠡᠷ ᠳᠩᠷᠢ ᠬᠠᠨᠠᠷᠠᠨ ᠴᠠᠭᠠᠨ ᠡᠭᠦᠯᠡᠰ ᠭᠡᠰᠡᠭ᠌ ᠭᠡᠰᠡᠭ᠌ ᠶᠢᠡᠷ ᠴᠤᠪᠬᠤᠷᠤᠯᠳᠤᠨ ᠪᠣᠰᠴᠤ ᠠᠭᠤᠯᠠᠰ ᠤᠨ ᠣᠷᠤᠢ ᠲᠡᠶ ᠵᠠᠯᠭᠠᠯᠳᠤᠨ᠎ᠠ᠃ ᠭᠦᠪᠴᠢ ᠣᠢ᠂ ᠨᠤᠭᠤᠭᠠᠨ ᠳᠠᠯ᠎ᠠ᠂ ᠠᠯᠠᠭ ᠴᠡᠴᠡᠭ᠌ ᠠᠮᠢᠰᠬᠤᠭ᠎ᠠ ᠳᠠᠷᠤᠨ ᠴᠢᠩᠨᠠᠵᠤ᠂ ᠢᠷᠠᠭᠤ ᠴᠤᠤᠷᠢᠶᠠᠯᠢᠭ ᠮᠤᠷᠢᠨ ᠬᠤᠭᠤᠷ ᠤᠨ ᠠᠶ᠎ᠠ ᠳᠤ ᠰᠤᠭᠳᠤᠭᠤᠷᠠᠨ ᠪᠣᠢ ᠠᠵᠤᠭᠤ᠃ ᠵᠠᠮ ᠶᠢᠡᠷ ᠭᠠᠷᠬᠤ ᠮᠠᠰᠢᠨ ᠲᠡᠶ ᠠᠶᠠᠠᠴᠢᠳ ᠴᠤ ᠮᠠᠰᠢᠨ ᠶᠢᠡᠨ ᠵᠤᠭᠰᠤᠭᠠᠨ ᠭᠦᠭ᠌ ᠨᠠᠮᠠᠨ ᠠᠯᠠᠭ᠎ᠠ ᠳᠠᠰᠢᠵᠤ ᠭᠦᠮᠤᠨ ᠪᠠᠢ᠌ᠭᠠᠯᠢ ᠵᠤᠭᠢᠴᠠᠯᠳᠤᠭᠰᠠᠨ ᠦᠵᠡᠮᠵᠢ ᠵᠢᠷᠤᠭ ᠲᠤ ᠥᠩᠭᠡ ᠨᠠᠮᠠᠷᠢᠯᠠᠨ᠎ᠠ᠃ ᠳᠠᠳᠠᠨ ᠤ ᠭᠡᠯᠡᠭᠦ ᠪᠠᠷ᠂ ᠡᠨᠡ ᠭᠠᠵᠠᠷ ᠢ ᠳᠦᠯᠦᠭᠦᠤ ᠶᠢᠨ ᠳᠠᠪᠠᠭ᠎ᠠ ᠭᠡᠳᠡᠭ᠌ ᠭᠡᠨ᠎ᠡ᠃

ᠦᠳᠡ ᠪᠣᠯᠬᠤ ᠳᠤ ᠪᠢᠳᠠ ᠵᠠᠮ ᠡᠴᠡ ᠣᠢ᠌ᠷᠠᠬᠠᠨ ᠬᠠᠷᠠᠭᠳᠠᠬᠤ ᠮᠤᠩᠭ᠋ᠤᠯ ᠭᠡᠷ ᠲᠤ ᠣᠷᠤᠪᠠ᠃ ᠭᠠᠳᠠᠨ᠎ᠠ ᠨᠢ ᠠᠳᠤᠭᠤᠳ ᠳᠤᠷᠭᠢᠯᠳᠤᠵᠤ᠂ ᠵᠠᠯᠠᠨ ᠳᠡᠭᠡᠷ᠎ᠡ ᠭᠡᠭᠦᠤ ᠰᠠᠭᠠᠵᠤ ᠪᠠᠢ᠌ᠭ᠎ᠠ ᠠᠵᠢ᠃ ᠭᠡᠦᠭᠡᠤᠨ ᠳᠡᠷᠭᠡᠨ ᠡᠴᠡ ᠪᠠᠭᠤᠮᠠᠭᠴᠠ ᠣᠨᠠᠭ᠎ᠠ ᠳᠠᠭ᠎ᠠ ᠳᠤ ᠳᠠᠳᠠᠭᠳᠠᠨ ᠭᠦᠵᠦᠭᠦᠤ ᠰᠡᠭᠡᠷ ᠢ ᠨᠢ ᠳᠡᠮᠳᠡᠷᠢᠭᠦ ᠭᠡᠵᠤ ᠣᠷᠤᠯᠳᠤᠨ᠎ᠠ᠃ ᠣᠯᠠᠨ ᠵᠢᠰᠤᠮ ᠤᠨ ᠠᠳᠤᠭᠤᠳ ᠤᠨ ᠳᠠᠷᠭᠤ ᠭᠦᠴᠦᠳᠡᠢ ᠶᠢ ᠶᠠᠭᠠᠭᠢᠬᠤ ᠪᠣᠢ︕

ᠮᠤᠩᠭ᠋ᠤᠯ ᠭᠡᠷ ᠲᠤ ᠣᠷᠤᠵᠤ ᠮᠠᠠᠳᠤ ᠰᠠᠢ᠌ᠨ ᠶᠢᠡᠨ ᠮᠡᠳᠡᠯᠴᠡᠭ᠍ᠰᠡᠨ ᠤ ᠳᠠᠷᠠᠭ᠎ᠠ ᠭᠡᠷ ᠤᠨ ᠡᠵᠡᠨ ᠳᠠᠪᠰᠢ ᠲᠡᠶ ᠦᠷᠦᠮ᠎ᠡ ᠬᠤᠷᠤᠳ ᠣᠢ᠌ᠷᠠᠳᠤᠭᠤᠯᠤᠨ ᠠᠢ᠌ᠷᠠᠭ ᠠᠶᠠᠭᠠᠯᠠᠪᠠ᠃ ᠪᠢᠳᠠ ᠴᠤ ᠠᠪᠴᠤ ᠶᠠᠪᠣᠭ᠎ᠠ ᠰᠢᠭᠢᠷ ᠪᠣᠷᠠᠮ ᠶᠢᠡᠨ ᠪᠠᠯᠡᠭ᠌ ᠪᠣᠯᠭᠠᠨ ᠪᠠᠷᠢᠵᠤ ᠠᠢ᠌ᠷᠠᠭ ᠡᠴᠡ ᠨᠢ ᠠᠮᠰᠠᠨ ᠨᠤᠳᠤᠭ ᠣᠰᠤᠨ ᠤ ᠵᠤᠭᠤᠭ ᠰᠤᠷᠠᠵᠤ ᠰᠠᠭᠤᠯ᠎ᠠ᠃ ᠡᠨᠡ ᠨᠤᠳᠤᠭ ᠢ ᠣᠷᠠᠨ ᠳᠤᠭᠤᠭ᠎ᠠ ᠭᠡᠳᠡᠭ᠌᠃ ᠡᠮᠦᠨᠡᠭᠦᠷ ᠳᠤᠭᠤᠭ᠎ᠠ ᠰᠢᠭ ᠠᠭᠤᠯᠠ ᠭᠦᠡᠳᠡᠯᠢᠰᠴᠤ ᠪᠠᠢ᠌ᠭ᠎ᠠ ᠪᠠᠷ ᠨᠢ ᠢᠩᠭᠢᠵᠤ ᠨᠠᠷᠠᠯᠠᠵᠠᠢ᠃ ᠬᠠᠨᠠᠨ ᠳᠤ ᠡᠯᠭᠦᠭᠡᠰᠦᠳᠡᠢ ᠵᠢᠷᠤᠭ ᠡᠴᠡ ᠨᠢ ᠨᠠᠷᠠᠳᠠᠢ ᠣᠶᠠᠭᠠᠴᠢ ᠠᠢ᠌ᠯ ᠪᠣᠯᠬᠤ ᠶᠢ ᠣᠢ᠌ᠯᠠᠭᠠᠪᠠ᠃ ᠣᠶᠠᠭᠠᠴᠢ ᠭᠡᠵᠤ ᠣᠷᠤᠯᠳᠤᠭᠠᠨ ᠮᠤᠷᠢ ᠶᠢ ᠰᠣᠢ᠌ᠵᠤ ᠶᠠᠩᠵᠤᠯᠠᠳᠠᠭ ᠮᠡᠷᠭᠡᠵᠢᠯᠳᠡᠨ ᠠᠵᠢ᠃ ᠮᠤᠩᠭ᠋ᠤᠯ ᠨᠤᠳᠤᠭ ᠲᠤ ᠨᠠᠷᠠᠳᠤ ᠣᠶᠠᠭᠠᠴᠢ ᠮᠠᠰᠢ ᠨᠠᠷ᠎ᠠ ᠭᠦᠡᠳᠦᠳᠡᠢ ᠭᠡᠭ᠍ᠳᠡᠳᠡᠭ᠌᠃ ᠪᠢᠳᠠ ᠠᠢ᠌ᠷᠠᠭ ᠡᠴᠡ ᠨᠢ ᠰᠠᠪᠠᠯᠠᠵᠤ ᠰᠠᠭᠠᠮ᠎ᠠ᠂ ᠦᠷᠦᠮ᠎ᠡ᠂ ᠬᠤᠷᠤᠳ ᠡᠴᠡ ᠨᠢ ᠠᠪᠴᠤ ᠮᠥᠩᠭᠦ ᠳᠦᠯᠦᠭᠦ ᠳᠤ ᠪᠦᠳᠦᠭᠦᠨ ᠳᠤᠭᠤᠭ᠎ᠠ ᠲᠡᠶ ᠭᠦᠭᠡᠷᠦᠭᠦᠯᠦᠭ᠍ᠰᠡᠨ ᠦᠷᠦᠮ᠎ᠡ ᠪᠠᠨ ᠭᠡᠦᠭᠡᠤᠨ ᠲᠤ ᠪᠠᠯᠡᠭ᠌ ᠪᠣᠯᠭᠠᠨ ᠦᠭ‍ᠭᠦᠨ᠎ᠡ ᠭᠡᠵᠤ ᠵᠢᠦᠡᠭᠦᠵᠤ ᠪᠠᠢ᠌ᠯ᠎ᠠ᠃ ᠭᠡᠦᠭᠡᠤᠨ ᠲᠤ ᠬᠠᠴᠢᠨ ᠬᠠᠢ᠌ᠷᠠᠳᠠᠢ ᠪᠠᠢ᠌ᠳᠠᠭ ᠦᠷᠦᠪᠴᠢ ᠡᠨᠡᠷᠢᠩᠭᠦᠢ ᠮᠤᠩᠭ᠋ᠤᠯ ᠵᠠᠩ ᠡ︕

ᠦᠳᠡᠰᠢ ᠶᠢᠨ ᠰᠢᠷᠭᠠᠯ ᠨᠠᠷᠠ ᠠᠭᠤᠯᠠ ᠭᠦᠪᠴᠢ ᠳᠠᠯ᠎ᠠ ᠭᠦᠳᠡᠭᠡ ᠶᠢ ᠣᠭᠤᠷᠠᠭ ᠤᠨ ᠥᠩᠭᠡ ᠪᠠᠷ ᠣᠭᠢᠶᠠᠵᠤ ᠡᠭᠢᠯᠡᠭᠦ ᠳᠤ 《ᠥᠷᠭᠡᠨ ᠰᠡᠯᠡᠩᠭᠡ ᠣᠢ ᠶᠢᠨ ᠳᠤᠮᠳᠠᠭᠤᠷ ᠱᠤᠤᠭᠢᠨ ᠣᠷᠤᠰᠤᠭᠰᠠᠭᠠᠷ》 ᠠᠢ᠌ᠰᠤᠢ᠃ ᠪᠦᠭᠦᠳᠡᠭᠡᠷ 《ᠥᠷᠭᠡᠨ ᠰᠡᠯᠡᠩᠭᠡ》 ᠵᠢ ᠰᠠᠤᠠᠭᠢᠯ ᠭᠦᠳᠡᠯᠤᠨ ᠳᠠᠭᠤᠯᠠᠵᠤ ᠡᠭᠢᠯᠡᠪᠡ᠃ ᠰᠡᠯᠡᠩᠭᠡ ᠮᠦᠷᠠᠨ ᠤ ᠭᠦᠪᠠᠭᠡ ᠪᠠᠷ ᠣᠢ ᠮᠤᠳᠤᠳ ᠢᠭᠴᠢ ᠰᠠᠬᠤᠯᠢᠭ ᠣᠷᠭᠤᠵᠠᠢ᠃ ᠣᠷᠤᠰᠬᠠᠯ ᠨᠢ ᠰᠢᠷᠦᠭᠦᠨ ᠭᠦᠴᠦᠳᠡᠢ ᠪᠠᠷ ᠬᠠᠷᠭᠢᠶᠠᠳᠠᠨ ᠡᠷᠭᠢᠯᠳᠦᠵᠤ ᠣᠮᠠᠷᠠᠰᠢ ᠣᠳᠤᠨ᠎ᠠ᠃ ᠰᠡᠯᠡᠩᠭᠡ ᠮᠦᠷᠠᠨ ᠡᠴᠡ ᠠᠶᠠᠷᠯᠠᠵᠤ ᠶᠠᠪᠣᠳᠠᠯ᠎ᠠ᠂ ᠬᠤᠨᠢᠨ ᠰᠥᠷᠦᠭ᠌ ᠳᠠᠭᠤᠵᠤ ᠶᠠᠪᠣᠭ᠎ᠠ ᠮᠤᠷᠢᠳᠠᠨ ᠵᠠᠯᠠᠭᠤ ᠲᠡᠶ ᠠᠭᠤᠯᠵᠠᠪᠠ᠃ ᠶᠠᠭ ᠰᠠᠶ‍ᠢᠬᠠᠨ ᠬᠤᠨᠢ ᠠᠷᠠᠯᠵᠢᠶᠠᠯᠠᠬᠤ ᠪᠠᠷ ᠶᠠᠪᠣᠵᠤ ᠪᠠᠢ᠌ᠭ᠎ᠠ ᠠᠵᠢ᠃ ᠪᠢᠳᠠ ᠨᠢᠭᠡ ᠬᠤᠨᠢ ᠬᠤᠳᠠᠯᠳᠤᠨ ᠠᠪᠣᠭᠠᠤᠨ ᠭᠤᠤᠯ ᠤᠨ ᠳᠤᠬᠤᠢ ᠳᠤ ᠭᠦᠪᠴᠢ ᠣᠢ ᠲᠡᠶ ᠠᠭᠤᠯᠠᠨ ᠤ ᠭᠢᠷ᠎ᠠ ᠳᠡᠭᠡᠷ᠎ᠡ ᠮᠠᠢ᠌ᠬᠠᠨ ᠶᠢᠡᠨ ᠪᠣᠰᠬᠠᠪᠠ᠃ ᠵᠢᠯᠤᠭᠤᠴᠢ ᠪᠠᠳᠤ ᠣᠤᠠᠬᠤᠨ ᠨᠡᠷ ᠬᠤᠨᠢ ᠨᠢᠳᠤᠯᠵᠤ ᠠᠯᠳᠠᠠᠳᠠᠯᠠᠢ ᠣᠳᠤᠩᠭ᠋ᠤᠸ᠎ᠠ ᠭᠡᠳᠡᠰᠤ ᠳᠤᠳᠤᠷ ᠠᠷᠢᠯᠭᠠᠵᠤ᠂ ᠭᠡᠷᠡᠯ᠂ ᠣᠯᠠᠭᠠᠨ᠎ᠠ ᠨᠡᠷ ᠮᠠᠢ᠌ᠬᠠᠨ ᠶᠢᠡᠨ ᠪᠣᠰᠬᠠᠨ ᠶᠠᠭᠠᠷᠠᠯᠳᠤᠪᠠ᠃ ᠵᠢᠯᠤᠭᠤᠴᠢ ᠪᠠᠳᠤᠠᠤᠤᠠᠬᠤᠨ ᠤ ᠭᠦᠳᠡᠷ ᠳᠤᠮᠤ ᠭᠠᠷ ᠤᠨ ᠭᠢᠨᠢ ᠭᠦᠳᠡᠯᠵᠤ ᠪᠠᠷᠢᠬᠤ ᠶᠢᠨ ᠪᠣᠰᠢᠭᠤ ᠱᠠᠯᠠᠮᠠᠭᠠᠢ ᠭᠡᠵᠤ ᠬᠠᠭᠠᠰ ᠴᠠᠭ ᠴᠤ ᠪᠣᠯᠤᠯ ᠦᠭᠡᠶ ᠳᠤᠭᠤᠭ᠎ᠠ ᠲᠡᠶ ᠮᠢᠬ᠎ᠠ ᠳᠠᠷᠭᠢᠳᠠᠯ᠎ᠠ ᠪᠣᠴᠠᠯᠪᠠ᠃ ᠳᠤᠷᠭᠠᠨ ᠥᠭᠡᠭᠦᠨ ᠳᠤ ᠨᠢ ᠡᠯᠢᠭᠡ ᠪᠦᠭᠡᠷ᠎ᠡ ᠶᠢ ᠪᠠᠭᠯᠠᠨ ᠰᠢᠷᠠᠵᠤ ᠢᠳᠡᠵᠡᠭᠡᠪᠡ᠃ ᠶᠡᠭᠡᠴᠦᠦᠯ ᠠᠷᠢᠭᠢ ᠪᠠᠨ ᠪᠠᠯᠭᠤᠵᠤ ᠮᠢᠬ᠎ᠠ ᠪᠠᠨ ᠢᠳᠠᠨ ᠪᠠᠭᠠᠴᠤᠤᠯ ᠴᠤ ᠳᠠᠭᠤᠤ ᠳᠠᠭᠤᠯᠠᠨ ᠰᠢᠯᠦᠭ᠌ ᠣᠶᠠᠩᠭ᠋ᠠᠯᠠᠵᠤ ᠭᠦᠭᠡᠷᠦᠯᠳᠤᠨ ᠨᠠᠷᠭᠢᠵᠤ ᠡᠭᠢᠯᠡᠪᠡ᠃ ᠨᠠᠢ᠌ᠷ ᠤᠨ ᠶᠢᠡᠨ ᠵᠠᠪᠰᠠᠷ ᠲᠤ ᠪᠢ ᠭᠡᠦᠭᠡᠤᠨ ᠢ ᠳᠠᠭᠠᠭᠤᠯᠤᠨ ᠣᠢ ᠳᠤ ᠣᠷᠤᠵᠤ ᠭᠦᠵᠡᠯᠵᠡᠭᠡᠨ᠎ᠡ ᠳᠡᠭᠦᠪᠡ᠃ ᠵᠠᠮ ᠳᠡᠭᠡᠷ᠎ᠡ ᠳᠤᠯᠤᠭ᠎ᠠ ᠨᠢ᠋ᠮᠠᠨ ᠨᠠᠰᠤ ᠲᠡᠶ ᠭᠡᠦᠭᠡᠤᠨ ᠭᠦᠵᠡᠯᠵᠡᠭᠡᠨ᠎ᠡ᠂ ᠮᠤᠨᠤᠰᠤ᠂ ᠦᠷᠠᠯ ᠵᠡᠷᠭᠡ ᠭᠡᠭᠡᠷ᠎ᠡ ᠶᠢᠨ ᠵᠢᠮᠢᠰ ᠬᠤᠳᠠᠯᠳᠤᠵᠤ ᠪᠠᠢ᠌ᠬᠤ ᠲᠡᠶ ᠵᠥᠩᠳᠡᠭᠡᠨ ᠳᠠᠭᠠᠷᠠᠪᠠ᠃ ᠳᠩᠷᠢ ᠶᠢ ᠪᠠᠭᠠᠨᠠᠳᠠᠭᠰᠠᠨ ᠬᠤᠰᠤ᠂ ᠭᠠᠴᠤᠷ᠎ᠠ᠂ ᠨᠠᠷᠠᠰᠤᠨ ᠮᠤᠳᠤᠨ ᠤ ᠭᠦᠯ ᠳᠤᠤᠷ᠎ᠠ ᠴᠢᠰᠤ ᠳᠤᠰᠤᠯᠤᠮ᠎ᠠ ᠪᠣᠯᠪᠠᠰᠤᠷᠠᠭᠰᠠᠨ ᠭᠦᠵᠡᠯᠵᠡᠭᠡᠨ᠎ᠡ ᠭᠠᠷ ᠭᠦᠷᠦᠮᠡᠭ᠍ᠴᠡ ᠱᠥᠭᠦᠰᠤ ᠳᠤᠰᠤᠯᠠᠵᠤ ᠪᠠᠢ᠌ᠯ᠎ᠠ᠃ ᠳᠤᠳᠤᠭᠰᠢ ᠣᠷᠤᠪᠠᠯ ᠦᠷᠠᠯ᠂ ᠮᠤᠨᠤᠰᠤ ᠪᠦᠩᠵᠢᠭᠢᠨᠡᠵᠤ ᠪᠠᠶᠠᠨ ᠪᠠᠢ᠌ᠭᠠᠯᠢ ᠶᠢᠨ ᠥᠩᠭᠡ ᠳᠠᠩᠰᠤᠭ ᠢ ᠭᠠᠢ᠌ᠬᠠᠭᠤᠯᠤᠨ᠎ᠠ᠃ ᠵᠢᠯᠤᠭᠤᠴᠢ ᠶᠢᠨ ᠭᠡᠯᠡᠭᠦ ᠪᠠᠷ ᠣᠢ ᠳᠤ ᠵᠡᠷᠯᠢᠭ᠌ ᠠᠷᠢᠶᠠᠳᠠᠨ ᠊᠊᠊᠊᠊᠊᠊᠊᠊᠊᠊᠊᠊᠊᠊ ᠪᠠᠭᠠᠪᠠᠭᠠᠢ᠂ ᠴᠢᠨᠸ᠎ᠠ᠂ ᠭᠡᠭᠡᠷ᠎ᠡ ᠶᠢᠨ ᠭᠠᠬᠠᠢ ᠴᠤ ᠪᠠᠢ᠌ᠳᠠᠭ ᠭᠡᠨ᠎ᠡ᠃

ᠳᠠᠷᠠᠭ᠎ᠠ ᠥᠷᠯᠦᠭᠡ ᠨᠢ ᠪᠢ ᠨᠠᠷᠠ ᠭᠠᠷᠬᠤ ᠡᠴᠡ ᠡᠮᠦᠨ᠎ᠡ ᠵᠠᠪᠳᠤᠵᠤ ᠪᠣᠰᠪᠠ᠃ ᠵᠢᠷᠤᠭ ᠤᠨ ᠮᠠᠰᠢᠨ ᠶᠢᠡᠨ ᠠᠪᠣᠭᠠᠤᠨ ᠮᠠᠢ᠌ᠬᠠᠨ ᠡᠴᠡ ᠭᠠᠷᠬᠤ ᠳᠤ ᠳᠡᠷᠳᠡᠭᠡᠭᠢ ᠳᠠᠨᠠᠨ ᠴᠠᠭᠠᠨ ᠮᠤᠩᠭ᠋ᠤᠯ ᠭᠡᠷ ᠡᠴᠡ ᠣᠳᠤᠭ᠎ᠠ ᠰᠤᠭᠤᠨᠠᠭᠯᠠᠵᠤ ᠶᠠᠭᠠᠨ ᠳᠡᠷᠯᠢᠭ᠌ ᠲᠡᠶ ᠪᠦᠰᠡᠭᠦᠢ ᠵᠠᠯᠠᠨ ᠳᠡᠭᠡᠷ᠎ᠡ ᠪᠠᠨ ᠦᠨᠢᠶ᠎ᠡ ᠪᠠᠨ ᠰᠠᠭᠠᠵᠤ ᠪᠠᠢ᠌ᠯ᠎ᠠ᠃ ᠰᠦᠨᠢᠵᠢᠨ ᠰᠥᠷᠦᠭ᠌ ᠠᠳᠤᠭᠤ ᠪᠠᠨ ᠮᠠᠨᠠᠵᠤ ᠬᠤᠨᠤᠭᠰᠠᠨ ᠠᠳᠤᠭᠤᠴᠢᠨ ᠵᠠᠯᠠᠭᠤ ᠮᠤᠷᠢ ᠳᠤᠪᠳᠤᠯᠭᠠᠨ ᠠᠳᠤᠭᠤ ᠪᠠᠨ ᠬᠤᠮᠢᠨ᠎ᠠ᠃ ᠨᠤᠪ ᠨᠤᠭᠤᠭᠠᠨ ᠳᠠᠯ᠎ᠠ ᠳᠤ ᠨᠢᠮᠭᠡᠨ ᠣᠨᠢᠶᠠᠷ ᠡᠪᠭᠡᠷᠡᠯᠳᠤᠨ ᠰᠢᠭᠦᠳᠡᠷᠢ ᠶᠢᠨ ᠮᠥᠭᠦᠯᠢᠭ᠌ ᠡᠪᠠᠰᠤᠨ ᠤ ᠣᠷᠤᠢ ᠳᠤ ᠪᠦᠮᠪᠦᠭᠡᠨᠡᠨ ᠭᠢᠯᠠᠯᠵᠠᠨ᠎ᠠ᠃ ᠡᠨᠡ ᠪᠦᠭᠦᠢ ᠦᠵᠡᠮᠵᠢ ᠵᠢᠷᠤᠭ ᠲᠤ ᠰᠤᠭᠳᠤᠭᠤᠷᠠᠨ ᠡᠷᠭᠢᠵᠤ ᠬᠠᠷᠠᠬᠤ ᠳᠤ ᠵᠠᠭᠤᠨ ᠮᠸᠲ᠋ᠷ ᠤᠨ ᠴᠠᠭᠠᠨ᠎ᠠ ᠬᠤᠤᠰ ᠳᠤᠭᠤᠷᠤᠤ ᠵᠢᠭᠦᠷ ᠶᠢᠡᠨ ᠳᠡᠯᠭᠡᠨ ᠳᠡᠪᠢᠭᠦ ᠠᠵᠢ᠃ ᠬᠠᠵᠠᠭᠤ ᠪᠠᠷ ᠨᠢ ᠠᠢ᠌ᠯ ᠤᠨ ᠬᠤᠳᠠᠴᠢ ᠨᠤᠬᠠᠢ ᠮᠢᠬ᠎ᠠ ᠥᠨᠦᠷᠳᠦᠭ᠍ᠰᠡᠨ ᠪᠣᠯᠤᠯᠳᠠᠢ ᠮᠠᠨ ᠤ ᠮᠠᠢ᠌ᠬᠠᠨ ᠵᠥᠭ᠌ ᠠᠯᠭᠤᠷ ᠱᠤᠭᠰᠢᠬᠤ ᠳᠤ᠂ ᠬᠤᠤᠰ ᠳᠤᠭᠤᠷᠤᠤ ᠠᠢ᠌ᠯ ᠤᠨ ᠨᠤᠬᠠᠢ ᠡᠴᠡ ᠥᠴᠦᠭᠡᠨ ᠴᠤ ᠥᠷᠭᠦᠵᠤ ᠰᠤᠴᠢᠬᠤ ᠮᠠᠶ‍ᠢᠭ ᠦᠭᠡᠶ᠂ ᠨᠤᠬᠠᠢ ᠴᠤ ᠳᠠᠳᠠᠨ ᠢ ᠣᠭᠳᠤ ᠣᠢ᠌ᠰᠢᠶᠠᠬᠤ ᠶᠠᠩᠵᠤ ᠦᠭᠡᠶ᠃ ᠡᠢ᠌ᠨ ᠭᠦ ᠠᠮᠤᠭᠤᠯᠠᠩ ᠳᠠᠪᠠᠳᠠᠢ ᠦᠵᠡᠮᠵᠢ ᠵᠢᠷᠤᠭ ᠢ ᠬᠠᠷᠠᠭᠠᠤᠨ ᠪᠢ ᠨᠢᠳᠤ ᠪᠠᠨ ᠢᠳᠠᠭᠡᠵᠤ ᠶᠠᠳᠠᠨ ᠬᠤᠷᠳᠤᠨ ᠵᠢᠷᠤᠭ ᠤᠨ ᠮᠠᠰᠢᠨ ᠶᠢᠡᠨ ᠳᠠᠭᠠᠷᠠᠭᠤᠯᠤᠨ ᠰᠡᠭᠦᠳᠡᠷᠯᠡᠨ ᠠᠪᠣᠯ᠎ᠠ᠃

ᠡᠨᠡ ᠦᠶ᠎ᠡ ᠳᠤ ᠠᠭᠤᠯᠠᠨ ᠤ ᠴᠠᠭᠠᠨ᠎ᠠ ᠡᠴᠡ ᠨᠠᠷᠠᠨ ᠤ ᠳᠤᠯᠤᠭᠠᠢ ᠪᠣᠯᠳᠠᠢ᠌ᠨ ᠴᠤᠬᠣᠢ᠌ᠵᠤ ᠬᠠᠷᠠᠭᠳᠠᠨ᠎ᠠ᠃ ᠨᠠᠷᠠ ᠠᠯᠭᠤᠷ ᠳᠡᠭᠡᠭ᠍ᠰᠢᠯᠡᠯ᠎ᠡ᠃ ᠨᠠᠷᠠᠨ ᠤ ᠣᠯᠠᠪᠢᠷ ᠳᠤᠶᠠᠭᠠᠨ ᠳᠤ ᠨᠤᠮᠢᠨ ᠨᠤᠭᠤᠭᠠᠨ ᠣᠢ ᠭᠦᠪᠴᠢ ᠪᠠᠷ ᠬᠤᠴᠢᠭᠳᠠᠭᠰᠠᠨ ᠣᠨᠢᠶᠠᠷᠳᠤᠨ ᠰᠥᠭᠯᠦᠢ᠌ᠭᠦ ᠠᠭᠤᠯᠠᠰ ᠤᠨ ᠳᠤᠯᠤᠭᠠᠤᠨ ᠨᠣᠢ᠌ᠷ ᠡᠴᠡ ᠪᠠᠨ ᠰᠠᠷᠠᠵᠤ ᠪᠠᠢ᠌ᠭ᠎ᠠ ᠪᠣᠯᠤᠯᠳᠠᠢ᠂ ᠠᠭᠠᠵᠢᠮ ᠶᠢᠡᠷ ᠳᠤᠳᠤᠷᠠᠨ ᠬᠠᠷᠠᠭᠳᠠᠨ᠎ᠠ᠃ ᠣᠢ ᠶᠢᠨ ᠳᠤᠳᠤᠷ᠎ᠠ ᠡᠴᠡ ᠰᠢᠪᠠᠭᠤᠳ ᠤᠨ ᠵᠢᠷᠭᠢᠨ ᠳᠤᠩᠭ᠋ᠤᠤᠠᠬᠤ ᠳᠠᠭᠤ ᠨᠠᠮ ᠵᠢᠮ ᠥᠷᠯᠦᠭᠡ ᠶᠢᠨ ᠠᠭᠠᠷ ᠢ ᠵᠦᠰᠤᠨ ᠣᠶᠠᠩᠭ᠋ᠠᠳᠠᠢ ᠴᠤᠤᠷᠢᠶᠠᠳᠤᠨ᠎ᠠ᠃ ᠭᠤᠤᠯ ᠤᠨ ᠳᠡᠷᠳᠡᠭᠡ ᠣᠯᠠᠭᠠᠨ ᠨᠤᠭᠤᠭᠠᠨ ᠳᠠᠪᠠᠯ ᠲᠡᠶ ᠮᠠᠨᠠᠢ᠌ᠭᠢᠳ ᠨᠢᠭᠤᠷ ᠭᠠᠷ ᠶᠢᠡᠨ ᠣᠭᠢᠶᠠᠵᠤ ᠪᠠᠢ᠌ᠭ᠎ᠠ ᠪᠣᠯᠤᠯᠳᠠᠢ ᠨᠠᠮ᠎ᠠ ᠶᠢ ᠳᠠᠯᠠᠯᠤᠨ᠎ᠠ᠃ ᠥᠷᠯᠦᠭᠡ ᠶᠢᠨ ᠭᠤᠤᠯ ᠤᠨ ᠣᠰᠤ ᠨᠠᠩ ᠳᠤᠪ ᠳᠤᠩᠭ᠋ᠠᠯᠠᠭ ᠮᠥᠷᠳᠡᠭᠡᠨ ᠰᠢᠳᠤ ᠬᠠᠭ᠎ᠠ ᠳᠠᠰᠢᠮ᠎ᠠ ᠭᠦᠢᠳᠡᠨ ᠪᠠᠢ᠌ᠯ᠎ᠠ᠃ ᠭᠦᠳᠦᠯ ᠤᠨ ᠴᠠᠭᠠᠨ᠎ᠠ ᠡᠴᠡ ᠣᠰᠤ ᠳᠡᠭᠡᠭᠡᠭᠦ ᠪᠠᠷ ᠶᠠᠪᠣᠭ᠎ᠠ ᠥᠭᠡᠷ ᠬᠠᠰᠠᠭ ᠲᠡᠶ ᠮᠠᠯᠴᠢᠨ ᠡᠪᠦᠭᠡᠨ ᠠᠯᠭᠤᠷ ᠨᠠᠭᠠᠰᠢᠯᠠᠨ᠎ᠠ᠃ ᠪᠣᠯᠠᠭ ᠤᠨ ᠣᠠᠳᠤᠷᠤᠯ ᠲᠡᠶ ᠶᠠᠰᠤ ᠶᠠᠩᠭᠢᠨᠠᠮ᠎ᠠ ᠭᠤᠤᠯ ᠤᠨ ᠣᠰᠤ ᠪᠠᠷ ᠨᠢᠭᠤᠷ ᠭᠠᠷ ᠶᠢᠡᠨ ᠷᠠᠰᠢᠶᠠᠯᠠᠵᠤ᠂ ᠥᠷᠯᠦᠭᠡ ᠶᠢᠨ ᠡᠷᠡᠭᠦᠯ ᠴᠠᠪᠠᠷ ᠠᠭᠠᠷ ᠢ ᠴᠡᠭᠡᠵᠢ ᠳᠦᠭᠦᠷᠳᠡᠯ᠎ᠡ ᠵᠠᠯᠭᠢᠯᠠᠬᠤ ᠳᠤ ᠪᠦᠭᠦ ᠪᠠᠶ᠎ᠠ ᠶᠢᠨ ᠰᠤᠳᠠᠯ ᠰᠢᠷᠪᠣᠰᠤ ᠳᠠᠯᠪᠢᠭᠳᠠᠨ ᠳᠤᠩᠭ᠋ᠠᠯᠠᠭᠵᠢᠵᠤ ᠠᠯᠢᠪᠠ ᠠᠮᠢᠳᠤᠷᠠᠯ ᠤᠨ ᠳᠦᠯᠦᠭᠡᠨ ᠤ ᠳᠠᠯᠴᠢᠯᠠᠯ᠂ ᠬᠠᠷ᠎ᠠ ᠪᠣᠷᠤ ᠭᠤᠨᠢᠭ ᠣᠢ᠌ᠤᠠᠬᠠᠷ ᠣᠷᠤ ᠳᠠᠰᠤ ᠮᠠᠷᠳᠠᠭᠳᠠᠨ ᠠᠷᠢᠯᠤᠨ᠎ᠠ᠃ ᠢᠩᠭᠢᠵᠤ ᠪᠢᠳᠠ ᠭᠤᠷᠪᠠᠳᠠᠭᠢ ᠥᠷᠯᠦᠭᠡ ᠨᠢ ᠮᠢᠬ᠎ᠠ ᠪᠠᠨ ᠭᠦᠰᠭᠦᠯᠡᠵᠤ ᠴᠠᠢ ᠪᠠᠨ ᠣᠤᠭᠤᠭᠠᠤᠨ ᠠᠶᠠᠨ ᠳᠤ ᠪᠠᠨ ᠮᠤᠷᠳᠠᠯ᠎ᠠ᠃ ᠭᠦᠪᠰᠦᠭᠦᠯ ᠠᠢ᠌ᠮᠠᠭ ᠤᠨ ᠬᠠᠷᠠᠭᠠᠨ ᠳᠤ ᠣᠷᠤᠵᠤ ᠠᠢ᠌ᠮᠠᠭ ᠤᠨ ᠲᠦᠪ ᠮᠦᠷᠠᠨ ᠬᠤᠳᠠ ᠳᠤ ᠳᠦᠭᠦᠵᠤ ᠪᠣᠢ ᠠᠵᠢ᠃ ᠮᠦᠷᠠᠨ ᠬᠤᠳᠠ ᠶᠢᠨ ᠪᠣᠭᠤᠮᠳᠠ ᠪᠣᠯᠬᠤ ᠪᠣᠰᠬᠤ ᠶᠢᠨ ᠳᠠᠪᠠᠭᠠᠨ ᠳᠡᠭᠡᠷ᠎ᠡ ᠪᠠᠭᠤᠵᠤ ᠴᠡᠩᠭᠡᠷ ᠬᠠᠳᠠᠭ ᠶᠢᠡᠷ ᠴᠢᠮᠡᠭᠯᠡᠭ᠍ᠳᠡᠭ᠍ᠰᠡᠨ ᠣᠪᠣᠭᠠᠨ ᠳᠤ ᠭᠤᠷᠪᠠᠠᠳᠠ ᠳᠤᠭᠣᠢ᠌ᠯᠠᠵᠤ ᠮᠥᠷᠭᠦᠭᠡᠤᠨ᠂ ᠬᠠᠳᠠᠭ ᠶᠢᠡᠨ ᠡᠷᠭᠦᠨ ᠠᠷᠢᠭᠢ ᠪᠠᠨ ᠰᠡᠷᠵᠢᠮᠯᠡᠭᠡᠤᠨ ᠴᠠ ᠪᠣᠭᠤ ᠶᠢᠨ ᠰᠠᠢ᠌ᠯᠤᠮᠠᠯ ᠭᠦᠷᠦᠭ᠌ ᠤᠨ ᠡᠮᠦᠨ᠎ᠡ ᠵᠢᠷᠤᠭ ᠳᠤᠷᠠᠰᠬᠠᠯ ᠥᠯᠡᠳᠡᠭᠡᠪᠡ᠃

ᠳᠠᠪᠠᠭᠠᠨ ᠳᠡᠭᠡᠷ᠎ᠡ ᠡᠴᠡ ᠪᠠᠷᠠᠯᠠᠬᠤ ᠳᠤ ᠳᠤᠤᠷ᠎ᠠ ᠭᠦᠡᠳᠡᠢ ᠳᠤ ᠭᠡᠳᠤ ᠭᠡᠳᠤᠨ ᠭᠤᠤᠯ ᠰᠠᠯᠪᠣᠷᠢᠯᠠᠨ ᠨᠠᠢ᠌ᠯᠠᠵᠤ ᠳᠠᠭᠢᠨ ᠰᠠᠯᠪᠣᠷᠢᠯᠠᠨ ᠣᠷᠤᠰᠤᠭᠠᠤᠨ ᠪᠦᠭᠦᠢᠯᠡ ᠬᠤᠭᠤᠯᠠᠢ ᠳᠤ ᠴᠡᠩᠭᠡᠷ ᠴᠠᠭᠠᠨ ᠬᠠᠳᠠᠭ ᠢ ᠭᠡᠳᠤ ᠭᠡᠳᠤ ᠪᠠᠷ ᠵᠡᠷᠭᠡᠴᠡᠭᠦᠯᠤᠨ ᠳᠠᠯᠪᠢᠭᠰᠠᠨ ᠮᠠᠳᠤ ᠭᠤᠶᠤ ᠬᠠᠷᠠᠭᠳᠠᠨ᠎ᠠ᠃ ᠭᠤᠤᠯ ᠢ ᠳᠠᠭᠠᠭᠠᠤᠨ ᠬᠤᠨᠢ ᠢᠮᠠᠭᠠᠨ ᠰᠥᠷᠦᠭ᠌ ᠳᠠᠷᠬᠠᠨ ᠪᠠᠯᠴᠢᠵᠤ ᠭᠤᠷᠪᠠ ᠪᠠᠷ ᠴᠢᠠᠳᠠᠮᠤᠨᠢᠯᠠᠨ ᠪᠠᠭᠤᠭᠰᠠᠨ ᠮᠤᠩᠭ᠋ᠤᠯ ᠭᠡᠷ ᠴᠠᠢ᠌ᠯᠵᠠᠨ ᠬᠠᠷᠠᠭᠳᠠᠨ᠎ᠠ᠃

ᠦᠳᠡ ᠳᠦᠭᠦᠭᠦ ᠳᠤ ᠠᠴᠢᠮᠠᠭ ᠤᠨ ᠨᠠᠭᠤᠷ ᠭᠦᠷᠴᠤ ᠢᠷᠡᠭ᠍ᠰᠡᠨ ᠢ ᠪᠢᠳᠠ ᠭᠠᠵᠠᠷ ᠤᠨ ᠵᠢᠷᠤᠭ ᠳᠡᠭᠡᠷ᠎ᠡ ᠡᠴᠡ ᠪᠠᠨ ᠮᠠᠳᠠᠪᠠ᠃ ᠳᠡᠷᠭᠡᠨ ᠴᠤᠩᠬᠤ ᠪᠠᠷ ᠭᠠᠳᠠᠭᠰᠢ ᠬᠠᠷᠠᠬᠤ ᠳᠤ ᠣᠮᠠᠷ᠎ᠠ ᠵᠥᠭ᠌ ᠡᠴᠡ ᠭᠡᠰᠡᠭ᠌ ᠭᠡᠰᠡᠭ᠌ ᠡᠭᠦᠯᠡᠰ ᠡᠪᠭᠡᠷᠡᠯᠳᠤᠨ ᠪᠣᠰᠴᠤ ᠡᠯᠳᠡᠪ ᠳᠦᠷᠰᠦ ᠲᠡᠶ ᠬᠠᠷᠠᠭᠳᠠᠨ᠎ᠠ᠃ ᠴ·ᠳᠡᠮᠳᠢᠡᠰᠥᠷᠦᠡᠭ᠌ ᠭᠤᠸᠠᠢ 《ᠵᠤᠭᠠᠴᠠᠷ᠎ᠠ ᠮᠤᠷᠳᠠᠭᠰᠠᠨ ᠨᠢ》 ᠰᠢᠯᠦᠭ᠌ ᠲᠤ ᠪᠠᠨ᠄ 《ᠠᠮᠠᠷᠠᠭ ᠭᠦᠭᠡᠷᠦᠭᠦᠨ ᠪᠦᠰᠡᠭᠦᠢ ᠮᠢᠨᠢ᠂ ᠠᠵᠢᠭᠯᠠ ᠳᠠᠷᠠ ᠡᠭᠦᠯᠡᠰ ᠢ᠂ ᠠᠴᠢᠶ᠎ᠠ ᠲᠡᠶ ᠴᠠᠭᠠᠨ ᠳᠡᠮᠡᠭᠡ ᠭᠡᠪᠳᠡᠵᠤ ᠪᠠᠢ᠌ᠭ᠎ᠠ ᠶᠤᠮ ᠰᠢᠭ᠂ ᠠᠷᠤᠭ ᠡᠭᠦᠷᠦᠭ᠍ᠰᠡᠨ ᠪᠦᠰᠡᠭᠦᠢ ᠪᠦᠵᠢᠭᠯᠡᠵᠤ ᠪᠠᠢ᠌ᠭ᠎ᠠ ᠴᠤ ᠶᠤᠮ ᠰᠢᠭ᠂ ᠠᠷᠰᠯᠠᠨ ᠪᠠᠷᠰ ᠬᠤᠶᠠᠷ ᠨᠤᠴᠤᠯᠳᠤᠵᠤ ᠪᠠᠢ᠌ᠭ᠎ᠠ ᠴᠤ ᠶᠤᠮ ᠰᠢᠭ》 ᠭᠡᠵᠤ ᠰᠢᠯᠦᠭᠯᠡᠭ᠍ᠰᠡᠨ ᠨᠢ ᠠᠷᠭ᠎ᠠ ᠦᠭᠡᠶ ᠦᠨᠡᠨ ᠳᠦᠷᠰᠦᠯᠢᠭ᠌ ᠠᠵᠢ᠃ ᠨᠠᠷᠢᠨ ᠠᠵᠢᠭᠯᠠᠪᠠᠯ ᠶᠠᠭ ᠳᠠᠪᠤᠨ ᠬᠤᠷᠤᠭᠤ ᠪᠠᠨ ᠳᠡᠯᠭᠡᠭ᠍ᠰᠡᠨ ᠪᠦᠳᠦᠭᠦᠨ ᠭᠠᠷ ᠰᠢᠭ ᠡᠭᠦᠯᠡ᠂ ᠮᠠᠨ ᠤ ᠵᠥᠭ᠌ ᠳᠠᠯᠠᠯᠤᠵᠤ ᠪᠠᠢ᠌ᠬᠤ ᠰᠢᠭ ᠬᠠᠷᠠᠭᠳᠠᠪᠠ᠃ ᠨᠠᠮ᠎ᠠ ᠶᠢ ᠣᠯᠵᠤ ᠬᠠᠷᠠᠬᠤ ᠳᠠᠷᠠ ᠊ᠭ᠍ᠱᠡᠨ᠎ᠡ 《ᠳᠠᠪᠤᠨ ᠬᠤᠷᠤᠭᠤ》 ᠭᠡᠵᠤ ᠭᠡᠨ ᠨᠢᠭᠡ ᠨᠢ ᠳᠠᠭᠤᠨ ᠠᠯᠳᠠᠨ ᠬᠠᠰᠭᠢᠷᠪᠠ᠃ ᠪᠠᠯᠡᠭ᠌ ᠳᠠᠮᠪᠠᠷᠢᠯ ᠲᠡᠶ ᠡᠨᠡ ᠡᠭᠦᠯᠡ ᠶᠢ ᠥᠵᠡᠭᠡᠤᠨ ᠪᠢᠳᠠ ᠭᠦᠭᠡᠷᠦᠯᠳᠤᠨ ᠠᠯᠠᠭ᠎ᠠ ᠳᠠᠰᠢᠵᠠᠭᠠᠪᠠ᠃ ᠣᠴᠢᠷ ᠨᠢ ᠮᠠᠨ ᠤ ᠳᠠᠪᠤᠨ ᠠᠢ᠌ᠯ ᠤᠨ ᠭᠡᠦᠭᠡᠤᠨ ᠰᠤᠷᠤᠯᠭ᠎ᠠ ᠶᠢᠨ ᠴᠠᠭ ᠶᠢᠡᠨ ᠵᠠᠢ᠌ᠴᠢᠯᠠᠵᠤ ᠮᠤᠷᠢᠨ ᠬᠤᠭᠤᠷ ᠰᠤᠷᠴᠤ ᠬᠠᠶᠠ ᠳᠠᠭᠤᠯᠠᠵᠤ ᠪᠦᠵᠢᠭᠯᠡᠵᠤ ᠶᠠᠪᠣᠬᠤ ᠳᠤ ᠠᠢ᠌ᠯ ᠤᠨ ᠠᠬ᠎ᠠ ᠥᠵᠡᠭᠡᠤᠨ᠄ 《ᠠᠯᠠᠭᠠᠨ ᠳᠠᠪᠤᠨ ᠬᠤᠷᠤᠭᠤ ᠰᠢᠭ ᠳᠡᠭ᠍ᠳᠡᠷ ᠳᠡᠭ᠍ᠳᠡᠷ ᠭᠦᠭᠡᠷᠦᠭᠦᠨ ᠭᠡᠦᠭᠡᠤᠨ ᠪᠠᠢ᠌ᠨ᠎ᠠ᠃ ᠳᠡᠯᠭᠡᠪᠠᠯ ᠳᠡᠯᠡᠭᠡᠢ ᠶᠢ ᠪᠠᠭᠳᠠᠭᠠᠵᠤ᠂ ᠵᠠᠩᠭᠢᠤᠠᠪᠠᠯ ᠨᠢᠳᠤᠷᠭ᠎ᠠ ᠪᠣᠯᠵᠤ ᠪᠦᠯᠭᠦᠮᠳᠡᠵᠤ ᠶᠠᠪᠣᠭᠠᠷᠠᠢ》 ᠭᠡᠵᠤ ᠠᠮᠠᠨ ᠪᠠᠯᠭᠡ ᠬᠠᠢ᠌ᠷᠠᠯᠠᠭᠰᠠᠨ ᠶᠢᠡᠷ 《ᠳᠠᠪᠤᠨ ᠬᠤᠷᠤᠭᠤ ᠬᠠᠮᠳᠤᠯᠢᠭ》 ᠭᠡᠵᠤ ᠥᠭᠦᠭᠡᠷᠳᠡᠨ ᠨᠡᠷᠡᠯᠡᠳᠡᠭ᠌ ᠪᠣᠯᠵᠠᠢ᠃ ᠦᠨᠦᠳᠤᠷ ᠡᠨᠡ ᠭᠦ ᠡᠭᠦᠯᠡ ᠶᠢ ᠥᠵᠡᠭᠡᠤᠨ ᠶᠠᠭᠠᠭᠢᠨ ᠭᠦᠭ᠍ᠰᠡᠭᠦ ᠦᠭᠡᠶ ᠪᠠᠢ᠌ᠵᠤ ᠴᠢᠳᠠᠬᠤ ᠠᠵᠠᠢ᠃ ᠳᠠᠪᠤᠨ ᠭᠡᠦᠭᠡᠤᠨ ᠮᠠᠨᠢ 《ᠳᠠᠪᠤᠨ ᠡᠷᠳᠡᠨᠢ》 ᠭᠡᠭᠦ ᠬᠠᠮᠳᠤᠯᠢᠭ ᠤᠨ ᠳᠠᠭᠤᠤ ᠪᠠᠨ ᠬᠠᠩᠭᠢᠨᠠᠳᠠᠯ᠎ᠠ ᠳᠠᠭᠤᠯᠠᠵᠤ ᠡᠭᠢᠯᠡᠯ᠎ᠡ᠃ ᠳᠤᠰ ᠳᠠᠭᠤᠨ ᠤ ᠥᠭᠡ ᠶᠢ ᠣᠯᠠᠭᠠᠠᠬᠠᠳᠠ ᠵᠤᠬᠢᠶᠠᠵᠤ ᠮᠤᠩᠭ᠋ᠤᠯ ᠣᠯᠤᠰ ᠤᠨ ᠨᠠᠷᠠᠳᠤ ᠵᠤᠬᠢᠶᠠᠯᠴᠢ ᠴ·ᠲᠦᠮᠡᠠᠪᠠᠶᠠᠷ ᠭᠤᠸᠠᠢ ᠵᠠᠰᠠᠯᠳᠠ ᠣᠷᠤᠭᠤᠯᠤᠨ ᠥᠩᠭᠡ ᠨᠠᠮᠠᠷᠢᠯᠠᠵᠤ᠂ ᠭᠦᠭ᠍ᠵᠢᠮ ᠤᠨ ᠪᠠᠭᠰᠢ ᠪᠣᠯᠠᠭᠠᠨ ᠪᠠᠭᠰᠢ ᠡᠴᠡ ᠠᠶ᠎ᠠ ᠳᠠᠭᠠᠷᠠᠭᠤᠯᠵᠤ ᠦᠭ‍ᠭᠦᠭ᠍ᠰᠡᠨ ᠶᠤᠮ ᠰᠠᠨ᠃ ᠳᠠᠭᠤᠨ ᠤ ᠥᠭᠡᠨ ᠳᠤ᠄

《ᠬᠤᠷᠳᠤᠨ ᠵᠢᠷᠤᠭ᠎ᠠ ᠮᠤᠷᠢ ᠮᠢᠨᠢ

ᠬᠤᠠᠳᠤᠨ ᠴᠠᠭᠠᠨ ᠬᠤᠨᠢ ᠮᠢᠨᠢ

ᠬᠤᠷᠴᠠ ᠡᠪᠠᠷ ᠲᠡᠶ ᠥᠭᠡᠷ ᠮᠢᠨᠢ

ᠬᠠᠯᠠᠭᠤᠨ ᠭᠤᠪᠢ ᠶᠢᠨ ᠳᠡᠮᠡᠭᠡ ᠮᠢᠨᠢ

ᠬᠠᠳᠠᠨ ᠳᠤ ᠳᠡᠭᠦᠯᠢᠳᠡᠭ᠌ ᠢᠮᠠᠭ᠎ᠠ ᠮᠢᠨᠢ

ᠳᠠᠪᠤᠨ ᠰᠠᠢ᠌ᠬᠠᠨ ᠰᠥᠷᠦᠭ᠌ ᠮᠢᠨᠢ

ᠳᠠᠪᠤᠨ ᠰᠠᠢ᠌ᠬᠠᠨ ᠰᠥᠷᠦᠭ᠌ ᠮᠢᠨᠢ

ᠳᠠᠪᠤᠨ ᠵᠣᠢ᠌ᠯ ᠤᠨ ᠡᠷᠳᠡᠨᠢ ᠮᠢᠨᠢ

ᠳᠠᠪᠤᠨ ᠰᠢᠮᠠᠳᠤ ᠳᠠᠭᠢᠯ ᠮᠢᠨᠢ

ᠳᠠᠪᠤᠨ ᠭᠦᠮᠤᠨ ᠰᠢᠭ᠌ ᠬᠤᠷᠤᠭᠤ ᠮᠢᠨᠢ》 ᠭᠡᠵᠤ ᠮᠤᠩᠭ᠋ᠤᠯ ᠵᠠᠩᠰᠢᠯ ᠤᠨ ᠪᠠᠯᠭᠡᠰᠢᠶᠡᠯᠳᠤ ᠳᠤᠭ᠎ᠠ ᠪᠠᠷ ᠥᠩᠭᠡ ᠥᠷᠭᠡᠨ ᠮᠤᠩᠭ᠋ᠤᠯ ᠨᠤᠳᠤᠭ᠂ ᠮᠤᠩᠭ᠋ᠤᠯ ᠠᠮᠢᠳᠤᠷᠠᠯ ᠤᠨ ᠪᠠᠶᠠᠨ ᠳᠠᠩᠰᠤᠭ ᠢ ᠮᠠᠭᠳᠠᠨ ᠳᠠᠭᠤᠯᠠᠵᠤ᠂ ᠡᠭᠦᠨ ᠢ ᠪᠠᠨ ᠠᠯᠠᠭᠠᠨ ᠳᠠᠪᠤᠨ ᠬᠤᠷᠤᠭᠤ ᠪᠠᠨ ᠰᠢᠭ ᠡᠷᠭᠢᠮᠯᠡᠨ ᠳᠡᠭᠡᠳᠦᠯᠡᠵᠤ ᠶᠠᠪᠣᠬᠤ ᠶᠢ ᠪᠠᠯᠭᠡᠰᠢᠶᠡᠭ᠍ᠰᠡᠨ ᠶᠤᠮ ᠰᠠᠨ᠃ ᠭᠡᠦᠭᠡᠤᠨ ᠪᠣᠯ ᠦᠨᠳᠦᠰᠦᠳᠠᠨ ᠤ ᠮᠢᠨᠢ ᠢᠷᠡᠭᠡᠳᠦᠢ᠂ ᠡᠷᠡᠮᠡᠯᠵᠡᠯᠡᠯ᠂ ᠢᠳᠡᠭᠡᠯ ᠮᠦᠨ᠃ ᠡᠳᠦᠷ ᠢᠷᠡᠭᠦᠶ᠎ᠡ ᠬᠠᠪᠴᠢᠭᠳᠠᠨ ᠢᠪᠴᠤᠤᠷᠠᠵᠤ ᠪᠠᠢ᠌ᠭ᠎ᠠ ᠮᠤᠩᠭ᠋ᠤᠯ ᠰᠤᠶᠤᠯ ᠶᠢᠡᠨ ᠡᠷᠭᠦᠨ ᠵᠠᠯᠭᠠᠮᠵᠢᠯᠠᠬᠤ ᠬᠠᠳᠠᠭᠤ ᠭᠦᠡᠳᠤ ᠡᠭᠦᠷᠭᠡ ᠡᠳᠡᠭᠡᠷ ᠭᠡᠦᠭᠡᠤᠨ ᠤᠨ ᠮᠦᠷᠤᠨ ᠳᠡᠭᠡᠷ᠎ᠡ ᠳᠠᠯᠪᠢᠭᠠᠰᠤᠳᠠᠢ ᠪᠠᠢ᠌ᠭ᠎ᠠ᠁

ᠶᠠᠩᠵᠤ ᠪᠦᠷᠢ ᠪᠠᠷ ᠡᠪᠭᠡᠷᠡᠯᠳᠤᠨ ᠴᠤᠷᠣᠢ᠌ᠯᠴᠠᠭᠰᠠᠨ ᠡᠭᠦᠯᠡᠰ ᠠᠭᠠᠵᠢᠮ ᠶᠢᠡᠷ ᠬᠤᠷᠠᠯᠳᠤᠵᠤ ᠭᠡᠳᠦᠭᠡᠨ ᠮᠢᠨᠦ᠋ᠲ᠋ ᠪᠣᠯᠤᠯ ᠦᠭᠡᠶ ᠨᠠᠷᠠ ᠲᠡᠶ ᠪᠣᠷᠤᠭᠠᠨ ᠱᠠᠭᠢᠵᠤ ᠡᠭᠢᠯᠡᠯ᠎ᠡ᠃ ᠰᠡᠷᠢᠭᠦᠨ ᠠᠮᠢᠰᠬᠤᠯ ᠰᠠᠤᠠᠭᠢᠯ ᠵᠢᠷᠦᠭᠡ ᠶᠢ ᠨᠠᠪᠳᠠ ᠴᠤᠷᠭᠢᠬᠤ ᠳᠤ ᠬᠠᠯᠠᠵᠤ ᠴᠠᠩᠭ᠋ᠠᠭᠰᠠᠨ ᠮᠠᠨᠤᠰ ᠳᠠᠰᠭᠢᠯ ᠦᠭᠡᠶ ᠳᠡᠷᠭᠡᠨ ᠡᠴᠡ ᠪᠠᠨ ᠪᠠᠭᠤᠵᠤ ᠳᠠᠯ᠎ᠠ ᠶᠢᠨ ᠴᠢᠭᠢᠭᠯᠢᠭ᠌ ᠭᠦᠷᠦᠰᠤᠨ ᠤ ᠰᠤᠳᠤᠨ ᠰᠡᠩᠭᠢᠨᠡᠭᠦᠨ ᠦᠨᠦᠷ ᠢ ᠴᠡᠭᠡᠵᠢ ᠪᠠᠨ ᠣᠩᠭ᠋ᠣᠢ᠌ᠳᠠᠯ᠎ᠠ ᠠᠮᠢᠰᠬᠤᠵᠤ ᠭᠠᠷᠤᠯ᠎ᠠ᠃ ᠪᠣᠷᠤᠭᠠᠨ ᠤ ᠳᠠᠷᠠᠭᠠᠭᠢ ᠳᠠᠯ᠎ᠠ ᠴᠡᠯᠭᠡᠷᠡᠨ ᠭᠢᠯᠠᠯᠵᠠᠵᠤ ᠵᠣᠢ᠌ᠯ ᠪᠦᠷᠢ ᠶᠢᠨ ᠴᠡᠴᠡᠭ᠌ ᠬᠤᠪᠢ ᠶᠢᠨ ᠭᠠᠳᠠᠨ᠎ᠠ ᠭᠤᠶᠤᠮᠰᠤᠭ᠃

ᠭᠡᠨᠡᠳᠲᠡ ᠵᠢᠯᠤᠭᠤᠴᠢ ᠶᠢᠨ ᠠᠬᠠᠯᠠᠭᠴᠢ ᠭᠤᠸᠠᠢ ᠳᠡᠷᠭᠡᠨ ᠤ ᠪᠧᠨ᠋ᠽᠧᠨ ᠪᠠᠷᠠᠭᠳᠠᠴᠢᠬᠠᠯ᠎ᠠ ᠭᠡᠪᠡ᠃ ᠮᠦᠷᠠᠨ ᠬᠤᠳᠠ ᠣᠷᠤᠳᠠᠯ᠎ᠠ ᠪᠠᠰᠠ ᠠᠷᠪᠠᠨ ᠳᠠᠪᠤᠨ ᠺᠢᠯᠤᠮᠸᠲ᠋ᠷ ᠪᠠᠢ᠌ᠨ᠎ᠠ ᠰᠢᠤ ᠳ᠋ᠠ᠃ ᠡᠨᠡ ᠡᠷᠳᠡᠨ ᠤ ᠮᠠᠶ‍ᠢᠭ ᠤᠨ ᠳᠤᠮᠤ ᠮᠠᠰᠢᠨ ᠪᠢᠷ᠎ᠠ ᠴᠢᠳᠠᠯ ᠨᠢ ᠶᠡᠭᠡ ᠳᠤᠯᠠ ᠪᠧᠨ᠋ᠽᠧᠨ ᠣᠤᠭᠤᠬᠤ ᠨᠢ ᠴᠤ ᠰᠥᠷᠡᠭᠡᠢ ᠠᠵᠢ᠃ ᠬᠠᠷᠢᠨ ᠰᠠᠭᠤᠬᠤ ᠳᠤ ᠮᠠᠰᠢ ᠡᠪᠳᠡᠢ᠃ ᠰᠠᠭᠤᠳᠠᠯ ᠰᠠᠭᠤᠳᠠᠯ ᠤᠨ ᠬᠤᠭᠤᠷᠤᠠᠳᠤ ᠪᠠᠨ ᠥᠷᠭᠡᠨ ᠵᠠᠢ᠌ᠳᠠᠢ ᠮᠥᠷᠳᠡᠭᠡᠨ ᠰᠢᠯ ᠴᠤᠩᠬᠤ ᠨᠢ ᠮᠠᠰᠢ ᠪᠦᠳᠦᠭᠦᠨ ᠳᠤᠯᠠ ᠭᠠᠳᠠᠨᠠᠭᠢ ᠦᠵᠡᠮᠵᠢ ᠶᠢ ᠥᠵᠡᠭᠦ ᠳᠤ ᠬᠠᠷᠠᠭ᠎ᠠ ᠳᠤᠷᠤᠮ᠎ᠠ ᠦᠭᠡᠶ ᠶᠤᠮ᠃ ᠥᠭᠡᠷ ᠳᠡᠷᠭᠡᠨ ᠳᠤ ᠰᠠᠭᠤᠪᠠᠴᠤ ᠳᠤᠳᠤᠷ᠎ᠠ ᠮᠠᠭᠤᠬᠠᠢ᠌ᠷᠠᠳᠠᠭ ᠪᠢ ᠭᠡᠳᠤᠨ ᠡᠳᠦᠷ ᠤᠨ ᠰᠠᠵᠢᠯᠠᠭᠠᠨ ᠳᠤ ᠥᠴᠦᠭᠡᠨ ᠴᠤ ᠶᠠᠳᠠᠷᠠᠵᠤ ᠴᠢᠯᠡᠭᠦ ᠦᠭᠡᠶ ᠪᠠᠢ᠌ᠭ᠎ᠠ ᠨᠢ ᠭᠦᠭᠡᠷᠦᠭᠦᠢ ᠡᠨᠡ ᠳᠤᠮᠤ 《ᠭᠠᠼᠢ ᠵᠠᠷᠠᠭ᠎ᠠ》 ᠵᠢᠨ ᠭᠠᠪᠢᠶ᠎ᠠ ᠰᠢᠤ ᠳ᠋ᠠ︕ ᠣᠳᠤ ᠶᠠᠭᠠᠭᠢᠳᠠᠭ ᠪᠢᠯᠠ᠃ ᠡᠨᠡ ᠪᠣᠢ᠌ᠳᠠ ᠵᠡᠯᠡᠭᠦᠤᠨ ᠭᠦᠳᠡᠭᠡ ᠳᠡᠷᠭᠡ ᠣᠨᠤᠭ᠎ᠠ ᠮᠠᠰᠢ ᠴᠥᠭᠡᠨ᠂ ᠣᠢ᠌ᠷᠠᠯᠴᠠᠭ᠎ᠠ ᠮᠤᠩᠭ᠋ᠤᠯ ᠭᠡᠷ ᠲᠤ ᠣᠴᠢᠭᠰᠠᠨ ᠴᠤ ᠮᠤᠷᠢ ᠪᠠᠨ ᠣᠨᠤᠭᠠᠤᠨ ᠮᠤᠳᠤ ᠪᠠᠨ ᠳᠦᠯᠡᠳᠡᠭ᠌ ᠮᠠᠯᠴᠢᠳ ᠮᠠᠨᠢ ᠪᠧᠨ᠋ᠽᠧᠨ ᠶᠢᠡᠷ ᠶᠠᠭᠤ ᠪᠠᠨ ᠭᠢᠭᠦ ᠪᠢᠯᠠ︖ ᠢᠩᠭᠢᠵᠤ ᠪᠠᠢ᠌ᠳᠠᠯ᠎ᠠ ᠡᠰᠡᠷᠭᠦ ᠳᠠᠪᠠᠭᠠᠨ ᠡᠴᠡ ᠨᠢᠭᠡ ᠮᠠᠰᠢᠨ ᠪᠠᠮᠪᠣ ᠰᠢᠭ ᠪᠠᠮᠪᠣᠯᠵᠠᠨ ᠠᠢ᠌ᠰᠤᠢ ᠬᠠᠷᠠᠭᠳᠠᠪᠠ᠃ ᠪᠦᠭᠦᠳᠡᠭᠡᠷ ᠠᠪᠣᠷᠠᠭᠴᠢ ᠣᠳᠤᠨ ᠶᠢᠡᠨ ᠥᠵᠡᠭ᠍ᠰᠡᠨ ᠰᠢᠭ᠌ ᠠᠯᠠᠰᠭᠢᠨ ᠪᠠᠶᠠᠷᠯᠠᠯ᠎ᠠ᠃ ᠵᠢᠯᠤᠭᠤᠴᠢ ᠭᠤᠸᠠᠢ ᠭᠠᠷ ᠡᠷᠭᠦᠨ ᠪᠠᠢ᠌ᠳᠠᠯ ᠶᠢᠡᠨ ᠭᠡᠯᠡᠭ᠍ᠰᠡᠨ ᠳᠤ ᠮᠦᠷᠠᠨ ᠬᠤᠳᠠᠨ ᠳᠤ ᠴᠠᠭᠢᠯᠭᠠᠨ ᠵᠤᠭᠰᠤᠭᠠᠤᠨ ᠳᠠᠳᠠ ᠨᠡᠷ ᠴᠤ ᠪᠧᠨ᠋ᠽᠧᠨ ᠨᠠᠮᠠᠵᠤ ᠳᠠᠢ᠌ᠯᠤᠯ ᠦᠭᠡᠶ ᠳᠠᠪᠭᠢᠵᠤ ᠪᠠᠢ᠌ᠭ᠎ᠠ ᠠᠵᠢ᠃ ᠵᠢᠯᠤᠭᠤᠴᠢ ᠭᠤᠸᠠᠢ ᠭᠡᠰᠡᠭ᠌ ᠠᠯᠬᠤᠵᠤ ᠭᠠᠵᠠᠷ ᠤᠨ ᠪᠠᠢ᠌ᠴᠠ ᠶᠢ ᠠᠵᠢᠭᠰᠠᠨ ᠶᠢᠡᠨ ᠪᠣᠴᠠᠨ ᠢᠷᠠᠵᠤ ᠄ 《ᠮᠤᠷᠳᠠᠶ᠎ᠠ︕》 ᠭᠡᠵᠤ ᠰᠢᠭᠤᠤᠠᠮᠠᠭ ᠭᠡᠯᠡᠪᠡ᠃ ᠪᠢᠳᠠ ᠳᠡᠷᠭᠡᠨ ᠳᠤ ᠪᠠᠨ ᠭᠠᠷᠴᠠᠭᠠᠯ᠎ᠠ᠃ ᠵᠢᠯᠤᠭᠤᠴᠢ ᠭᠤᠸᠠᠢ ᠄ 《ᠳᠠ ᠨᠡᠷ ᠪᠠᠶ᠎ᠠ ᠪᠠᠷ ᠶᠢᠡᠨ ᠡᠮᠦᠨᠡᠰᠢ ᠭᠦᠴᠦᠯᠡ》 ᠭᠡᠪᠡ᠃ ᠪᠢᠳᠠ ᠰᠠᠭᠤᠳᠠᠯ ᠳᠤ ᠪᠠᠨ ᠰᠠᠭᠤᠵᠠᠭᠠᠵᠤ ᠢᠨᠢᠶᠠᠯᠳᠤᠵᠤ ᠨᠠᠷᠭᠢᠯᠳᠤᠭᠰᠠᠭᠠᠷ ᠪᠠᠶ᠎ᠠ ᠪᠠᠶᠠᠰ ᠶᠢᠡᠨ ᠡᠮᠦᠨᠡᠰᠢ ᠬᠣᠢ᠌ᠰᠢ ᠰᠠᠵᠢᠯᠠᠭᠤᠯᠤᠨ ᠳᠡᠷᠭᠡᠨ ᠳᠤ ᠭᠦᠴᠤ ᠨᠡᠮᠡᠷᠢᠯᠡᠭᠦ ᠳᠤ ᠣᠳᠠᠯ ᠦᠭᠡᠶ ᠳᠤᠮᠤ ᠵᠠᠷᠠᠭ᠎ᠠ ᠮᠠᠨᠢ ᠭᠤᠯᠭᠤᠨ ᠣᠷᠤᠭᠰᠢᠯᠠᠵᠤ ᠡᠭᠢᠯᠡᠯ᠎ᠡ᠃ ᠡᠨᠡ ᠭᠦ ᠳᠠᠪᠠᠭ᠎ᠠ ᠶᠢ ᠭᠠᠷᠤᠭᠰᠠᠭᠠᠷ ᠴᠠᠭᠠᠰᠢ ᠣᠷᠤᠭᠤ ᠳᠤᠯᠠ ᠵᠥᠭᠡᠷ ᠪᠠᠢ᠌ᠬᠤ ᠡ ᠭᠡᠪᠡ᠃ ᠥᠨᠡᠭᠡᠷ ᠮᠠᠨ ᠤ ᠳᠡᠷᠭᠡ ᠳᠠᠪᠠᠭ᠎ᠠ ᠶᠢ ᠳᠠᠪᠠᠵᠤ ᠣᠷᠤᠭᠤᠳᠠᠵᠤ ᠭᠤᠯᠭᠤᠵᠤ ᠶᠠᠪᠣᠯ᠎ᠠ᠃ ᠨᠢᠭᠡ ᠺᠢᠯᠣ᠊᠂ ᠬᠤᠶᠠᠷ ᠺᠢᠯᠣ᠊ ᠁ ᠭᠡᠵᠤ ᠪᠢᠳᠠ ᠠᠮᠢᠰᠬᠤᠭ᠎ᠠ ᠳᠠᠷᠤᠨ ᠳᠤᠭᠠᠯᠠᠵᠤ ᠄ 《ᠣᠷᠤᠭᠰᠢᠯᠠ᠂ ᠣᠷᠤᠭᠰᠢᠯᠠ︕》 ᠭᠡᠵᠤ ᠳᠠᠭᠤᠨ ᠨᠢᠭᠡ ᠲᠡᠶ ᠬᠠᠰᠭᠢᠷᠴᠤ ᠪᠠᠢ᠌ᠯ᠎ᠠ᠃ ᠳᠤᠮᠤ ᠵᠠᠷᠠᠭ᠎ᠠ ᠮᠠᠨᠢ ᠳᠠᠭᠤ ᠴᠢᠮᠡᠭᠡ ᠦᠭᠡᠶ ᠭᠤᠯᠭᠤᠨ ᠣᠷᠤᠭᠰᠢᠯᠠᠵᠤ ᠯᠠ ᠪᠠᠢ᠌ᠯ᠎ᠠ᠃ ᠨᠢᠭᠡ ᠮᠡᠳᠡᠭᠦ ᠳᠤ ᠮᠦᠷᠠᠨ ᠬᠤᠳᠠ ᠶᠢᠨ ᠪᠸᠨ᠋ᠽᠧᠨ ᠤ ᠥᠷᠳᠡᠭᠡᠨ ᠳᠤ ᠣᠷᠤᠵᠤ ᠵᠤᠭᠰᠤᠯ᠎ᠠ᠃ ᠪᠢᠳᠠ ᠪᠠᠶᠠᠷᠯᠠᠯᠳᠤᠬᠤ ᠳᠤ ᠪᠠᠨ ᠳᠡᠷᠭᠡᠨ ᠡᠴᠡ ᠪᠠᠭᠤᠮᠠᠭᠴᠠ ᠮᠠᠯᠠᠭᠠᠢ ᠪᠠᠨ ᠳᠡᠭᠡᠭ᠍ᠰᠢ ᠬᠠᠶᠠᠨ ᠳᠠᠪᠠᠷᠢᠯᠳᠤᠨ ᠬᠠᠰᠭᠢᠷᠤᠯᠳᠤᠯ᠎ᠠ᠃ ᠭᠤᠴᠢᠨ ᠭᠠᠵᠠᠷ ᠢ ᠪᠸᠨ᠋ᠽᠧᠨ ᠦᠭᠡᠶ ᠪᠠᠷ ᠶᠠᠪᠣᠴᠢᠬᠠᠳᠠᠭ ᠶᠠᠮᠠᠷ ᠭᠤᠶᠤ ᠮᠠᠰᠢᠨ ᠪᠣᠢ︕ ᠠᠭᠤᠯᠠ ᠣᠰᠤᠨ ᠤ ᠣᠩᠭ᠋ᠤᠳ ᠡᠵᠡᠳ ᠮᠠᠨᠢ ᠡᠷᠭᠦᠨ ᠳᠡᠳᠭᠦᠵᠤ ᠪᠠᠢ᠌ᠭ᠎ᠠ ᠳ᠋ᠠ ᠭᠡᠵᠤ ᠪᠢ ᠳᠤᠳᠤᠷ᠎ᠠ ᠪᠠᠨ ᠰᠠᠮ ᠵᠠᠯᠪᠠᠷᠢᠪᠠ᠃

ᠮᠦᠷᠠᠨ ᠬᠤᠳᠠ ᠳᠤ ᠥᠨᠡᠭᠡᠷ ᠴᠠᠭᠢᠯᠭᠠᠨ ᠵᠤᠭᠰᠤᠭᠰᠠᠨ ᠪᠠᠢ᠌ᠵᠠᠢ᠃ ᠥᠷᠳᠡᠭᠡᠨ ᠤ ᠡᠵᠡᠨ ᠮᠠᠨ ᠤ ᠪᠠᠢ᠌ᠳᠠᠯ ᠢ ᠰᠤᠨᠤᠰᠤᠭᠠᠤᠨ᠂ ᠰᠠᠤᠠᠭᠢᠯ ᠭᠦᠳᠡᠯᠵᠤ ᠠᠷᠭ᠎ᠠ ᠪᠣᠳᠤᠨ (ᠠᠦ᠋ᠲ᠋ᠣ᠋ ᠭᠦᠳᠡᠯᠭᠡᠭᠦᠷ ᠣᠯᠵᠤ) ᠪᠸᠨ᠋ᠽᠧᠨ ᠨᠠᠮᠠᠵᠤ ᠦᠭ‍ᠭᠦᠯ᠎ᠡ᠃ ᠮᠦᠷᠠᠨ ᠬᠤᠳᠠ ᠪᠣᠯ ᠭᠦᠪᠰᠦᠭᠦᠯ ᠠᠢ᠌ᠮᠠᠭ ᠤᠨ ᠲᠦᠪ ᠪᠣᠯᠤᠨ᠎ᠠ᠃ ᠬᠤᠳᠠ ᠶᠢᠨ ᠭᠦᠪᠠᠭᠡ ᠵᠠᠬ᠎ᠠ ᠪᠠᠷ ᠮᠤᠳᠤᠨ ᠪᠠᠢ᠌ᠰᠢᠩ ᠥᠷᠭᠦᠯᠵᠢᠯᠡᠵᠤ ᠮᠠᠰᠢ ᠴᠠᠪᠠᠷ ᠳᠤᠭᠢᠯᠢᠭ᠃ ᠬᠤᠳᠠ ᠶᠢᠨ ᠳᠤᠮᠳᠠ ᠬᠤᠶᠠᠷ ᠭᠤᠷᠪᠠᠨ ᠳᠡᠭ᠍ᠳᠡᠷ ᠤᠨ ᠳ᠋ᠦᠠᠵᠠᠨ ᠠᠰᠠᠷ ᠵᠢᠭ᠍ᠳᠡᠷᠡᠵᠤ ᠣᠷᠤᠰ ᠮᠠᠶ‍ᠢᠭ ᠤᠨ ᠭᠤᠷᠪᠠᠯᠵᠢᠨ ᠣᠷᠤᠢ ᠨᠢ ᠵᠣᠢ᠌ᠯ ᠪᠦᠷᠢ ᠶᠢᠨ ᠥᠩᠭᠡ ᠪᠠᠷ ᠭᠢᠯᠠᠯᠵᠨ᠎ᠠ᠃ ᠡ᠊ᠨᠳᠡ ᠣᠳᠤᠭ᠎ᠠ ᠳᠤᠭᠤᠰᠤ ᠥᠨᠦᠷᠳᠦᠭᠦ ᠦᠭᠡᠶ ᠮᠥᠷᠳᠡᠭᠡᠨ ᠶᠡᠭᠡ ᠱᠤᠤᠭᠢᠶᠠᠨ ᠨᠠᠷᠭᠢᠶᠠᠨ ᠴᠤ ᠰᠤᠨᠤᠰᠳᠠᠬᠤ ᠦᠭᠡᠶ᠃ ᠬᠤᠳᠠ ᠶᠢᠨ ᠡᠮᠦᠨᠡᠭᠦᠷ᠂ ᠡᠷᠴᠢᠮ ᠤᠨ ᠨᠢᠷᠤᠭᠤ ᠯᠤᠤ ᠭᠡᠪᠳᠡᠭ᠍ᠰᠡᠨ ᠮᠠᠳᠤ ᠮᠤᠷᠤᠯᠵᠠᠨ ᠰᠦᠨᠳᠠᠷᠯᠠᠨ᠎ᠠ᠃ ᠬᠤᠳᠠ ᠶᠢᠨ ᠳᠤᠮᠳᠠᠭᠤᠷ ᠥᠩᠭᠡᠷᠡᠭᠦ ᠳᠤ ᠳᠠᠪᠢᠵᠤ ᠳᠡᠪᠳᠡᠷᠢᠭᠡ ᠪᠦᠭᠡᠴᠦᠳ ᠤᠨ ᠱᠤᠭᠤᠮᠠᠯ ᠭᠦᠷᠦᠭ᠌ ᠣᠠᠴᠠ ᠶᠢᠨ ᠰᠥᠷᠯᠢᠭ᠌ ᠬᠠᠷᠠᠭᠳᠠᠨ᠎ᠠ᠃ ᠨᠠᠷᠠ ᠳᠤᠯᠤᠭᠠᠤᠨ ᠤᠨ ᠴᠠᠭᠠᠭᠤᠷ ᠠᠯᠭᠤᠷ ᠨᠢᠭᠤᠭᠳᠠᠬᠤ ᠦᠶ᠎ᠡ ᠪᠠᠷ ᠪᠢᠳᠠ ᠮᠦᠷᠠᠨ ᠬᠤᠳᠠ ᠶᠢᠨ ᠪᠠᠷᠠᠭᠤᠠᠳᠠᠢ ᠬᠤᠵᠢᠷᠳᠤ ᠶᠢᠨ ᠳᠠᠪᠠᠭᠠᠨ ᠳᠤ ᠮᠠᠢ᠌ᠬᠠᠨ ᠶᠢᠡᠨ ᠪᠣᠰᠬᠠᠪᠠ᠃

ᠮᠠᠷᠭᠠᠰᠢ ᠥᠷᠯᠦᠭᠡ ᠨᠢ ᠶ‍ᠢᠰᠤᠨ ᠴᠠᠭ ᠤᠨ ᠦᠶ᠎ᠡ ᠪᠠᠷ ᠭᠦᠪᠰᠦᠭᠦᠯ ᠨᠠᠭᠤᠷ ᠤᠨ ᠡᠮᠦᠨ᠎ᠡ ᠭᠦᠪᠠᠭᠡ ᠶᠢ ᠰᠠᠭᠢᠭ᠎ᠠ ᠬᠠᠳᠠᠭᠠᠯᠠ ᠰᠤᠮᠤᠨ ᠳᠤ ᠳᠠᠪᠭᠢᠨ ᠭᠦᠷᠦᠯ᠎ᠡ᠃


ᠭᠦᠰᠡᠯ ᠤᠨ ᠬᠠᠳᠠ ᠲᠡᠶ ᠭᠦᠪᠰᠦᠭᠦᠯ ᠳᠠᠯᠠᠢ


ᠳᠤᠯᠤᠭᠠᠨ ᠰᠠᠷ᠎ᠠ ᠶᠢᠨ ᠭᠤᠴᠢᠨ ᠨᠢᠭᠡᠨ ᠤ ᠥᠷᠯᠦᠭᠡ ᠶ‍ᠢᠰᠤᠨ ᠴᠠᠭ ᠤᠨ ᠦᠶ᠎ᠡ ᠪᠠᠷ ᠪᠢᠳᠠ ᠬᠠᠳᠠᠭᠠᠯᠠ ᠰᠤᠮᠤᠨ ᠳᠤ ᠭᠦᠷᠪᠡ᠃ ᠭᠦᠰᠡᠵᠤ ᠵᠤᠷᠢᠭᠰᠠᠨ ᠭᠦᠪᠰᠦᠭᠦᠯ ᠨᠠᠭᠤᠷ ᠮᠢᠨᠢ ᠬᠠᠷᠠᠭᠠᠨ ᠤ ᠡᠮᠦᠨ᠎ᠡ ᠳᠤᠳᠤᠷᠠᠬᠤ ᠳᠤ ᠵᠢᠷᠤᠭ ᠤᠨ ᠶ‍ᠢᠷᠳᠢᠠᠴᠤ ᠳᠤ ᠵᠤᠷᠴᠢᠵᠤ ᠪᠠᠢ᠌ᠭ᠎ᠠ ᠪᠠᠨ ᠢᠳᠠᠭᠡᠵᠤ ᠶᠠᠳᠠᠨ᠎ᠠ᠃ ᠥᠷᠯᠦᠭᠡ ᠶᠢᠨ ᠨᠠᠷᠢᠨ ᠣᠨᠢᠶᠠᠷ ᠬᠠᠷᠠᠬᠠᠨ ᠠᠷᠢᠯᠤᠭ᠎ᠠ ᠦᠭᠡᠶ ᠴᠤ ᠶᠤᠮ ᠦᠦ︖ ᠡᠭᠦᠯᠡᠰ ᠭᠡᠰᠡᠭ᠌ ᠭᠡᠰᠡᠭ᠌ ᠶᠢᠡᠷ ᠳᠤᠷᠤᠭᠰᠢ ᠰᠠᠮᠨᠠᠭᠤᠯᠤᠭᠰᠠᠨ ᠶᠤᠮ ᠰᠢᠭ ᠠᠭᠤᠯᠠᠰ ᠤᠨ ᠣᠷᠤᠢ ᠲᠡᠶ ᠵᠠᠯᠭᠠᠯᠳᠤᠵᠤ ᠡᠭᠦᠯᠡ ᠠᠭᠤᠯᠠ ᠡᠪᠭᠡᠷᠡᠯᠳᠤᠨ ᠣᠷᠢᠶᠠᠯᠳᠤᠵᠤ ᠭᠦᠪᠴᠢᠨ ᠣᠢ ᠦᠪᠴᠢ ᠪᠠᠷ ᠶᠢᠡᠨ ᠭᠦᠭᠡᠷᠡᠨ ᠴᠩᠭᠡᠷᠳᠦᠨ᠎ᠡ᠃ ᠨᠠᠭᠤᠷ ᠤᠨ ᠣᠰᠤ ᠴᠠᠪ ᠴᠠᠯᠠᠢ᠌ᠨ ᠨᠠᠮ ᠳᠦᠯᠭᠡᠨ ᠳᠦᠷᠯᠠᠢ᠌ᠨ᠎ᠠ᠃ ᠬᠤᠤᠰ ᠬᠤᠤᠰ ᠠᠩᠭᠢᠷ ᠨᠠᠭᠤᠷ ᠤᠨ ᠣᠰᠤᠨ ᠳᠤ ᠴᠢᠯᠦᠭᠡ ᠲᠡᠶ ᠣᠮᠪᠠᠨ ᠵᠢᠷᠭᠠᠨ᠎ᠠ᠃ ᠭᠡᠦᠭᠡᠤᠨ ᠮᠠᠨᠢ ᠨᠠᠭᠤᠷ ᠤᠨ ᠭᠦᠪᠠᠭᠡ ᠳᠠᠢ᠌ᠰᠢ ᠰᠤᠷᠤᠭᠳᠠᠨ ᠭᠦᠶ‍ᠦᠯᠳᠦᠯ᠎ᠡ᠃ ᠨᠠᠭᠤᠷ ᠤᠨ ᠣᠰᠤ ᠳᠤᠪ ᠳᠤᠩᠭ᠋ᠠᠯᠠᠭ ᠮᠥᠷᠳᠡᠭᠡᠨ ᠣᠯᠠᠭᠠᠨ ᠨᠤᠭᠤᠭᠠᠨ ᠵᠠᠮᠠᠭ ᠣᠭᠳᠤ ᠬᠠᠷᠠᠭᠳᠠᠬᠤ ᠦᠭᠡᠶ᠂ ᠢᠷᠤᠭᠠᠷ ᠳᠠᠭᠢ ᠥᠡᠳᠡᠭᠡᠨ ᠴᠢᠯᠠᠭᠤᠳ ᠴᠠᠪ ᠴᠠᠪᠠᠷ ᠭᠦᠯᠳᠡᠭᠡᠨᠡᠵᠤ ᠬᠠᠷᠠᠭᠳᠠᠨ᠎ᠠ᠃

ᠨᠢᠭᠡ᠂ ᠳᠡᠭᠡᠳᠤ ᠶᠢᠨ ᠢᠷᠦᠭᠡᠯ ᠲᠡᠶ ᠭᠦᠪᠰᠦᠭᠦᠯ ᠨᠠᠭᠤᠷ

ᠪᠢᠳᠠ ᠬᠠᠳᠠᠭᠠᠯᠠ ᠡᠴᠡ ᠮᠢᠬ᠎ᠠ ᠵᠡᠷᠭᠡ ᠢᠳᠠᠵᠤ ᠣᠤᠭᠤᠬᠤ ᠵᠣᠢ᠌ᠯ ᠶᠢᠡᠨ ᠪᠦᠷᠢᠦᠡᠭᠡᠵᠤ ᠠᠪᠣᠭᠠᠤᠨ ᠬᠤᠶᠠᠷ ᠵᠠᠪᠢ ᠭᠦᠯᠦᠰᠦᠯᠡᠨ ᠨᠥᠭᠦᠭᠡ ᠡᠷᠭᠢ ᠳ᠋ᠠᠭᠢ ᠵᠤᠭᠠᠴᠠᠯ ᠤᠨ ᠴᠢᠭ᠌ ᠊᠊᠊᠊᠊᠊᠊᠊᠊᠊᠊᠊᠊᠊᠊ ᠴᠠᠳᠠᠠᠴᠤᠳ ᠤᠨ ᠣᠳᠤᠷ ᠲᠤ ᠭᠦᠷᠭᠦ ᠪᠠᠷ ᠪᠣᠯᠪᠠ᠃ ᠭᠦᠪᠰᠦᠭᠦᠯ ᠨᠠᠭᠤᠷ ᠤᠨ ᠪᠦᠭᠦ ᠣᠷᠳᠤ ᠨᠢ ᠵᠠᠭᠤ ᠭᠤᠴᠢᠨ ᠨᠢ᠋ᠮᠠᠨ ᠺᠢᠯᠤᠮᠸᠲ᠋ᠷ᠂ ᠥᠷᠭᠡᠨ ᠨᠢ ᠳᠦᠴᠢᠨ ᠳᠠᠪᠤᠨ ᠺᠢᠯᠤᠮᠸᠲ᠋ᠷ᠂ ᠭᠦᠨ ᠨᠢ ᠬᠤᠶᠠᠷ ᠵᠠᠭᠤ ᠵᠢᠷᠠᠨ ᠬᠤᠶᠠᠷ ᠮᠸᠲ᠋ᠷ ᠪᠠᠢ᠌ᠵᠤ᠂ ᠳᠡᠯᠡᠭᠡᠢ ᠳᠡᠭᠡᠷᠡᠭᠢ ᠬᠠᠮᠤᠭ ᠤᠨ ᠳᠤᠮᠤ ᠴᠡᠩᠭᠡᠭ᠌ ᠣᠰᠤᠨ ᠨᠠᠭᠤᠷ ᠪᠣᠯᠤᠨ᠎ᠠ ᠭᠡᠵᠤ ᠵᠠᠪᠢᠴᠢᠨ ᠳᠠᠪᠠᠬᠠᠷᠳᠠᠨᠢ ᠳᠠᠨᠢᠯᠴᠠᠭᠤᠯᠵᠤ ᠶᠠᠷᠢᠪᠠ᠃ ᠡ᠊ᠨᠳᠡᠭᠢ ᠮᠠᠯᠴᠢᠳ ᠵᠤᠨ ᠤ ᠣᠯᠠᠷᠢᠯ ᠳᠤ ᠨᠠᠭᠤᠷ ᠤᠨ ᠭᠦᠪᠠᠭᠡ ᠳᠠᠭᠠᠵᠤ ᠵᠤᠰᠠᠳᠠᠭ ᠳᠤᠯᠠ ᠭᠦᠪᠠᠭᠡ ᠳᠠᠭᠠᠭᠠᠤᠨ ᠳᠠᠨᠠᠨ ᠴᠠᠭᠠᠨ ᠮᠤᠩᠭ᠋ᠤᠯ ᠭᠡᠷ ᠰᠤᠪᠣᠤᠨ ᠰᠠᠴᠤᠭᠰᠠᠨ ᠰᠢᠭ ᠡ᠊ᠨᠳᠡ ᠳᠠᠠᠳᠠ ᠬᠠᠷᠠᠭᠳᠠᠨ᠎ᠠ᠃ ᠵᠤᠭᠠᠴᠠᠯ ᠤᠨ ᠴᠢᠭ᠌ ᠲᠤ ᠰᠢᠷ᠎ᠠ᠂ ᠣᠯᠠᠭᠠᠨ᠂ ᠨᠤᠭᠤᠭᠠᠨ ᠣᠷᠤᠢ ᠲᠡᠶ ᠳ᠋ᠦᠠᠵᠠᠨ ᠪᠠᠢ᠌ᠰᠢᠩ ᠭᠦᠭᠡ ᠳᠩᠷᠢ᠂ ᠴᠠᠭᠠᠨ ᠡᠭᠦᠯᠡ᠂ ᠨᠤᠭᠤᠭᠠᠨ ᠣᠢ᠂ ᠴᠡᠩᠭᠡᠷ ᠣᠰᠤ ᠲᠡᠶ ᠥᠩᠭᠡ ᠢᠯᠭᠠᠷᠠᠨ ᠬᠠᠷᠠᠭᠳᠠᠨ᠎ᠠ᠃ ᠪᠢᠳᠠ ᠠᠩᠭ᠋ᠠᠪᠠᠯ ᠭᠠᠷ ᠰᠤᠩᠭ᠋ᠠᠨ ᠨᠠᠭᠤᠷ ᠤᠨ ᠣᠰᠤ ᠶᠢ ᠣᠤᠠᠬᠤᠵᠤ ᠠᠪᠣᠭᠠᠤᠨ ᠣᠤᠭᠤᠨ᠎ᠠ᠃ ᠶᠠᠮᠠᠷ ᠴᠤ ᠰᠤᠨᠢᠨ ᠬᠠᠴᠢᠨ ᠦᠨᠦᠷ ᠦᠭᠡᠶ᠂ ᠳᠤᠪ ᠳᠤᠩᠭ᠋ᠠᠯᠠᠭ ᠮᠥᠷᠳᠡᠭᠡᠨ ᠴᠠᠪ ᠴᠠᠪᠠᠷ ᠶᠠᠩᠭᠢᠨᠠᠮ᠎ᠠ ᠭᠦᠢᠳᠡᠨ ᠣᠰᠤ ᠠᠵᠠᠢ᠃ ᠣᠤᠭᠤᠬᠤ ᠪᠦᠷᠢ ᠭᠤᠤᠯ ᠳᠠᠭᠠᠨ ᠭᠦᠢᠳᠡᠨ ᠣᠷᠭᠢᠵᠤ ᠳᠠᠪᠤᠨ ᠴᠤᠯᠤ ᠰᠡᠷᠢᠭᠦᠤ ᠳᠠᠳᠠᠨ᠎ᠠ᠃ ᠬᠠᠳᠤᠨ ᠭᠤᠤᠯ ᠤᠨ ᠣᠰᠤ ᠶᠢ ᠲᠦᠰᠢᠵᠤ ᠠᠮᠢᠳᠤᠷᠠᠭ᠎ᠠ ᠮᠠᠨ ᠤ ᠭᠢᠨ ᠤ ᠢᠳᠠᠵᠤ ᠪᠠᠢ᠌ᠭ᠎ᠠ ᠳᠦᠭᠡᠭᠡᠯ ᠣᠰᠤ ᠪᠣᠷᠤᠭᠠᠨ ᠣᠷᠤᠪᠠᠯ ᠮᠤᠷᠢᠨ ᠰᠢᠭᠡᠰᠤ ᠰᠢᠭ᠌ ᠣᠯᠠᠭᠠᠨ ᠰᠢᠷ᠎ᠠ ᠪᠠᠷ ᠭᠤᠷᠴᠢᠭᠢᠨᠠᠳᠠᠭ ᠮᠥᠷᠳᠡᠭᠡᠨ ᠡᠡᠭ᠌ ᠤᠨ ᠴᠠᠭ ᠲᠤ ᠪᠠᠨ ᠴᠤ ᠠᠷᠢᠭᠤᠤᠠᠬᠠᠭᠴᠢ ᠡᠮ ᠤᠨ ᠴᠠᠭᠠᠨ ᠪᠣᠷᠵᠠᠩ ᠳᠤᠨᠤᠷᠠᠳᠠᠭ ᠢ ᠨᠢ ᠪᠣᠳᠤᠭᠠᠤᠨ ᠳᠤᠳᠤᠷ᠎ᠠ ᠠᠷᠵᠠᠰᠭᠢᠭᠠᠤᠨ ᠠᠪᠣᠨ᠎ᠠ᠃ ᠦᠨᠡᠨ ᠳᠤ ᠪᠠᠨ ᠬᠠᠳᠤᠨ ᠭᠤᠤᠯ ᠮᠠᠨᠢ ᠴᠤ ᠠᠩᠬᠠᠯᠠᠨ ᠡᠢ᠌ᠮᠤ ᠯᠠ ᠳᠤᠩᠭ᠋ᠠᠯᠠᠭ ᠠᠷᠢᠭᠤᠨ ᠪᠠᠢ᠌ᠭᠰᠠᠨ ᠯᠠ ᠪᠢᠵᠠ᠃ 《ᠴᠢᠨ᠂ ᠬᠠᠨ᠂ ᠳᠠᠩ ᠣᠯᠤᠰ ᠤᠨ ᠦᠶ᠎ᠡ ᠳᠤ ᠭᠢᠳᠠᠤᠨ ᠢᠷᠭᠡᠨ ᠢ ᠭᠢᠯᠢ ᠳᠠᠪᠠᠭᠤᠯᠤᠨ ᠣᠮᠠᠷᠠᠰᠢ ᠨᠡᠭᠦᠯᠭᠡᠵᠤ ᠬᠠᠳᠤᠨ ᠭᠤᠤᠯ ᠤᠨ ᠳᠡᠭᠡᠳᠤ ᠣᠷᠤᠰᠬᠠᠯ ᠳᠤ ᠠᠳᠠᠷ ᠬᠠᠭᠠᠯᠪᠣᠷᠢᠯᠠᠭᠰᠠᠨ ᠡᠴᠡ ᠡᠢ᠌ᠮᠤ ᠪᠣᠷᠵᠠᠩ ᠲᠡᠶ ᠪᠣᠯᠤᠭᠰᠠᠨ ᠪᠢᠰᠢ ᠦᠦ︕ ᠵᠡᠭᠦᠨ ᠬᠠᠨ ᠣᠯᠤᠰ ᠡᠴᠡ ᠬᠣᠢ᠌ᠰᠢ ᠨᠢ᠋ᠮᠠᠨ ᠵᠠᠭᠤ ᠭᠠᠷᠤᠢ ᠵᠢᠯ ᠬᠠᠳᠤᠨ ᠭᠤᠤᠯ ᠦᠶᠡᠷᠯᠠᠵᠤ ᠰᠡᠳᠡᠷᠡᠭ᠍ᠰᠡᠨ ᠦᠭᠡᠶ ᠶᠢᠨ ᠰᠢᠯᠳᠠᠭᠠᠨ ᠨᠢ ᠣᠮᠠᠷᠠᠳᠤ ᠶᠢᠨ ᠨᠡᠭᠦᠳᠡᠯᠴᠢ ᠣᠭᠰᠠᠭᠠᠳᠠᠨ ᠲᠦᠷᠦ ᠵᠠᠰᠠᠭ ᠪᠠᠷᠢᠵᠤ ᠭᠤᠤᠯ ᠳᠠᠭᠠᠤ ᠳᠠᠷᠢᠶᠠᠯᠠᠳᠠᠭ ᠪᠢᠰᠢ ᠪᠠᠯᠴᠢᠭᠡᠷ ᠪᠠᠢ᠌ᠯᠭᠠᠭᠰᠠᠨ ᠤ ᠣᠴᠢᠷ ᠪᠢᠯᠠ》 ᠭᠡᠵᠤ ᠭᠠ᠊·ᠰᠢᠷᠠᠪᠵᠠᠮᠰᠤ ᠪᠠᠭᠰᠢ ᠶᠢᠨ 《ᠠᠠᠵᠢᠰᠤᠨ ᠬᠤᠰᠢᠭᠤᠨ ᠳᠤᠤᠷᠠᠭᠢ ᠦᠪᠣᠷ ᠮᠤᠩᠭ᠋ᠤᠯ ᠤᠨ ᠳᠠᠯ᠎ᠠ ᠨᠤᠳᠤᠭ》 ᠲᠤ ᠥᠭᠦᠯᠡᠭ᠍ᠰᠡᠨ ᠢ ᠰᠠᠨᠠᠪᠠ᠃

ᠦᠨᠦᠳᠤᠷ ᠤᠨ ᠡᠨᠡ ᠰᠠᠢ᠌ᠬᠠᠨ ᠪᠠᠢ᠌ᠭᠠᠯᠢ ᠣᠩᠭ᠋ᠤᠨ ᠳᠠᠷᠬᠠᠨ ᠭᠡᠪ ᠶᠢᠡᠷ ᠶᠢᠡᠨ ᠪᠠᠢ᠌ᠳᠠᠭ ᠤᠨ ᠰᠢᠯᠳᠠᠭᠠᠨ ᠨᠢ ᠪᠠᠢ᠌ᠭᠠᠯᠢ ᠪᠠᠨ ᠨᠢᠳᠤᠨ ᠴᠡᠴᠡᠭᠡᠢ ᠪᠠᠨ ᠰᠢᠭ᠌ ᠬᠠᠢ᠌ᠷᠠᠯᠠᠵᠤ ᠰᠢᠳᠤᠨ ᠬᠠᠮᠠᠭᠠᠯᠠᠳᠠᠭ ᠨᠡᠭᠦᠳᠡᠯᠴᠢ ᠦᠨᠳᠦᠰᠦᠳᠠᠨ ᠤ ᠮᠢᠨᠢ ᠦᠪ ᠰᠤᠶᠤᠯ ᠦᠵᠡᠯ ᠣᠬᠠᠮᠰᠠᠷ ᠡᠴᠡ ᠯᠠ ᠪᠣᠯᠤᠭ᠎ᠠ ᠪᠢᠵᠠ︕ ᠪᠢᠳᠠᠨ ᠢ ᠭᠦᠪᠰᠦᠭᠦᠯ ᠠᠢ᠌ᠮᠠᠭ ᠤᠨ ᠬᠠᠷᠢᠶᠠᠨ ᠳᠤ ᠣᠷᠤᠬᠤ ᠳᠤ ᠵᠠᠮ ᠤᠨ ᠴᠠᠭᠳᠠᠭ᠎ᠠ ᠫᠠᠰᠫᠣᠷᠲ᠋ ᠶᠢ ᠪᠠᠢ᠌ᠴᠠᠭᠠᠭᠰᠠᠨ ᠤ ᠳᠠᠷᠠᠭ᠎ᠠ ᠭᠤᠷᠪᠠᠨ ᠪᠦᠳᠦᠭᠦᠨ ᠰᠦᠯᠢᠶᠤᠤ ᠬᠠᠪᠳᠠᠭ᠎ᠠ ᠦᠭ‍ᠭᠦᠭ᠍ᠰᠡᠨ ᠢ ᠨᠢ ᠪᠦᠷ ᠴᠤ ᠭᠠᠢ᠌ᠬᠠᠵᠤ ᠪᠢᠯᠠ᠃ ᠣᠴᠢᠷ ᠨᠢ ᠪᠣᠴᠠᠬᠤ ᠵᠠᠮ ᠳᠤ ᠪᠠᠨ ᠪᠦᠭᠦ ᠭᠠᠷᠭᠠᠭᠰᠠᠨ ᠬᠤᠭ ᠨᠤᠪᠰᠢ ᠪᠠᠨ ᠡ᠊ᠨᠳᠡ ᠳᠤᠰᠢᠶᠠᠭᠠᠷᠠᠢ ᠭᠡᠵᠤ ᠵᠠᠭᠢᠭᠰᠠᠨ ᠪᠠᠢ᠌ᠳᠠᠭ᠃ ᠴᠢᠨᠠᠭᠰᠢ ᠠᠵᠢᠭᠯᠠᠪᠠᠯ᠂ ᠳᠤᠰᠬᠠᠢ ᠮᠠᠰᠢᠨ ᠶᠢᠡᠷ ᠬᠤᠭ ᠰᠢᠳᠠᠭᠠᠵᠤ ᠰᠢ᠌ᠤᠠᠪᠣᠷᠢᠯᠠᠵᠤ ᠪᠠᠢ᠌ᠭ᠎ᠠ ᠬᠠᠷᠠᠭᠳᠠᠨ᠎ᠠ᠃ ᠪᠢᠳᠠ ᠴᠤ ᠵᠠᠮ ᠳᠤᠷᠰᠢ ᠢᠳᠠᠵᠤ ᠣᠤᠭᠤᠭᠰᠠᠨ ᠬᠤᠭ ᠨᠤᠪᠰᠢ ᠪᠠᠨ ᠰᠢᠳᠠᠭᠠᠵᠤ ᠣᠷᠭᠢᠬᠤ ᠪᠣᠶᠤ ᠪᠣᠯᠠᠵᠤ ᠳᠠᠯᠪᠢᠭᠰᠠᠠᠭᠠᠷ ᠢᠷᠡᠭ᠍ᠰᠡᠨ ᠶᠤᠮ᠃ ᠡᠳᠡᠭᠡᠷ ᠠᠮᠢᠳᠤᠷᠠᠯ ᠤᠨ ᠰᠢᠯᠢᠳᠡᠭ᠌ ᠵᠠᠩ ᠰᠤᠷᠳᠠᠯ ᠶᠢᠡᠨ ᠦᠷ᠎ᠡ ᠭᠡᠦᠭᠡᠤᠨ ᠲᠤ ᠪᠠᠨ ᠣᠯᠠᠮᠵᠢᠯᠠᠵᠤ ᠠᠮᠢᠳᠤ ᠭᠢᠴᠢᠶᠠᠯ ᠣᠷᠤᠬᠤ ᠨᠢ ᠮᠠᠨ ᠤ ᠵᠤᠷᠢᠯᠭ᠎ᠠ᠃ ᠭᠡᠦᠭᠡᠤᠨ ᠮᠢᠨᠢ ᠴᠤ ᠨᠢᠭᠡ ᠭᠡᠰᠡᠭ᠌ ᠰᠢᠭᠢᠷ ᠤᠨ ᠴᠠᠭᠠᠰᠤ ᠶᠢ ᠭᠦᠷᠳᠡᠯ᠎ᠡ ᠴᠢᠮᠭᠢᠵᠤ ᠠᠪᠣᠭᠠᠤᠨ ᠣᠭᠤᠳᠠᠨ ᠳᠤ ᠭᠢᠵᠤ ᠠᠪᠳᠠᠭ᠃ ᠭᠤᠤᠯ ᠤᠨ ᠣᠰᠤ ᠪᠣᠶᠤ ᠨᠠᠭᠤᠷ ᠪᠣᠯᠠᠭ ᠤᠨ ᠭᠦᠪᠠᠭᠡᠨ ᠳᠤ᠂ ᠣᠭᠢᠶᠠᠵᠤ ᠴᠡᠪᠠᠷᠯᠡᠭᠦ ᠳᠤ ᠪᠠᠨ ᠴᠤ ᠰᠠᠪᠣᠩ ᠤᠨ ᠭᠦᠭᠡᠰᠤ᠂ ᠣᠰᠤ ᠶᠢ ᠪᠣᠭᠢᠷᠳᠠᠭᠤᠯᠬᠤ ᠡᠴᠡ ᠣᠠᠴᠠ ᠭᠢᠴᠢᠶᠡᠳᠡᠭ᠌᠃ ᠡᠢ᠌ᠮᠤ ᠭᠤᠶᠤ ᠡᠮᠵᠡᠭ᠍‍ᠭᠡᠨ ᠣᠩᠭ᠋ᠤᠨ ᠳᠠᠩᠰᠤᠭ ᠪᠠᠢ᠌ᠭᠠᠯᠢ ᠳᠡᠯᠡᠭᠡᠢ ᠪᠠᠨ ᠡᠪᠳᠡᠵᠤ ᠪᠣᠭᠢᠷᠳᠠᠭᠤᠯᠪᠠᠯ ᠨᠢᠭᠦᠯ ᠤᠨ ᠦᠷ᠎ᠡ ᠳᠠᠷᠠ ᠭᠡᠵᠤ ᠯᠠ ᠣᠢ᠌ᠯᠠᠭᠠᠨ᠎ᠠ ᠳ᠋ᠠ᠃

ᠳᠦᠷᠦᠭᠦᠤ ᠭᠡᠳᠤᠨ ᠵᠢᠯ ᠡ᠊ᠨᠳᠡ ᠭᠠᠳᠠᠨ᠎ᠠ ᠡᠴᠡ ᠭᠦᠮᠤᠨ ᠢᠷᠠᠵᠤ ᠠᠭᠤᠷᠬᠠᠢ ᠮᠠᠯᠳᠠᠬᠤ ᠭᠡᠤᠨ ᠡ᠊ᠨᠳᠡᠭᠢ ᠮᠠᠯᠴᠢᠳ ᠤᠨ ᠡᠷᠡᠰ ᠡᠰᠡᠷᠭᠦᠴᠡᠯ ᠳᠤ ᠣᠴᠠᠷᠠᠯ᠎ᠠ ᠭᠡᠵᠤ ᠳᠠᠪᠠᠬᠠᠷᠳᠠᠨᠢ ᠭᠦᠨ ᠰᠡᠳᠬᠢᠯᠭᠡ ᠪᠠᠷ ᠶᠠᠷᠢᠵᠤ ᠪᠠᠢ᠌ᠪᠠ᠃ ᠬᠤᠷᠢ ᠭᠦᠷᠦᠭᠡ ᠦᠭᠡᠶ ᠭᠦᠷᠦᠰᠦᠯᠢᠭ᠌ ᠪᠣᠷᠤ ᠴᠢᠷᠠᠢ ᠲᠡᠶ ᠡᠨᠡ ᠭᠦᠤ ᠰᠤᠷᠭᠠᠭᠤᠯᠢ ᠳᠤ ᠰᠠᠭᠤᠮᠠᠷ ᠯᠠ ᠶᠤᠰᠤᠳᠠᠢ ᠰᠠᠨᠠᠭᠳᠠᠬᠤ ᠳᠤᠯᠠ᠄ 《ᠳᠠ ᠰᠤᠷᠭᠠᠭᠤᠯᠢ ᠳᠤ ᠰᠠᠭᠤᠭ᠎ᠠ ᠪᠢᠵᠠ︖》 ᠭᠡᠵᠤ ᠠᠰᠠᠭᠤᠪᠠᠯ 《ᠪᠢ ᠨᠢᠳᠤᠨᠤᠨ ᠰᠠ‍‌ᠶᠢ ᠠᠷᠪᠠᠳᠤ ᠪᠠᠨ ᠳᠡᠭᠦᠰᠭᠡᠯ᠎ᠡ᠃ ᠣᠳᠤ ᠨᠠᠭᠤᠷ ᠶᠢᠡᠨ ᠰᠠᠭᠢᠬᠤ ᠶᠢᠨ ᠰᠠᠴᠠᠭᠤ ᠵᠠᠪᠢ ᠰᠠᠯᠢᠵᠤ ᠵᠤᠴᠢᠳ ᠵᠥᠭᠡᠭᠡᠵᠤ ᠪᠣᠢ》 ᠭᠡᠪᠡ᠃ ᠳᠡᠭᠦᠨ ᠤ ᠥᠭᠡ ᠪᠣᠯᠭᠠᠨ ᠭᠦᠳᠡᠯᠦᠯ ᠪᠦᠷᠢ ᠳᠤ ᠨᠢ ᠡᠵᠡᠨ ᠭᠦᠮᠤᠨ ᠤ ᠭᠦᠡᠳᠤ ᠭᠢᠨᠠᠭᠤᠷ ᠣᠪᠣᠷ ᠢᠯᠠᠷᠠᠵᠤ ᠪᠠᠢ᠌ᠯ᠎ᠠ᠃

ᠵᠠᠪᠢ ᠨᠢᠰᠭᠦ ᠮᠠᠳᠤ ᠬᠤᠷᠳᠤᠯᠠᠨ᠎ᠠ᠃ ᠨᠠᠭᠤᠷ ᠤᠨ ᠣᠰᠤ ᠳᠤᠪ ᠳᠤᠩᠭ᠋ᠠᠯᠠᠭ ᠡᠴᠡ ᠪᠠᠨ ᠭᠦᠶ‍ᠦᠭᠡᠨ ᠴᠡᠩᠭᠡᠷ᠂ ᠭᠦᠨ ᠴᠡᠩᠭᠡᠷ᠂ ᠴᠠᠯ ᠨᠤᠭᠤᠭᠠᠨ᠂ ᠬᠠᠷ᠎ᠠ ᠨᠤᠭᠤᠭᠠᠨ᠂ ᠭᠦᠨ ᠬᠠᠷ᠎ᠠ ᠶᠠᠩᠵᠤ ᠶᠢᠨ ᠥᠩᠭᠡ ᠪᠠᠷ ᠬᠤᠪᠢᠷᠠᠵᠤ ᠬᠠᠷᠠᠭᠳᠠᠨ᠎ᠠ᠃ ᠡᠨᠡ ᠨᠢ ᠨᠠᠭᠤᠷ ᠤᠨ ᠣᠰᠤᠨ ᠤ ᠭᠦᠨ ᠭᠦᠶ‍ᠦᠭᠡᠨ ᠡᠴᠡ ᠳᠤᠭᠳᠠᠭᠠᠭᠳᠠᠳᠠᠭ ᠠᠵᠢ᠃ ᠨᠤᠮᠢᠨ ᠨᠤᠭᠤᠭᠠᠨ᠂ ᠢᠠᠳᠤᠷᠨᠢᠯᠠ ᠡᠷᠳᠡᠨᠢ᠂ ᠪᠢᠠᠳᠤᠷᠢᠶ᠎ᠠ ᠭᠦᠭᠡ ᠭᠡᠵᠤ ᠡᠢ᠌ᠮᠤ ᠥᠩᠭᠡ ᠤᠳ ᠪᠠᠢ᠌ᠵᠤ ᠳᠠᠭᠠᠷᠠᠨ᠎ᠠ᠃ ᠬᠠᠶᠠ ᠳᠤ ᠪᠠᠨ ᠨᠡᠮᠡᠭᠦᠨ ᠨᠤᠭᠤᠭᠠᠨ ᠊ᠭ᠍‍ᠭᠢᠪ ᠭᠡᠮᠡᠷ ᠳᠤᠯᠭᠢᠶ᠎ᠠ ᠬᠠᠶᠠᠯᠠᠨ᠎ᠠ᠃ ᠬᠠᠶᠠ ᠳᠤ ᠪᠠᠨ ᠰᠢᠭᠦᠰᠤ ᠳᠤᠰᠤᠯᠤᠮ᠎ᠠ ᠨᠥᠮᠵᠦᠭ᠌ ᠳᠤᠰᠤᠷᠬᠠᠭ ᠰᠠᠨᠠᠭᠳᠠᠵᠤ ᠡᠮᠭᠦᠭᠡᠤᠨ ᠠᠪᠣᠮᠠᠷ ᠳᠤᠷ᠎ᠠ ᠶᠢ ᠪᠣᠯᠢᠶᠠᠨ᠎ᠠ᠃ ᠬᠠᠶᠠ ᠳᠤ ᠪᠠᠨ ᠴᠡᠩᠭᠡᠷ ᠳᠤᠷᠭᠠᠨ ᠱᠨ ᠶᠢ ᠰᠠᠯᠭᠢᠨ᠎ᠠ ᠳᠡᠷᠪᠠᠭᠦᠯᠭᠦ ᠮᠠᠳᠤ ᠨᠢᠮᠭᠡᠨ ᠳᠠᠪᠠᠯᠭᠠᠨ ᠣᠢ᠌ᠯᠤᠨ ᠪᠣᠰᠤᠨ᠎ᠠ᠃ ᠪᠢᠳᠠ ᠭᠠᠢ᠌ᠬᠠᠬᠤ ᠳᠤ ᠪᠠᠨ ᠪᠦᠷ ᠴᠤ ᠳᠠᠭᠤᠨ ᠠᠯᠳᠠᠪᠠ᠃ ᠭᠡᠦᠭᠡᠤᠨ ᠴᠤ ᠡᠢ᠌ᠰᠢ ᠳᠠᠢ᠌ᠰᠢ ᠵᠢᠭᠠᠵᠤ ᠭᠠᠢ᠌ᠬᠠᠯᠳᠤᠨ ᠱᠠᠭᠰᠢᠷᠠᠨ᠎ᠠ᠃ ᠵᠠᠪᠢᠴᠢᠨ ᠳᠠᠪᠠᠬᠠᠷᠳᠠᠨᠢ ᠴᠤ ᠰᠠᠤᠠᠭᠢᠯ ᠭᠦᠭ᠍ᠰᠡᠨ ᠄

《ᠳᠡᠯᠭᠡᠭᠡᠤᠨ ᠪᠠᠷᠢᠭᠰᠠᠨ ᠬᠠᠳᠠᠭ ᠰᠢᠭ

ᠳᠡᠯᠡᠭᠡᠢ ᠳᠤ ᠢᠵᠢᠯ ᠦᠭᠡᠶ ᠨᠠᠭᠤᠷ ᠮᠢᠨᠢ

ᠳᠡᠭᠡᠳᠦᠯᠡᠭᠡᠤᠨ ᠮᠥᠩᠭᠡᠳᠡ ᠬᠠᠢ᠌ᠷᠠᠯᠠᠪᠠᠯ

ᠳᠡᠭᠡᠳᠤ ᠶᠢᠨ ᠢᠷᠦᠭᠡᠯ ᠲᠡᠶ ᠳᠠᠯᠠᠢ ᠮᠢᠨᠢ

ᠠᠢ ᠳ᠋ᠠ᠂ ᠭᠦᠪᠰᠦᠭᠦᠯ ᠳᠠᠯᠠᠢ

ᠠᠮᠢ ᠨᠢᠭᠡᠳᠡᠢ ᠮᠢᠨᠤ ᠳᠠᠯᠠᠢ᠂ ᠮᠤᠩᠭ᠋ᠤᠯ ᠳᠠᠯᠠᠢ᠁》 ᠭᠡᠵᠤ 《ᠭᠦᠪᠰᠦᠭᠦᠯ ᠳᠠᠯᠠᠢ》 ᠭᠡᠭᠦ ᠳᠠᠭᠤᠤ ᠪᠠᠨ ᠳᠠᠭᠤᠯᠠᠵᠤ ᠭᠠᠷᠤᠯ᠎ᠠ᠃ ᠳᠡᠭᠦᠨ ᠤ ᠳᠠᠭᠤᠯᠠᠬᠤ ᠨᠢ ᠳᠠᠢ᠌ᠮᠤ ᠯᠠ ᠨᠠᠮ ᠳᠠᠢ᠌ᠪᠣᠭᠤ ᠮᠥᠷᠳᠡᠭᠡᠨ ᠭᠦᠩᠭᠢᠨᠡᠭᠦᠨ ᠴᠤᠤᠷᠢᠶᠠᠯᠢᠭ ᠰᠥᠷᠯᠢᠭ᠌ ᠵᠢᠪᠬᠤᠭ᠎ᠠ ᠲᠡᠶ ᠠᠵᠠᠢ᠁ ᠦᠶ᠎ᠡ ᠳᠠᠮᠵᠢᠨ ᠠᠮᠢ ᠭᠤᠤᠯ ᠡᠴᠡ ᠪᠠᠨ ᠢᠯᠡᠭᠦᠤ ᠰᠢᠳᠤᠵᠤ ᠳᠡᠭᠡᠳᠦᠯᠡᠭᠡᠤᠨ ᠢᠷᠡᠭ᠍ᠰᠡᠨ ᠨᠠᠭᠤᠷ ᠳᠠᠯᠠᠢ ᠪᠠᠨ ᠦᠶ᠎ᠡ ᠶᠢᠨ ᠦᠶ᠎ᠡ ᠳᠤ ᠪᠠᠨ ᠰᠠᠭᠢᠨ ᠬᠠᠮᠠᠭᠠᠯᠠᠬᠤ ᠡᠷᠴᠢ ᠭᠦᠴᠤᠨ᠂ ᠢᠳᠡᠭᠡᠯ ᠵᠤᠷᠢᠭ ᠭᠦᠭᠡᠷᠦᠭᠦᠨ ᠠᠯᠠᠭ ᠨᠢᠳᠤᠨ ᠳᠤ ᠨᠢ ᠳᠤᠳᠤᠷᠠᠵᠤ ᠪᠠᠢ᠌ᠯ᠎ᠠ᠁

ᠬᠤᠶᠠᠷ᠂ ᠴᠠᠳᠠᠠᠴᠤᠳ ᠤᠨ ᠣᠷᠤᠴᠠ

ᠪᠢᠳᠠ ᠨᠠᠭᠤᠷ ᠤᠨ ᠦᠵᠡᠮᠵᠢ ᠳᠤ ᠰᠤᠭᠳᠤᠭᠤᠷᠠᠨ ᠳᠠᠯᠠᠢ ᠳᠡᠭᠡᠭᠦᠷ ᠬᠤᠶᠠᠷ ᠴᠠᠭ ᠢᠯᠡᠭᠦᠤ ᠭᠦᠪᠦᠨ ᠠᠶᠠᠯᠠᠭᠰᠠᠭᠠᠷ ᠴᠠᠳᠠᠠᠴᠤᠳ ᠤᠨ ᠣᠳᠤᠷ ᠲᠤ ᠣᠢ᠌ᠷᠠᠳᠤᠯ᠎ᠠ᠃ ᠨᠠᠭᠤᠷ ᠤᠨ ᠭᠦᠪᠠᠭᠡᠨ ᠡᠴᠡ ᠪᠠᠬᠠᠨ ᠵᠠᠢ᠌ᠳᠠᠢ ᠠᠭᠤᠯᠠᠨ ᠭᠢᠷ᠎ᠠ ᠳᠡᠭᠡᠷ᠎ᠡ ᠠᠷᠤ ᠶᠢᠨ ᠨᠤᠮᠢᠨ ᠰᠢᠭᠤᠢ ᠶᠢ ᠲᠦᠰᠢᠵᠤ ᠭᠦᠭᠡ᠂ ᠨᠤᠭᠤᠭᠠᠨ᠂ ᠰᠢᠷ᠎ᠠ᠂ ᠣᠯᠠᠭᠠᠨ ᠭᠡᠳᠤᠨ ᠥᠩᠭᠡ ᠶᠢᠨ ᠮᠠᠢ᠌ᠬᠠᠨ ᠶᠢᠡᠨ ᠬᠠᠶᠠᠭ᠎ᠠ ᠳᠡᠷᠡᠯᠡᠭᠦᠯᠤᠨ ᠪᠣᠰᠬᠠᠪᠠ᠃ ᠣᠳᠠᠯ ᠦᠭᠡᠶ ᠭᠦᠯᠳᠦᠭᠡᠨᠡᠭ᠍ᠰᠡᠨ ᠬᠠᠷ᠎ᠠ ᠴᠢᠷᠠᠢ ᠲᠡᠶ ᠴᠠᠳᠠᠨ ᠵᠠᠯᠠᠭᠤ ᠮᠤᠷᠢ ᠳᠤᠪᠳᠤᠯᠭᠠᠨ ᠢᠷᠠᠵᠤ᠂ ᠮᠠᠨ ᠲᠡᠶ ᠮᠠᠠᠳᠤᠯᠠᠯᠴᠠᠪᠠ᠃ ᠳᠤᠰ ᠭᠠᠵᠠᠷ ᠢ ᠳᠠᠷᠭᠤᠳᠠᠰᠢ ᠭᠡᠳᠡᠭ᠌ ᠪᠦᠭᠡᠤᠨ ᠦᠪᠡᠷ ᠤᠨ ᠭᠢᠨᠢ ᠨᠠᠷ᠎ᠠ ᠨᠢ ᠪᠠᠶᠠᠷ ᠭᠡᠳᠡᠭ᠌ ᠢ ᠶᠠᠷᠢᠯᠴᠠᠵᠤ ᠣᠢ᠌ᠯᠠᠭᠠᠪᠠ᠃ ᠪᠢᠳᠠ ᠮᠢᠬ᠎ᠠ ᠲᠡᠶ ᠱᠦᠯᠤᠨ ᠳᠤ ᠪᠣᠳᠠᠭ᠎ᠠ ᠣᠷᠭᠢᠵᠤ ᠢᠳᠡᠭᠡᠤᠨ ᠴᠠᠳᠠᠨ ᠵᠠᠯᠠᠭᠤ ᠶᠢᠨ ᠭᠡᠷ ᠲᠤ ᠠᠢ᠌ᠯᠴᠢᠯᠠᠬᠤ ᠪᠠᠷ ᠪᠣᠯᠪᠠ᠃

ᠴᠠᠳᠠᠠᠴᠤᠳ ᠤᠨ ᠮᠠᠢ᠌ᠬᠠᠨ ᠵᠤᠨ ᠤ ᠣᠳᠤᠷ ᠲᠤ ᠶᠠᠪᠣᠭ᠎ᠠ ᠡᠴᠡ ᠪᠣᠯᠪᠠ ᠦᠦ᠂ ᠮᠠᠰᠢ ᠳᠦᠭᠦᠮ ᠮᠥᠷᠳᠡᠭᠡᠨ ᠦᠪᠡᠷᠮᠢᠴᠠ ᠰᠦᠷ ᠲᠡᠶ ᠠᠵᠤᠭᠤ᠃ ᠬᠠᠷᠠᠬᠤᠶ᠎ᠠ ᠢᠵᠠᠭᠤᠷ ᠰᠤᠶᠤᠯ ᠤᠨ ᠪᠠᠯᠠᠷᠯᠢᠭ ᠮᠥᠷᠳᠡᠭᠡᠨ ᠡᠴᠢᠨ᠎ᠡ ᠳᠠᠯᠳᠠ ᠶᠢᠨ ᠷᠢᠳᠢ ᠰᠢᠳᠢ ᠶᠢᠨ ᠠᠮᠢᠰᠬᠤᠯ ᠮᠡᠳᠡᠷᠡᠭ᠍ᠳᠡᠭᠦ ᠠᠵᠢ᠃ ᠭᠠᠳᠠᠨ᠎ᠠ ᠡᠴᠡ ᠨᠢ ᠬᠠᠷᠠᠬᠤ ᠳᠤ ᠭᠡᠳᠤᠨ ᠮᠤᠳᠤ ᠶᠢ ᠵᠢᠰᠢᠭᠦᠯᠳᠦᠭᠦᠯᠤᠨ ᠪᠣᠰᠬᠠᠵᠤ ᠣᠷᠤᠢ ᠶᠢ ᠨᠢ ᠬᠤᠯᠪᠣᠵᠤ ᠣᠶᠠᠭᠠᠤᠨ ᠠᠷᠠᠰᠤ ᠰᠢᠷᠢ ᠪᠠᠷ ᠪᠦᠷᠢᠭ᠍ᠰᠡᠨ ᠰᠢᠭ᠌ ᠯᠠ ᠪᠠᠢ᠌ᠨ᠎ᠠ᠃ ᠡᠭᠦᠨ ᠢ ᠣᠷᠤᠴᠠ ᠭᠡᠳᠡᠭ᠌ ᠭᠡᠨ᠎ᠡ᠃ ᠣᠷᠤᠴᠠ ᠶᠢᠨ ᠳᠤᠳᠤᠷᠠᠭᠢ ᠡᠳ᠋ᠯᠡᠯ ᠭᠡᠷᠡᠭᠯᠡᠯ ᠨᠢ ᠴᠤ ᠮᠠᠰᠢ ᠳᠦᠭᠦᠮ᠃ ᠪᠣᠭᠤ ᠶᠢᠨ ᠠᠷᠠᠰᠤᠨ ᠳᠡᠪᠢᠰᠭᠡᠷ ᠳᠡᠪᠢᠰᠦᠭᠡᠰᠦᠳᠡᠢ᠃ ᠬᠣᠢ᠌ᠮᠤᠷ ᠲᠤ ᠪᠠᠨ ᠪᠦᠭᠡ ᠶᠢᠨ ᠰᠢᠳᠦᠭᠡᠨ ᠶᠢᠡᠨ ᠡᠯᠭᠦᠨ ᠳᠠᠭᠢᠵᠤ ᠪᠠᠢ᠌ᠪᠠ᠃ ᠳᠤᠭᠤᠷᠢᠭᠠᠤᠨ ᠭᠦᠭᠡ ᠬᠠᠳᠠᠭ ᠳᠦᠭᠦᠷᠳᠡᠯ᠎ᠡ ᠡᠯᠭᠦᠭ᠍ᠰᠡᠨ ᠬᠠᠷᠠᠭᠳᠠᠨ᠎ᠠ᠃ ᠳᠠᠭᠢᠯ ᠤᠨ ᠰᠢᠷᠡᠭᠡᠨ ᠳᠡᠭᠡᠷ᠎ᠡ ᠮᠤᠩᠭ᠋ᠤᠯ ᠳᠦᠭᠦᠷᠢᠭ᠌᠂ ᠠᠮᠳᠠᠳᠠᠨ ᠤ ᠳᠡᠭᠡᠵᠢ᠂ ᠡᠯᠳᠡᠪ ᠰᠢᠭᠢᠷ ᠪᠣᠭᠤᠷᠰᠤᠭ ᠥᠷᠦᠭᠡᠰᠦᠳᠡᠢ ᠪᠠᠢ᠌ᠯ᠎ᠠ᠃ ᠪᠢᠳᠠ ᠠᠪᠴᠢᠷᠠᠭᠰᠠᠨ ᠠᠷᠢᠭᠢ ᠰᠢᠭᠢᠷ ᠵᠡᠷᠭᠡ ᠪᠠᠯᠡᠭ᠌ ᠶᠢᠡᠨ ᠬᠠᠳᠠᠭ ᠲᠡᠶ ᠪᠠᠨ ᠰᠢᠳᠦᠭᠡᠨ ᠤ ᠡᠮᠦᠨ᠎ᠡ ᠡᠷᠭᠦᠵᠤ ᠮᠥᠷᠭᠦᠨ ᠵᠤᠯᠭᠠᠪᠠ᠃ ᠪᠠᠶᠠᠷ ᠤᠨ ᠡᠵᠢ ᠨᠢ ᠦᠪᠣᠷ ᠮᠤᠩᠭ᠋ᠤᠯ ᠤᠨ ᠣᠳᠤᠨ ᠳᠸᠯᠸᠢᠰ ᠳᠡᠭᠡᠷ᠎ᠡ ᠮᠡᠳᠡᠭᠡᠯᠡᠭ᠍ᠳᠡᠵᠤ ᠪᠠᠢ᠌ᠭᠰᠠᠨ ᠪᠦᠭᠡ ᠶᠢᠨ ᠱᠠᠰᠢᠨ ᠤ ᠨᠠᠷᠠᠳᠤ ᠢᠳᠤᠭᠠᠨ ᠡᠩᠭᠡᠳᠤᠶᠠᠭ᠎ᠠ ᠨᠠᠰᠤᠳᠠᠨ ᠪᠠᠢ᠌ᠭᠰᠠᠨ ᠢ ᠮᠠᠨ ᠤ ᠠᠬᠠᠯᠠᠭᠴᠢ ᠭᠤᠸᠠᠢ ᠥᠵᠡᠮᠡᠭ᠍ᠴᠡ ᠳᠠᠨᠢᠵᠤ ᠪᠢᠳᠠ ᠪᠦᠷ ᠪᠠᠶᠠᠷᠯᠠᠪᠠ᠃ ᠭᠡᠯᠡ ᠨᠢᠭᠡᠳᠡᠨ ᠤ ᠬᠤᠪᠢ ᠢᠷᠦᠭᠡᠯ ᠭᠡᠵᠤ ᠡᠢ᠌ᠮᠤ ᠯᠠ ᠪᠠᠢ᠌ᠵᠠᠢ᠃ ᠭᠡᠳᠤᠨ ᠮᠢᠩᠭ᠋ᠠᠨ ᠤ ᠭᠠᠵᠠᠷ ᠤᠨ ᠬᠤᠯᠠ ᠡᠴᠡ ᠭᠢᠯᠢ ᠠᠯᠤᠰᠯᠠᠵᠤ ᠭᠦᠷᠤᠨ ᠬᠠᠷᠢᠯᠠᠵᠤ ᠪᠠᠢ᠌ᠭᠰᠠᠨ ᠴᠤ ᠳᠠᠨᠢᠯ ᠳᠠᠰᠤᠯ ᠬᠠᠯᠠᠭᠤᠨ ᠡᠯᠢᠭᠡᠳᠡᠳ ᠲᠡᠶ ᠪᠠᠨ ᠠᠭᠤᠯᠵᠠᠵᠤ ᠵᠤᠯᠭᠠᠬᠤ ᠶᠤᠰᠤ ᠲᠡᠶ ᠯᠠ ᠶᠤᠮ ᠰᠠᠠᠵᠠᠢ᠃

ᠢᠳᠤᠭᠠᠨ ᠤ ᠪᠠᠶ᠎ᠠ ᠯᠠᠭᠱᠠᠨ ᠳᠤᠩᠭ᠋ᠠᠯᠠᠭ᠂ ᠴᠢᠷᠠᠢ ᠳᠠᠯᠪᠢᠭᠤᠨ ᠭᠡᠭᠡᠡᠴᠢᠷ᠂ ᠪᠣᠶᠠᠠᠳᠤ ᠪᠣᠭᠤᠷᠤᠯ ᠤᠨ ᠢᠨᠢᠶᠡᠮᠰᠦᠩᠭᠦᠢ ᠨᠢᠩᠵᠢᠨ ᠳᠦᠷᠢ ᠳᠤᠳᠤᠷᠠᠵᠤ᠂ ᠡᠯᠢᠭᠡᠰᠡᠭ᠌ ᠬᠠᠷᠠᠴᠠ ᠪᠠᠷ ᠮᠠᠨᠤᠰ ᠢ ᠰᠢᠷᠳᠠᠨ᠎ᠠ᠃ ᠪᠢᠳᠠ ᠨᠢᠭᠡ ᠨᠢᠭᠡ ᠪᠠᠷ ᠮᠥᠷᠭᠦᠨ ᠵᠤᠯᠭᠠᠵᠤ ᠠᠳᠢᠰ ᠭᠦᠷᠳᠡᠵᠡᠭᠡᠪᠡ᠃ ᠣᠷᠤᠴᠠ ᠡᠴᠡ ᠳ᠋ᠠᠯᠢ ᠡᠪᠠᠰᠤᠨ ᠤ ᠰᠤᠳᠤᠨ ᠦᠨᠦᠷ ᠰᠠᠩᠭᠢᠨᠠᠵᠤ ᠪᠠᠢ᠌ᠯ᠎ᠠ᠃ ᠣᠷᠤᠴᠠ ᠶᠢᠨ ᠭᠠᠳᠠᠨ᠎ᠠ᠂ ᠳᠡᠭ᠍ᠰᠢᠭᠡᠨ ᠳᠤᠪᠣᠴᠠᠭ ᠳᠡᠭᠡᠷ᠎ᠡ ᠴᠠᠳᠠᠠᠴᠤᠳ ᠤᠨ ᠨᠤᠳᠤᠭ ᠤᠨ ᠭᠠᠷᠤᠯᠳᠠ ᠥᠷᠦᠭ᠍ᠳᠡᠵᠤ ᠬᠠᠷᠢ ᠭᠠᠳᠠᠨ᠎ᠠ ᠶᠢᠨ ᠵᠤᠷᠴᠢᠭᠴᠢᠳ ᠤᠨ ᠠᠩᠬᠠᠷᠤᠯ ᠢ ᠳᠠᠳᠠᠨ᠎ᠠ᠃ ᠣᠯᠠᠩᠭᠢ ᠨᠢ ᠴᠠ ᠪᠣᠭᠤ ᠶᠢᠨ ᠠᠷᠠᠰᠤᠨ ᠡᠳ᠋ᠯᠡᠯ᠂ ᠴᠠ ᠪᠣᠭᠤ ᠶᠢᠨ ᠡᠪᠠᠷ ᠰᠠᠢ᠌ᠯᠤᠮᠠᠯ᠂ ᠴᠠ ᠪᠣᠭᠤ ᠶᠢᠨ ᠴᠢᠰᠤᠨ ᠡᠪᠠᠷ᠂ ᠬᠤᠪᠣᠷ ᠦᠨᠡᠳᠤ ᠡᠷᠳᠡᠨᠢ ᠶᠢᠨ ᠴᠢᠯᠠᠭᠤᠨ ᠵᠢᠮᠰᠡᠭ᠌᠂ ᠰᠠᠷᠯᠤᠭ ᠤᠨ ᠡᠪᠠᠷ ᠰᠠᠢ᠌ᠯᠤᠮᠠᠯ᠂ ᠰᠠᠷᠯᠤᠭ ᠤᠨ ᠨᠤᠤᠰᠤᠨ ᠡᠳ᠋ᠯᠡᠯ ᠤᠳ ᠵᠢᠴᠢ ᠭᠦᠨ ᠠᠭᠤᠯᠠᠨ ᠤ ᠬᠤᠪᠣᠷ ᠴᠤᠬᠠᠭ ᠡᠪᠠᠰᠤᠨ ᠡᠮ ᠤᠨ ᠵᠣᠢ᠌ᠯ ᠤᠳ ᠪᠠᠢ᠌ᠯ᠎ᠠ᠃ ᠨᠠᠷᠠᠨ ᠳᠤ ᠭᠤᠷᠰᠢᠵᠤ ᠰᠠᠯᠭᠢᠨ ᠳᠤ ᠳᠠᠪᠳᠠᠭᠳᠠᠭᠰᠠᠨ ᠬᠠᠷ᠎ᠠ ᠪᠣᠷᠤ ᠴᠢᠷᠠᠢ ᠡᠴᠡ ᠪᠠᠨ ᠢᠳᠡᠭᠡᠯ ᠤᠨ ᠭᠢᠯᠪᠠᠭ᠎ᠠ ᠰᠠᠴᠤᠷᠠᠭᠤᠯᠵᠤ᠂ ᠴᠡᠩᠭᠡᠷ ᠨᠢᠳᠤᠳᠤ ᠴᠠᠭᠠᠨ ᠠᠷᠠᠰᠤᠳᠠᠤᠨ ᠲᠡᠶ ᠡᠡᠩᠭᠯᠢ᠂ ᠭᠧᠷᠮᠡᠨ ᠭᠡᠯᠡ ᠪᠠᠷ ᠪᠣᠳᠠᠷᠠᠳᠠᠯ᠎ᠠ ᠶᠠᠷᠢᠯᠴᠠᠵᠤ ᠪᠠᠢ᠌ᠭ᠎ᠠ ᠴᠠᠳᠠᠨ ᠪᠦᠰᠡᠭᠦᠢᠴᠦᠳ ᠢ ᠥᠵᠡᠭᠡᠤᠨ ᠪᠢ ᠦᠪᠡᠷ ᠤᠨ ᠡᠷᠭᠡ ᠦᠭᠡᠶ ᠪᠢᠰᠢᠷᠠᠨ ᠭᠦᠡᠳᠦᠦᠡᠭᠡᠭᠦ ᠰᠡᠳᠬᠢᠯᠭᠡ ᠳᠦᠷᠦᠭ᠍ᠳᠡᠵᠤ᠂ ᠠᠷᠪᠠᠭᠠᠤᠨ ᠵᠢᠯ ᠰᠤᠶᠤᠯ ᠤᠨ ᠮᠦᠷ ᠬᠠᠢ᠌ᠵᠤ ᠣᠶᠤᠳᠠᠨ ᠨᠠᠷ᠎ᠠ ᠵᠡᠭᠦᠵᠤ ᠶᠠᠪᠣᠬᠤ ᠳᠤ ᠪᠠᠨ ᠬᠤᠶᠠᠷ ᠵᠢᠯ ᠡᠡᠩᠭᠯᠢ ᠭᠡᠯᠡ ᠭᠡᠵᠤ ᠴᠤᠯᠴᠠᠷᠠᠭᠠᠤᠨ᠂ ᠣᠳᠤ ᠶᠠᠭ ᠶᠠᠪᠠ ᠶᠠᠪᠣᠭ᠎ᠠ ᠪᠠᠨ ᠪᠣᠳᠤᠭᠠᠤᠨ ᠢᠴᠢᠩᠭᠦᠷᠡᠵᠤ ᠬᠤᠷᠳᠤᠨ ᠴᠠᠭᠠᠰᠢ ᠵᠠᠢ᠌ᠯᠠᠪᠠ᠃

ᠳᠡᠳᠡᠭᠦᠯᠡ ᠳᠤᠪᠣᠴᠠᠭ ᠤᠨ ᠳᠤᠤᠷ᠎ᠠ ᠴᠠ ᠪᠣᠭᠤ ᠲᠡᠶ ᠰᠡᠭᠦᠳᠡᠷ ᠳᠠᠳᠠᠵᠤ ᠶᠠᠭᠠᠷᠠᠯᠳᠤᠨ᠎ᠠ᠃ ᠴᠠ ᠪᠣᠭᠤ ᠶᠢᠨ ᠴᠢᠰᠤᠨ ᠡᠪᠠᠷ ᠤᠨ ᠮᠸᠲ᠋ᠷ ᠭᠢᠷᠢ ᠳᠡᠭᠡᠭ᠍ᠰᠢ ᠰᠠᠯᠠᠭᠠᠯᠠᠨ ᠣᠷᠭᠤᠭᠰᠠᠨ ᠨᠢ ᠶᠠᠭ ᠯᠠ ᠳᠠᠯᠠᠢ ᠶᠢᠨ ᠢᠷᠤᠭᠠᠷ ᠤᠨ ᠱᠢᠷᠤᠨ ᠴᠡᠴᠡᠭ᠌ ᠮᠠᠳᠤ ᠠᠵᠢ᠃ ᠡᠢ᠌ᠮᠤ ᠪᠦᠳᠦᠭᠦᠨ ᠠᠷᠬᠠᠢ᠌ᠯᠴᠠᠭᠰᠠᠨ ᠰᠠᠯᠠᠭ᠎ᠠ ᠲᠡᠶ ᠡᠪᠠᠷ ᠢ ᠶᠠᠭᠠᠭᠢᠵᠤ ᠡᠷᠭᠦᠵᠤ ᠳᠠᠭᠠᠭᠠᠵᠤ ᠪᠠᠢ᠌ᠬᠤ ᠪᠢᠯᠠ ᠭᠡᠵᠤ ᠰᠤᠨᠢᠭᠤᠴᠢᠯᠠᠨ᠂ ᠭᠦᠩᠭᠡᠨ ᠠᠯᠬᠤᠯᠠᠨ ᠠᠯᠭᠤᠷ ᠣᠢ᠌ᠷᠠᠳᠤᠨ ᠣᠴᠢᠵᠤ ᠳᠠᠮᠳᠠᠷᠢᠪᠠᠯ ᠬᠠᠪ ᠬᠠᠯᠠᠭᠤᠨ ᠮᠥᠷᠳᠡᠭᠡᠨ ᠵᠦᠪ ᠵᠥᠭᠡᠯᠡᠨ ᠪᠠᠢ᠌ᠯ᠎ᠠ᠃ ᠡ᠊ᠨᠳᠡ ᠳᠦᠷᠪᠡᠨ ᠵᠠᠭᠤ ᠢᠯᠡᠭᠦᠤ ᠭᠦᠮᠤᠨ ᠠᠮᠠ ᠲᠡᠶ ᠴᠠᠳᠠᠠᠴᠤᠳ ᠨᠤᠳᠤᠭᠯᠠᠵᠤ ᠪᠣᠢ᠃ ᠳᠠᠳᠠᠨ ᠤ ᠣᠯᠠᠩᠭᠢ ᠨᠢ ᠬᠠᠯᠠᠭᠤᠨ ᠡᠴᠡ ᠵᠠᠢ᠌ᠯᠠᠵᠤ ᠣᠮᠠᠷᠠᠰᠢ ᠴᠠᠭᠠᠨ ᠨᠠᠭᠤᠷ ᠰᠤᠮᠤᠨ ᠳᠤ ᠵᠤᠰᠠᠬᠤ ᠪᠠᠷ ᠶᠠᠪᠣᠪᠠ ᠭᠡᠨ᠎ᠡ᠃ ᠴᠠ ᠪᠣᠭᠤ ᠶᠢᠨ ᠬᠠᠮᠤᠭ ᠤᠨ ᠳᠠᠷᠭᠤ ᠠᠪᠳᠠᠭ ᠴᠠᠭ ᠨᠢ ᠡᠪᠦᠯ ᠤᠨ ᠣᠯᠠᠷᠢᠯ ᠪᠣᠯᠤᠨ᠎ᠠ᠃ ᠮᠦᠰᠤ ᠴᠠᠰᠤᠨ ᠳᠤ ᠬᠤᠴᠢᠭᠳᠠᠭᠰᠠᠨ ᠠᠭᠤᠯᠠᠨ ᠭᠦᠨ ᠳᠤ ᠣᠢ ᠰᠢᠭᠤᠢ ᠶᠢᠨ ᠭᠦᠯ ᠳ᠋ᠠᠭᠢ ᠴᠠᠰᠤ ᠶᠢ ᠢᠷᠠᠨ ᠭᠦᠪᠳᠤ ᠢᠳᠠᠵᠤ ᠳᠤᠰᠤᠨ ᠳᠠᠷᠭᠤ ᠰᠠᠭᠤᠳᠠᠭ ᠪᠠᠢ᠌ᠵᠠᠢ᠃ ᠭᠦᠢᠳᠡᠨ ᠳᠤ ᠦᠯᠴᠢᠷ ᠯᠠ ᠠᠮᠢᠳᠠᠨ ᠳ᠋ᠠ᠃ ᠡ᠊ᠨᠳᠡ ᠡᠪᠦᠯ ᠳᠤ ᠪᠠᠨ ᠳᠡᠭ᠌ ᠡᠴᠡ ᠳᠤᠷᠤᠭᠰᠢ ᠵᠢᠷᠠᠨ ᠭᠷᠠᠳᠦ᠋ᠰ ᠭᠦᠷᠳᠡᠭ᠌ ᠭᠡᠨ᠎ᠡ᠃ ᠴᠠ ᠪᠣᠭᠤ ᠶᠢᠨ ᠡᠪᠠᠷ ᠨᠢ ᠭᠤᠷᠪᠠᠨ ᠨᠠᠰᠤᠯᠠᠳᠠᠯ᠎ᠠ ᠣᠷᠭᠤᠵᠤ᠂ ᠨᠠᠰᠤ ᠭᠦᠢᠴᠡᠪᠠᠯ ᠵᠢᠯ ᠪᠦᠷᠢ ᠨᠢᠭᠡ ᠣᠳᠠᠭ᠎ᠠ ᠣᠨᠠᠳᠠᠭ ᠭᠡᠨ᠎ᠡ᠃ ᠴᠠ ᠪᠣᠭᠤ ᠶᠢᠨ ᠡᠷ᠎ᠡ ᠶᠢ ᠢᠳᠠᠷ᠂ ᠵᠠᠰᠠᠭᠰᠠᠨ ᠢ ᠨᠢ ᠵᠠᠷᠢ᠂ ᠪᠠᠶ᠎ᠠ ᠭᠦᠢᠴᠡᠭ᠍ᠰᠡᠨ ᠡᠮ᠎ᠡ ᠶᠢ ᠨᠢ ᠮᠢᠳᠠᠵᠠᠭ᠎ᠠ᠂ ᠨᠢᠭᠡ ᠨᠠᠰᠤᠳᠠᠢ ᠶᠢ ᠨᠢ ᠬᠤᠭᠤᠰᠢ᠂ ᠬᠤᠶᠠᠷ ᠨᠠᠰᠤᠳᠠᠢ ᠶᠢ ᠨᠢ ᠳᠠᠰᠪᠤᠨ᠂ ᠭᠤᠷᠪᠠᠨ ᠨᠠᠰᠤᠳᠠᠢ ᠡᠷ᠎ᠡ ᠶᠢ ᠨᠢᠳ᠋ᠩᠭᠦᠷ᠂ ᠡᠮ᠎ᠡ ᠶᠢ ᠨᠢᠳ᠋ᠩᠭᠦᠢ ᠭᠡᠵᠤ ᠨᠡᠷᠡᠯᠡᠳᠡᠭ᠌ ᠭᠡᠵᠤ ᠴᠠᠳᠠᠨ ᠡᠪᠦᠭᠡᠨ ᠳᠠᠨᠢᠯᠴᠠᠭᠤᠯᠵᠤ ᠦᠭ‍ᠭᠦᠯ᠎ᠡ᠃ ᠡᠢ᠌ᠮᠤ ᠬᠤᠪᠣᠷ ᠴᠤᠬᠠᠭ ᠠᠮᠢᠳᠠᠨ ᠶ‍ᠢᠷᠳᠢᠠᠴᠤ ᠶᠢᠨ ᠳᠤᠭᠤᠰᠤᠨ ᠡᠴᠡ ᠵᠠᠢ᠌ᠳᠠᠭᠤ ᠳᠠᠢ᠌ᠪᠣᠩ ᠳᠠᠪᠠᠳᠠᠢ ᠠᠮᠢᠳᠤᠷᠠᠵᠤ ᠪᠠᠢ᠌ᠭ᠎ᠠ ᠭᠡᠭ᠍ᠴᠢ ᠶᠠᠭᠤᠨ ᠶᠡᠭᠡ ᠠᠵᠠ ᠵᠠᠪᠰᠢᠶᠠᠨ ᠠᠵᠢ᠃

ᠣᠷᠤᠢ ᠶᠢᠨ ᠰᠢᠷᠭᠠᠯ ᠳᠤᠶᠠᠭ᠎ᠠ ᠨᠥᠮᠦᠷᠢᠭ᠍ᠰᠡᠨ ᠭᠦᠪᠰᠦᠭᠦᠯ ᠠᠭᠤᠷ ᠥᠭᠡᠷ᠎ᠡ ᠨᠢᠭᠡ ᠦᠵᠡᠮᠵᠢ ᠪᠠᠷ ᠳᠦᠷᠯᠠᠢ᠌ᠨ ᠴᠠᠯᠠᠢ᠌ᠵᠤ ᠪᠠᠢ᠌ᠯ᠎ᠠ᠃ ᠠᠯᠤᠰ ᠢ ᠪᠠᠷᠠᠯᠠᠪᠠᠯ ᠠᠭᠤᠯᠠᠰ ᠭᠦᠭᠡᠷᠡᠨ ᠬᠠᠨᠠᠷᠠᠵᠤ ᠰᠠᠶ‍ᠢᠬᠠᠨ ᠣᠰᠤᠨ ᠤ ᠳᠤᠳᠤᠷ᠎ᠠ ᠡᠴᠡ ᠣᠷᠭᠤᠨ ᠭᠠᠷᠤᠭᠰᠠᠨ ᠮᠠᠳᠤ ᠮᠠᠨᠠᠠᠳᠤᠨ ᠬᠠᠷᠠᠭᠳᠠᠨ᠎ᠠ᠃ ᠨᠠᠭᠠᠭᠤᠷ ᠠᠮᠠᠷᠠᠭᠯᠠᠨ ᠵᠢᠷᠭᠠᠭ᠎ᠠ ᠠᠩᠭᠢᠷ ᠬᠤᠤᠰ ᠬᠤᠤᠰ ᠶᠢᠡᠷ ᠦᠳᠦ ᠰᠦᠳᠤ ᠪᠠᠨ ᠵᠠᠰᠠᠨ ᠦᠷ᠎ᠡ ᠵᠤᠯᠵᠠᠭ᠎ᠠ ᠪᠠᠨ ᠳᠠᠭᠠᠭᠤᠯᠤᠨ ᠱᠤᠩᠪᠠᠨ᠎ᠠ᠃ ᠣᠮᠤᠷᠬᠠᠭ ᠢᠳᠡᠷᠡᠭᠦᠨ ᠴᠠᠬᠤᠯᠠᠢ ᠨᠤᠭᠤᠳ ᠵᠢᠭᠦᠷ ᠶᠢᠡᠨ ᠳᠡᠯᠭᠡᠨ ᠨᠤᠮᠤᠳᠠᠨ ᠪᠠᠭᠤᠵᠤ ᠳᠠᠯᠠᠢ ᠶᠢᠨ ᠣᠰᠤ ᠶᠢ ᠳᠠᠯᠠᠳᠤᠨ ᠳᠠᠪᠢᠵᠤ ᠳᠠᠭᠢᠨ ᠣᠭᠳᠠᠷᠭᠤᠢ ᠶᠢᠨ ᠴᠡᠭᠡᠯ ᠵᠥᠭ᠌ ᠰᠤᠮᠤᠳᠠᠨ ᠨᠢᠰᠤᠨ᠎ᠠ᠃

ᠴᠠᠭᠠᠭᠤᠷ ᠮᠠᠨᠠᠢ᠌ᠬᠢᠳ ᠤᠨ ᠵᠠᠷᠢᠮ ᠨᠢ ᠵᠠᠪᠢ ᠰᠠᠯᠢᠨ ᠨᠠᠭᠠᠤᠠᠴᠤ᠂ ᠵᠠᠷᠢᠮ ᠨᠢ ᠣᠰᠤᠨ ᠳᠤ ᠱᠤᠩᠪᠠᠵᠤ ᠪᠣᠢ ᠬᠠᠷᠠᠭᠳᠠᠨ᠎ᠠ᠃ ᠭᠦᠪᠠᠭᠡᠨ ᠤ ᠭᠦᠶ‍ᠦᠭᠡᠨ ᠣᠰᠤᠨ ᠳᠤ ᠵᠣᠢ᠌ᠯ ᠪᠦᠷᠢ ᠶᠢᠨ ᠣᠮᠪᠠᠯᠳᠠ ᠶᠢᠨ ᠬᠤᠪᠴᠠᠰᠤ ᠲᠡᠶ ᠳᠠᠪᠤᠨ ᠭᠡᠦᠭᠡᠤᠨ ᠮᠢᠨᠢ ᠵᠢᠷᠭᠠᠬᠠᠢ ᠰᠢᠭ ᠵᠢᠷᠭᠠᠨ ᠨᠠᠭᠠᠤᠠᠴᠠᠭᠠᠨ᠎ᠠ᠃

ᠵᠡᠭᠦᠨ ᠡᠮᠦᠨᠡᠭᠦᠷ ᠨᠠᠭᠤᠷ ᠤᠨ ᠭᠦᠪᠠᠭᠡᠨ᠎ᠡ ᠴᠠᠳᠠᠠᠴᠤᠳ ᠤᠨ ᠣᠷᠤᠴᠠ ᠡᠴᠡ ᠴᠡᠩᠭᠡᠷ ᠣᠳᠤᠭ᠎ᠠ ᠠᠰ ᠳᠡᠭᠡᠭ᠍ᠰᠢ ᠰᠤᠭᠤᠨᠠᠭᠯᠠᠨ᠎ᠠ᠃ ᠣᠷᠤᠢ ᠶᠢᠨ ᠰᠡᠷᠢᠭᠦᠨ ᠳᠤ ᠬᠤᠳᠠ ᠣᠷᠤᠭᠤ ᠪᠠᠨ ᠳᠦᠭᠦᠵᠤ ᠪᠣᠢ ᠰᠠᠷᠯᠤᠭ᠂ ᠬᠠᠢ᠌ᠨᠤᠭ᠂ ᠮᠤᠩᠭ᠋ᠤᠯ ᠥᠭᠡᠷ ᠵᠢᠴᠢ ᠳᠠᠷᠭᠤ ᠰᠠᠢ᠌ᠳᠠᠢ ᠠᠳᠤᠭᠤᠳ ᠳᠠᠰᠢᠶ᠎ᠠ ᠪᠠᠨ ᠳᠡᠪᠭᠡᠯᠵᠡᠭᠦᠯᠤᠨ ᠠᠯᠬᠤᠯᠠᠨ᠎ᠠ᠃ ᠡᠳᠦᠷᠵᠢᠨ ᠵᠤᠴᠢᠨ ᠭᠦᠯᠢᠶᠡᠭ᠍ᠰᠡᠨ ᠰᠠᠶ‍ᠢᠬᠠᠨ ᠤ ᠴᠠ ᠪᠣᠭᠤᠳ ᠴᠤ ᠣᠷᠤᠢ ᠶᠢᠨ ᠰᠡᠷᠢᠭᠦᠨ ᠢ ᠠᠮᠵᠢᠨ ᠡᠪᠠᠰᠤ ᠴᠢᠮᠭᠢᠯᠠᠨ ᠶᠠᠭᠠᠷᠠᠨ᠎ᠠ ᠪᠢᠯᠠ᠃

ᠭᠤᠷᠪᠠ᠂ ᠳᠦᠳᠡᠭ᠌ ᠤᠨ ᠳᠡᠷᠭᠡᠳᠡ

ᠣᠷᠤᠢ ᠭᠦᠪᠰᠦᠭᠦᠯ ᠨᠠᠭᠤᠷ ᠤᠨ ᠭᠦᠪᠠᠭᠡᠨ ᠳᠤ ᠣᠷᠳᠤᠰ ᠬᠤᠷᠬᠤᠭ ᠭᠢᠭᠦ ᠪᠠᠷ ᠪᠣᠯᠵᠤ ᠨᠠᠭᠤᠷ ᠤᠨ ᠭᠦᠪᠠᠭᠡᠨ ᠡᠴᠡ ᠴᠢᠯᠠᠭᠤ ᠳᠡᠭᠦᠭᠦ ᠨᠢ ᠳᠡᠭᠦᠵᠤ ᠠᠷᠤ ᠶᠢᠨ ᠰᠢᠭᠤᠢ ᠡᠴᠡ ᠬᠠᠭᠤᠷᠠᠢ ᠮᠦᠴᠢᠷ ᠳᠡᠭᠦᠭᠦ ᠨᠢ ᠳᠡᠭᠦᠭᠡᠤᠨ ᠭᠦᠯ ᠪᠣᠯᠵᠠᠭᠠᠪᠠ᠃ ᠬᠤᠷᠬᠤᠭ ᠭᠢᠭᠦ ᠳᠤ ᠭᠤᠤᠯ ᠪᠣᠶᠤ ᠨᠠᠭᠤᠷ ᠤᠨ ᠣᠰᠤᠨ ᠳᠤ ᠣᠳᠠᠭᠠᠨ ᠬᠤᠨᠤᠭ ᠣᠭᠢᠶᠠᠭᠳᠠᠨ ᠭᠦᠯᠢᠭᠡᠷᠰᠢᠭ᠍ᠰᠡᠨ ᠠᠯᠠᠭ᠎ᠠ ᠳᠦᠭᠦᠷᠦᠮ᠎ᠡ ᠥᠡᠳᠡᠭᠡᠨ ᠴᠢᠯᠠᠭᠤᠳ ᠢ ᠭᠡᠷᠡᠭ᠍ᠰᠡᠳᠡᠭ᠌ ᠠᠵᠢ᠃ ᠴᠢᠯᠠᠭᠤ ᠪᠠᠨ ᠳᠦᠯᠠᠵᠤ ᠣᠯᠠᠢ᠌ᠰᠬᠠᠭᠰᠠᠨ ᠤ ᠳᠠᠷᠠᠭ᠎ᠠ ᠳᠤᠭᠤᠭᠠᠨ ᠳᠤ ᠪᠠᠨ ᠭᠡᠰᠡᠭᠯᠡᠭ᠍ᠰᠡᠨ ᠮᠢᠬ᠎ᠠ ᠪᠠᠨ ᠨᠢᠭᠡ ᠳᠡᠭ᠍ᠳᠡᠷ ᠦᠷᠦᠪᠠᠯ ᠴᠢᠯᠠᠭᠤ ᠪᠠᠨ ᠨᠢᠭᠡ ᠳᠡᠭ᠍ᠳᠡᠷ ᠦᠷᠦᠵᠤ ᠠᠮᠳᠠ ᠣᠷᠤᠭᠤᠯᠬᠤ ᠰᠠᠷᠢᠮᠰᠤᠭ᠂ ᠳᠠᠪᠣᠰᠤ ᠵᠡᠷᠭᠡ ᠪᠠᠨ ᠲᠦᠮᠦᠰᠦ ᠲᠡᠶ ᠪᠠᠨ ᠭᠢᠭᠡᠤᠨ ᠠᠮᠠᠰᠠᠷ ᠢ ᠨᠢ ᠳᠠᠭᠯᠠᠵᠤ ᠪᠣᠯᠭᠤᠳᠠᠭ ᠪᠠᠢ᠌ᠵᠠᠢ᠃ ᠳᠤᠭᠤᠭ᠎ᠠ ᠳᠦᠭᠦᠷᠡᠩ ᠬᠤᠷᠬᠤᠭ ᠡᠴᠡ ᠰᠢᠨ᠎ᠠ ᠰᠤᠷᠭᠤᠭ ᠬᠤᠨᠢᠨ ᠮᠢᠬᠠᠨ ᠤ ᠬᠠᠩᠬᠤᠯᠤᠮ᠎ᠠ ᠦᠨᠦᠷ ᠰᠠᠩᠭᠢᠨᠠᠵᠤ ᠰᠢᠯᠤᠰᠤ ᠬᠤᠷᠠᠭᠤᠯᠤᠨ᠎ᠠ᠃ ᠪᠦᠭᠦᠳᠡᠭᠡᠷ ᠳᠦᠳᠡᠭ᠌ ᠨᠤᠴᠤᠭᠠᠨ ᠭᠠᠯ ᠤᠨ ᠶᠢᠡᠨ ᠳᠤᠭᠤᠷᠢᠨ ᠳᠤ ᠳᠠᠭᠤᠯᠠᠨ ᠨᠠᠷᠭᠢᠵᠤ ᠭᠠᠷᠪᠠ᠃ ᠳᠤᠮᠤᠴᠤᠤᠯ ᠠᠷᠢᠭᠢ ᠪᠠᠨ ᠪᠠᠯᠭᠤᠵᠤ ᠭᠡᠦᠭᠡᠤᠨ ᠨᠢᠯᠵᠠᠷᠠᠢ ᠬᠤᠩᠭ᠋ᠤᠷ ᠳᠠᠭᠤᠨ ᠶᠢᠡᠷ ᠡᠭᠡᠰᠢᠭᠯᠡᠨ ᠳᠠᠭᠤᠯᠠᠵᠤ ᠡᠭᠢᠯᠡᠪᠡ᠃ ᠣᠷᠤᠢ ᠶᠢᠨ ᠨᠠᠮ ᠰᠡᠯᠡᠭᠦᠤ ᠳᠤ ᠳᠠᠳᠠᠨ ᠤ ᠡᠷᠭᠡ ᠬᠤᠩᠭ᠋ᠤᠷ ᠳᠠᠭᠤᠨ ᠭᠦᠪᠰᠦᠭᠦᠯ ᠨᠠᠭᠤᠷ ᠤᠨ ᠭᠦᠪᠠᠭᠡ ᠡᠷᠭᠢ ᠶᠢ ᠳᠠᠯᠠᠳᠤᠨ ᠴᠤᠤᠷᠢᠶᠠᠳᠤᠨ᠎ᠠ᠃

ᠣᠳᠠᠯ ᠦᠭᠡᠶ ᠭᠦᠭᠡ ᠨᠢᠳᠤ ᠲᠡᠶ᠂ ᠣᠷᠳᠤ ᠬᠠᠮᠠᠷ ᠲᠡᠶ᠂ ᠬᠠᠴᠠᠷ ᠳᠦᠭᠦᠷᠡᠩ ᠬᠤᠤᠵᠠ ᠲᠡᠶ ᠬᠠᠷᠢ ᠶᠢᠨ ᠡᠪᠦᠭᠡᠨ ᠮᠠᠨ ᠢ ᠡᠷᠢᠵᠤ ᠢᠷᠠᠪᠠ᠃ ᠣᠤᠯ ᠨᠢ ᠠᠦ᠋ᠰᠲ᠋ᠷᠢᠶ᠎ᠠ ᠶᠢᠨ ᠵᠤᠭᠠᠴᠠᠯ ᠤᠨ ᠪᠦᠯᠭᠦᠮ ᠤᠨ ᠭᠢᠨᠢ ᠡ᠊ᠨᠳᠡ ᠵᠤᠭᠠᠴᠠᠵᠤ ᠪᠠᠢ᠌ᠭ᠎ᠠ ᠠᠵᠢ᠃ ᠡᠪᠦᠭᠡᠨ ᠭᠡᠦᠭᠡᠤᠨ ᠤᠨ ᠳᠠᠭᠤᠨ ᠳᠤ ᠠᠷᠭ᠎ᠠ ᠦᠭᠡᠶ ᠳᠠᠳᠠᠭᠳᠠᠵᠤ ᠡᠷᠡᠭᠡᠢ ᠭᠠᠷᠭᠠᠨ ᠳᠤᠯᠤᠭᠠᠢ ᠳᠤᠭᠢᠵᠤ ᠮᠠᠭᠳᠠᠨ ᠱᠠᠭᠰᠢᠷᠠᠵᠤ ᠯᠠ ᠪᠠᠢ᠌ᠯ᠎ᠠ᠃ ᠮᠤᠩᠭ᠋ᠤᠯ ᠳᠠᠭᠤᠨ ᠤ ᠢᠷᠠᠭᠤᠯᠢᠭ ᠭᠦᠭ᠌ ᠠᠶᠠᠯᠭᠤ ᠡᠪᠦᠭᠡᠨ ᠤ ᠰᠠᠤᠠᠭᠢᠯ ᠢ ᠠᠷᠭ᠎ᠠ ᠦᠭᠡᠶ ᠭᠦᠡᠳᠡᠭ᠍ᠰᠡᠨ ᠴᠤ ᠶᠤᠮ ᠦᠦ ᠳ᠋ᠠ᠂ ᠶᠠᠷᠤ ᠨᠢ᠃

ᠮᠠᠨ ᠤ ᠳᠤᠮᠳᠠ ᠡᠴᠡ ᠳᠦᠭᠦᠷᠡᠩᠪᠠᠶᠡᠷ ᠮᠠᠨᠢ ᠭᠧᠷᠮᠡᠨ ᠭᠡᠯᠡ ᠮᠡᠳᠡᠳᠡᠭ᠌ ᠶᠢᠡᠷ ᠶᠢᠡᠨ ᠵᠠᠭᠤᠴᠢ ᠪᠣᠯᠵᠤ ᠵᠤᠭᠤᠭᠳᠠᠵᠤ ᠪᠠᠢ᠌ᠯ᠎ᠠ᠃ ᠵᠡᠭᠦᠨ ᠳᠠᠯ᠎ᠠ ᠶᠢᠨ ᠣᠢ ᠳᠤᠳᠤᠷ᠎ᠠ ᠳᠠᠳᠠᠨ ᠤ ᠭᠢᠨ ᠳᠦᠳᠡᠭ᠌ ᠨᠤᠴᠤᠭᠠᠨ ᠨᠠᠢ᠌ᠷᠠᠯᠠᠵᠤ ᠪᠠᠢ᠌ᠭ᠎ᠠ ᠭᠡᠨ᠎ᠡ᠃ ᠭᠡᠦᠭᠡᠤᠨ ᠶᠢᠡᠨ ᠳᠠᠭᠠᠭᠤᠯᠵᠤ ᠳᠠᠠᠳᠠ ᠣᠴᠢᠵᠤ ᠬᠠᠮᠳᠤ ᠨᠠᠢ᠌ᠷᠠᠯᠠᠵᠤ ᠳᠠᠭᠤᠤ ᠳᠠᠭᠤᠯᠠᠵᠤ ᠦᠭ‍ᠭᠦ ᠶᠢ ᠶᠡᠭᠡᠳᠡ ᠭᠦᠰᠡᠨ ᠣᠷᠢᠵᠤ ᠪᠠᠢ᠌ᠬᠤ ᠪᠠᠨ ᠢᠯᠡᠳᠭᠡᠪᠡ᠃ ᠨᠢᠭᠡ ᠨᠢ ᠦᠯᠠᠳᠠᠵᠤ ᠳᠦᠳᠡᠭ᠌ ᠶᠢᠡᠨ ᠰᠠᠭᠢᠭᠠᠤᠨ ᠪᠣᠰᠤᠳᠤᠭᠤᠯ᠎ᠠ ᠨᠢ ᠳᠠᠳᠠᠨ ᠤ ᠳᠡᠷᠭᠡᠳᠡ ᠭᠦᠷᠴᠤ ᠣᠴᠢᠪᠠ᠃

ᠠᠦ᠋ᠰᠲ᠋ᠷᠢᠶ᠎ᠠ ᠶᠢᠨ ᠵᠢᠭᠤᠯᠴᠢᠯᠠᠭᠴᠢᠳ ᠤᠨ ᠭᠢᠨᠢ ᠭᠤᠴᠢ ᠭᠠᠷᠤᠢ ᠭᠦᠮᠤᠨ ᠬᠤᠶᠠᠷ ᠳᠤᠮᠤ ᠮᠠᠰᠢᠨ ᠶᠢᠡᠷ ᠶᠠᠪᠣᠵᠤ ᠪᠠᠢ᠌ᠭ᠎ᠠ ᠠᠵᠢ᠃ ᠳᠠᠳᠠᠨ ᠮᠠᠨᠤᠰ ᠢ ᠬᠠᠯᠠᠭᠤᠮᠰᠤᠭ ᠶᠢᠡᠷ ᠣᠭᠳᠤᠨ ᠭᠠᠷ ᠶᠢᠡᠷ ᠶᠢᠡᠨ ᠵᠢᠭᠠᠵᠤ ᠳᠤᠭᠢᠵᠤ ᠡᠨᠡ ᠳᠠᠷᠠ ᠶᠢ ᠠᠰᠠᠭᠤᠵᠤ ᠪᠠᠢ᠌ᠯ᠎ᠠ᠃ ᠪᠢᠳᠠ ᠯᠠ ᠶᠠᠭ ᠶᠠᠪᠠ ᠭᠦᠮᠤᠨ ᠰᠢᠭ᠌ ᠠᠮᠠ ᠪᠠᠨ ᠠᠩᠭ᠋ᠠᠢ᠌ᠵᠤ ᠣᠷᠴᠢᠭᠤᠯᠤᠭᠴᠢ ᠶᠢᠨ ᠶᠢᠡᠨ ᠠᠮᠠ ᠶᠢ ᠯᠠ ᠬᠠᠷᠠᠬᠤ ᠡᠴᠡ ᠣᠠᠳᠤᠤ ᠠᠷᠭ᠎ᠠ ᠠᠯᠠᠭ᠎ᠠ᠃ ᠳᠡᠭᠡᠭᠡᠤᠨ ᠳᠠᠭᠤᠯᠠᠯᠳᠤᠵᠤ ᠨᠠᠷᠭᠢᠯᠳᠤᠬᠤ ᠪᠠᠷ ᠪᠣᠯᠪᠠ᠃ ᠮᠠᠨ ᠤ ᠭᠡᠦᠭᠡᠤᠨ ᠭᠡᠳᠤᠨ ᠳᠠᠭᠤᠤ ᠳᠠᠭᠤᠯᠠᠪᠠ᠃ ᠳᠠᠳᠠ ᠲᠤᠩ ᠪᠠᠶᠠᠷᠯᠠᠨ ᠠᠯᠠᠭ᠎ᠠ ᠳᠠᠰᠢᠵᠤ ᠠᠪᠴᠤ ᠶᠠᠪᠣᠭ᠎ᠠ ᠰᠢᠭᠢᠷ᠂ ᠪᠠᠯᠡᠭ᠌ ᠰᠠᠯᠳᠠ ᠪᠠᠨ ᠭᠡᠦᠭᠡᠤᠨ ᠤᠨ ᠡᠪᠦᠷ ᠳᠡᠭᠡᠷ᠎ᠡ ᠴᠢᠭᠢᠵᠤ ᠯᠠ ᠪᠠᠢ᠌ᠯ᠎ᠠ᠃ ᠳᠠᠳᠠ ᠪᠠᠰᠠ ᠬᠠᠮᠳᠤ ᠶᠢᠨ ᠳᠠᠭᠤᠤ ᠳᠠᠭᠤᠯᠠᠪᠠ᠃ ᠥᠭᠡ ᠶᠢ ᠨᠢ ᠣᠢ᠌ᠯᠠᠭᠠᠬᠤ ᠦᠭᠡᠶ ᠴᠤ ᠠᠶ᠎ᠠ ᠭᠦᠭ᠌ ᠢ ᠨᠢ ᠰᠤᠨᠢᠷᠬᠠᠨ ᠪᠠᠶᠠᠰᠴᠤ ᠪᠠᠢ᠌ᠳᠠᠯ᠎ᠠ ᠭᠡᠦᠭᠡᠤᠨ ᠡᠨᠡ ᠳᠠᠭᠤᠤ ᠶᠢ ᠠᠩᠭ᠍ᠯᠢ ᠪᠠᠷ ᠰᠤᠷᠴᠤ ᠥᠩᠭᠡᠷᠡᠯ᠎ᠡ ᠭᠡᠵᠤ ᠣᠠᠴᠠᠭᠠᠢ ᠭᠦᠭᠡᠷᠴᠤ ᠪᠠᠢ᠌ᠯ᠎ᠠ᠃ ᠴᠠᠭ ᠦᠶ᠎ᠡ ᠭᠡᠵᠤ ᠭᠦᠮᠦᠰ ᠢ ᠢᠩᠭᠢᠵᠤ ᠣᠢ᠌ᠷᠠᠳᠤᠭᠤᠯᠤᠭᠰᠠᠨ ᠪᠠᠢ᠌ᠵᠠᠢ᠃ ᠪᠣᠯᠤᠳ ᠬᠤᠳᠠ ᠪᠣᠭᠤᠳᠤ ᠶᠢᠨ ᠠᠷᠠᠤᠨ ᠤᠨ ᠶᠢᠡᠨ ᠰᠤᠨᠤᠷ ᠢ ᠣᠷᠳᠤᠰ ᠠᠷᠠᠤᠨ ᠤᠨ ᠳᠠᠭᠤᠤ ᠪᠠᠷ ᠶᠢᠡᠨ ᠪᠠᠶᠠᠰᠬᠠᠨ ᠵᠢᠷᠭᠠᠭᠠᠵᠤ ᠶᠠᠪᠣᠭᠰᠠᠨ ᠣᠯᠠᠭᠠᠨ ᠮᠠᠨᠢ ᠣᠶᠠᠬᠠᠨ ᠬᠤᠭᠤᠯᠠᠢ ᠪᠠᠷ ᠶᠢᠡᠨ ᠣᠷᠳᠤ ᠶᠢᠨ ᠳᠠᠭᠤᠤ ᠪᠠᠨ ᠠᠶᠠᠯᠤᠵᠤ ᠭᠠᠷᠬᠤ ᠳᠤ ᠦᠳᠭᠡᠨ ᠨᠤᠮᠢᠨ ᠰᠢᠭᠤᠢ ᠬᠠᠨᠠᠷᠠᠨ ᠱᠤᠤᠭᠢᠵᠤ ᠦᠨᠳᠦᠷ ᠳᠩᠷᠢ ᠶᠢᠨ ᠣᠳᠤᠳ ᠠᠨᠢᠪᠴᠢᠨ ᠰᠤᠭᠳᠤᠭᠤᠷᠠᠵᠤ ᠪᠠᠢ᠌ᠯ᠎ᠠ᠃ ᠶᠠᠭᠠᠭᠢᠭᠰᠠᠨ ᠰᠠᠢ᠌ᠬᠠᠨ ᠦᠳᠡᠰᠢ ᠪᠣᠢ︖ ᠶᠠᠮᠠᠷᠬᠠᠨ ᠨᠡᠢ᠌ᠷᠰᠡᠭ᠌ ᠰᠠᠤᠠᠭᠢᠯ ᠠᠵᠢ︖

ᠳᠠᠳᠠ ᠨᠠᠷᠢᠯᠢᠭ ᠭᠢᠴᠠ ᠲᠡᠶ 《ᠴᠢᠩᠭᠢᠰ ᠬᠠᠭᠠᠨ》 ᠠᠷᠢᠭᠢ ᠭᠠᠷᠭᠠᠨ ᠮᠠᠨ ᠳᠤ ᠳᠤᠷᠠᠰᠬᠠᠨ ᠪᠠᠯᠭᠡᠯᠡᠪᠡ᠃ ᠮᠠᠨᠤᠰ ᠴᠤ ᠣᠯᠢᠮᠫᠢᠺ ᠤᠨ ᠠᠯᠳᠠᠨ ᠵᠤᠭᠤᠰᠤᠨ ᠳᠤᠷᠠᠰᠬᠠᠯ ᠤᠨ ᠡᠳ᠋ ᠢ ᠬᠠᠷᠢᠭᠤ ᠪᠠᠯᠡᠭ᠌ ᠪᠣᠯᠭᠠᠨ ᠪᠠᠷᠢᠪᠠ᠃ ᠬᠠᠷᠢᠴᠤᠳ ᠣᠯᠠᠭᠠᠨ ᠤ ᠮᠢᠨᠢ ᠳᠠᠭᠤᠤ ᠬᠤᠭᠤᠯᠠᠢ ᠶᠢ ᠨᠢᠭᠡᠮᠦᠰᠤᠨ ᠭᠠᠢ᠌ᠬᠠᠨ ᠪᠢᠰᠢᠷᠠᠵᠤ ᠬᠤᠪᠢ ᠬᠤᠪᠢ ᠪᠠᠷ ᠶᠢᠡᠨ ᠳᠡᠭᠦᠨ ᠲᠡᠶ ᠵᠢᠷᠤᠭ ᠰᠡᠭᠦᠳᠡᠷ ᠳᠠᠳᠠᠭᠤᠯᠵᠤ ᠶᠠᠭᠠᠷᠠᠨ᠎ᠠ᠃ ᠰᠠᠯᠤᠯᠴᠠᠬᠤ ᠊ᠭ᠍ᠱᠡᠨ᠎ᠡ ᠳᠠᠳᠠ ᠨᠡᠷ ᠦᠪᠡᠷ ᠤᠨ ᠢᠮᠸᠯ ᠬᠠᠶ‍ᠢᠭ ᠶᠢᠡᠨ ᠥᠯᠡᠳᠠᠭᠡᠵᠤ ᠠᠦ᠋ᠰᠲ᠋ᠷᠢᠶ᠎ᠠ ᠳᠤ ᠭᠡᠦᠭᠡᠤᠨ ᠶᠢᠡᠨ ᠠᠪᠤᠨ ᠠᠢ᠌ᠯᠴᠢᠯᠠᠨ ᠣᠴᠢᠬᠤ ᠶᠢ ᠠᠭᠢᠨ ᠳᠠᠭᠢᠨ ᠵᠠᠭᠢᠵᠤ᠂ ᠶᠠᠭᠠᠭᠢᠭᠰᠠᠨ ᠴᠤ ᠬᠤᠯᠪᠣᠭ᠎ᠠ ᠪᠠᠷᠢᠭᠠᠷᠠᠢ ᠭᠡᠵᠤ ᠪᠠᠢ᠌ᠯ᠎ᠠ᠃ ᠵᠤᠯ ᠳᠤ ᠪᠠᠨ ᠭᠧᠷᠮᠡᠨ ᠭᠡᠯᠡ ᠮᠡᠳᠡᠳᠡᠭ᠌ ᠳᠦᠭᠦᠷᠡᠩᠪᠠᠶᠡᠷ ᠪᠠᠢ᠌ᠭᠰᠠᠨ ᠳᠤ ᠪᠠᠨ ᠪᠢᠳᠠ ᠳᠦᠭᠦᠷᠡᠩ ᠪᠠᠶᠠᠷ᠃

ᠰᠦᠨᠢ ᠣᠷᠤᠢ ᠪᠣᠯᠵᠤ ᠪᠠᠢ᠌ᠭ᠎ᠠ ᠳᠤᠯᠠ ᠪᠢᠳᠠ ᠮᠠᠢ᠌ᠬᠠᠨ ᠣᠷᠤᠭᠤ ᠪᠠᠨ ᠴᠢᠭᠯᠡᠪᠡ᠃ ᠰᠦᠨᠢ ᠶᠢᠨ ᠣᠳᠤᠳ ᠠᠨᠢᠪᠴᠢᠨ ᠠᠯᠤᠰ ᠤᠨ ᠣᠭᠳᠠᠷᠭᠤᠢ ᠳᠤᠭᠤᠭ᠎ᠠ ᠭᠦᠮᠦᠷᠢᠭ᠍ᠰᠡᠨ ᠮᠠᠳᠤ ᠨᠠᠮ ᠭᠦᠮ ᠪᠣᠯᠵᠠᠢ᠃ 《ᠭᠡᠯᠡ ᠪᠣᠯᠭᠠᠨ ᠶᠢᠡᠷ ᠵᠢᠷᠭᠢᠵᠤ ᠰᠤᠷ᠂ ᠭᠢᠯᠢ ᠪᠣᠯᠭᠠᠨ ᠶᠢᠡᠷ ᠣᠳᠤᠷᠯᠠᠵᠤ ᠰᠤᠷ》 ᠭᠡᠵᠤ ᠭᠡᠨ ᠨᠢᠭᠡᠨ ᠰᠢᠯᠦᠭᠯᠡᠯ᠎ᠡ ᠪᠢᠯᠠ᠂ ᠭᠡᠯᠡ ᠨᠡᠪᠳᠡᠷᠡᠯᠴᠡᠭᠦ ᠦᠭᠡᠶ ᠶᠢᠨ ᠵᠤᠪᠠᠯᠠᠩ ᠢ ᠪᠠᠶ᠎ᠠ ᠪᠠᠷ ᠮᠡᠳᠡᠷᠡᠭ᠍ᠰᠡᠨ ᠪᠢᠳᠠ ᠭᠡᠦᠭᠡᠤᠨ ᠶᠢᠡᠨ ᠶᠠᠭᠠᠭᠢᠭᠰᠠᠨ ᠴᠤ ᠣᠯᠠᠨ ᠭᠡᠯᠡ ᠪᠠᠷ ᠵᠢᠷᠭᠢᠭᠦᠯᠵᠤ ᠶᠠᠪᠣᠭᠤᠯᠤᠶ᠎ᠠ ᠭᠡᠵᠤ ᠭᠡᠯᠡᠯᠴᠡᠨ ᠪᠣᠴᠠᠯ᠎ᠠ᠃

ᠳᠦᠷᠪᠡ᠂ ᠭᠦᠰᠡᠯ ᠤᠨ ᠬᠠᠳᠠ

ᠳᠠᠷᠠᠭ᠎ᠠ ᠡᠳᠦᠷ ᠤᠨ ᠥᠷᠯᠦᠭᠡ ᠭᠡᠦᠭᠡᠤᠨ ᠤᠨ ᠶᠢᠡᠨ ᠮᠤᠷᠢ ᠣᠨᠤᠬᠤ ᠭᠦᠰᠡᠯ ᠢ ᠨᠢ ᠬᠠᠩᠭ᠋ᠠᠴᠢᠬᠠᠭᠠᠤᠨ ᠦᠳᠡ ᠶᠢᠨ ᠦᠶ᠎ᠡ ᠪᠠᠷ ᠴᠠᠳᠠᠠᠴᠤᠳ ᠤᠨ ᠣᠳᠤᠷ ᠡᠴᠡ ᠠᠶᠠᠷᠯᠠᠵᠤ ᠪᠣᠴᠠᠬᠤ ᠪᠠᠷ ᠪᠣᠯᠪᠠ᠃ ᠵᠠᠮ ᠭᠤᠳᠤᠰ ᠲᠤ ᠭᠦᠰᠡᠯ ᠤᠨ ᠬᠠᠳᠠᠨ ᠳᠤ ᠭᠦᠷᠴᠤ ᠭᠦᠰᠡᠯ ᠰᠠᠤᠠᠭᠢᠯ ᠶᠢᠡᠨ ᠳᠠᠭᠠᠤᠠᠬᠠᠭᠠᠤᠨ ᠭᠦᠪᠰᠦᠭᠦᠯ ᠳᠠᠯᠠᠢ ᠡᠴᠡ ᠪᠠᠨ ᠠᠶᠠᠷᠯᠠᠬᠤ ᠯᠠ ᠭᠡᠷᠡᠭ᠍ᠳᠡᠢ ᠪᠣᠯᠵᠠᠢ᠃

ᠴᠠᠳᠠᠨ ᠵᠠᠯᠠᠭᠤ ᠪᠠᠶᠠᠷ ᠭᠡᠳᠤᠨ ᠮᠤᠷᠢ ᠭᠦᠳᠦᠯᠤᠨ ᠢᠷᠡᠭ᠍ᠰᠡᠨ ᠨᠢ ᠭᠡᠦᠭᠡᠤᠨ ᠲᠤ ᠮᠠᠨᠢ ᠪᠦᠭᠡᠮ ᠪᠠᠶᠠᠷ ᠪᠣᠯᠪᠠ᠃ ᠠᠩᠬᠠᠯᠠᠨ ᠭᠦᠮᠤᠨ ᠶᠢᠡᠷ ᠭᠦᠳᠦᠯᠦᠭᠦᠯᠤᠨ ᠣᠨᠤᠭᠠᠤᠨ᠂ ᠠᠯᠭᠤᠷ ᠠᠯᠬᠤᠯᠠᠭᠤᠯᠵᠤ ᠶᠠᠪᠣᠭᠠᠤᠨ ᠪᠠᠰᠠ ᠠᠶᠤᠵᠤ ᠡᠮᠢᠶᠡᠵᠤ ᠪᠠᠢ᠌ᠭᠰᠠᠨ ᠭᠡᠦᠭᠡᠤᠨ ᠬᠤᠶᠠᠷ ᠴᠠᠭ ᠴᠤ ᠪᠣᠯᠤᠯ ᠦᠭᠡᠶ ᠬᠤᠪᠢ ᠬᠤᠪᠢᠨ ᠳᠤ ᠪᠠᠨ ᠮᠤᠷᠢ ᠳᠤᠪᠳᠤᠯᠭᠠᠨ ᠳᠠᠪᠭᠢᠭᠤᠯᠵᠤ ᠢᠷᠡᠭᠦ ᠶᠢ ᠨᠢ ᠬᠠᠷᠠᠭᠠᠤᠨ ᠪᠢᠳᠠ ᠪᠦᠷ ᠴᠤ ᠭᠠᠢ᠌ᠬᠠᠯᠳᠤᠪᠠ᠃ ᠮᠤᠷᠢᠳᠠᠨ ᠦᠨᠳᠦᠰᠦᠳᠠᠨ ᠤ ᠬᠣᠢ᠌ᠴᠢᠰ ᠭᠡᠵᠤ ᠡᠢ᠌ᠮᠤ ᠯᠠ ᠪᠠᠢ᠌ᠬᠤ ᠶᠤᠰᠤᠳᠠᠢ ᠴᠤ ᠪᠢᠯᠠ ᠦᠦ᠂ ᠳᠠᠳᠠᠨ ᠤ ᠴᠢᠰᠤ ᠶᠠᠰᠤᠨ ᠳᠤ ᠨᠢ ᠳᠠᠢ᠌ᠮᠤ ᠨᠢᠭᠡ ᠵᠣᠢ᠌ᠯ ᠤᠨ ᠲᠦᠷᠦᠯᠭᠢ ᠶᠢᠨ ᠣᠤᠷ ᠴᠢᠳᠠᠪᠣᠷᠢ ᠨᠠᠪᠳᠠᠷᠠᠵᠤ ᠪᠠᠢ᠌ᠭ᠎ᠠ ᠳ᠋ᠠ᠃ ᠳᠠᠳᠠᠨ ᠳᠤ ᠠᠪᠴᠤ ᠭᠡᠯᠡᠪᠠᠯ᠂ ᠡ᠊ᠨᠳᠡ ᠢᠷᠡᠭ᠍ᠰᠡᠨ ᠤ ᠬᠠᠮᠤᠭ ᠶᠡᠭᠡ ᠣᠯᠵᠠᠷᠬᠠᠯ ᠭᠡᠪᠠᠯ ᠡᠨᠡ ᠯᠠ ᠪᠠᠢ᠌ᠭ᠎ᠠ ᠳ᠋ᠠ᠃

ᠪᠠᠭ᠎ᠠ ᠦᠳᠡ ᠶᠢᠨ ᠠᠯᠳᠠ ᠳᠤ ᠪᠢᠳᠠ ᠢᠷᠡᠭ᠍ᠰᠡᠨ ᠬᠤᠶᠠᠷ ᠵᠠᠪᠢ ᠪᠠᠨ ᠳᠠᠭᠤᠳᠠᠨ ᠪᠣᠴᠠᠬᠤ ᠵᠠᠮ ᠳᠤ ᠪᠠᠨ ᠰᠢᠯᠤᠭᠤᠳᠤᠯ᠎ᠠ᠃ ᠳᠠᠷᠭᠤᠳᠠᠰᠢ ᠡᠴᠡ ᠠᠷᠪᠠᠨ ᠳᠠᠪᠤᠨ ᠺᠢᠯᠣ᠊ ᠶᠢᠨ ᠠᠯᠤᠰ ᠲᠤ ᠭᠦᠰᠡᠯ ᠤᠨ ᠬᠠᠳᠠ ᠬᠤᠯᠠ ᠡᠴᠡ ᠪᠦᠷᠳᠦᠯᠵᠡᠨ ᠰᠡᠭᠦᠢᠵᠤ ᠠᠯᠤᠰ ᠡᠴᠡ ᠣᠴᠢᠬᠤ ᠵᠤᠴᠢᠳ ᠶᠢᠡᠨ ᠣᠭᠳᠤᠨ ᠪᠠᠷᠠᠯᠠᠨ᠎ᠠ᠃ ᠣᠢ᠌ᠷᠠᠬᠠᠨ ᠪᠠᠢ᠌ᠭ᠎ᠠ ᠰᠢᠭ ᠬᠠᠷᠠᠭᠳᠠᠬᠤ ᠪᠣᠯᠪᠠᠴᠤ ᠴᠠᠭ ᠭᠠᠷᠤᠢ ᠭᠦᠪᠦᠭᠡᠤᠨ ᠰᠠ‍‌ᠶᠢ ᠬᠠᠳᠠᠨ ᠡᠩᠭᠡᠷ ᠲᠤ ᠭᠦᠷᠴᠤ ᠢᠷᠠᠪᠠ᠃ ᠵᠠᠪᠢ ᠪᠠᠨ ᠡᠷᠭᠢᠨ ᠳ᠋ᠠᠭᠢ ᠮᠤᠳᠤᠨ ᠳᠠᠳᠠᠭᠠᠯ ᠡᠴᠡ ᠳᠤᠷᠭᠤᠭᠠᠤᠨ ᠭᠦᠰᠡᠯ ᠤᠨ ᠬᠠᠳᠠᠨ ᠳᠤ ᠠᠪᠠᠷᠢᠵᠠᠭᠠᠪᠠ᠃

ᠭᠦᠪᠰᠦᠭᠦᠯ ᠳᠠᠯᠠᠢ ᠳᠤ ᠢᠷᠡᠭ᠍ᠰᠡᠳ ᠵᠠᠪᠠᠯ ᠡᠨᠡ ᠬᠠᠳᠠᠨ ᠳᠤ ᠠᠪᠠᠷᠢᠵᠤ ᠣᠪᠣᠭᠠᠨ ᠳᠤ ᠨᠢ ᠮᠥᠷᠭᠦᠭᠡᠤᠨ ᠭᠦᠰᠡᠯ ᠰᠠᠤᠠᠭᠢᠯ ᠶᠢᠡᠨ ᠰᠢᠪᠰᠢᠨ ᠳᠠᠭᠠᠤᠠᠬᠠᠳᠠᠭ ᠣᠴᠢᠷ ᠲᠡᠶ ᠠᠵᠢ᠃ ᠡᠢ᠌ᠨ ᠭᠦ ᠭᠦᠰᠡᠯ ᠤᠨ ᠬᠠᠳᠠ ᠭᠡᠵᠤ ᠨᠡᠷᠡᠢ᠌ᠳᠦᠭ᠍ᠳᠡᠭ᠍ᠰᠡᠨ ᠪᠣᠯᠤᠯᠳᠠᠢ᠃ ᠬᠠᠳᠠᠨ ᠤ ᠪᠠᠢ᠌ᠷᠢᠰᠢᠯ ᠨᠢ ᠭᠦᠪᠰᠦᠭᠦᠯ ᠳᠠᠯᠠᠢ ᠶᠢᠨ ᠪᠠᠷᠠᠭᠤᠨ ᠡᠷᠭᠢ ᠳᠤ ᠵᠡᠭᠦᠡᠰᠢ ᠳᠦᠷᠢᠨ ᠣᠷᠤᠭᠰᠠᠨ ᠲᠦᠯᠦᠪᠳᠠᠢ᠃ ᠵᠡᠭᠦᠨ ᠳᠠᠯ᠎ᠠ ᠪᠠᠷ ᠶᠢᠡᠨ ᠡᠭ᠍ᠴᠡ ᠪᠣᠰᠤᠭ᠎ᠠ ᠮᠥᠷᠳᠡᠭᠡᠨ ᠣᠷᠤᠢ ᠳᠡᠭᠡᠷ᠎ᠡ ᠡᠴᠡ ᠠᠰ ᠳᠤᠷᠤᠭᠰᠢ ᠬᠠᠷᠠᠬᠤ ᠳᠤ ᠭᠡᠳᠤᠨ ᠵᠠᠩ ᠦᠨᠳᠦᠷ ᠪᠠᠢ᠌ᠵᠤ ᠠᠢ᠌ᠳᠠᠰᠤ ᠭᠦᠷᠦᠮᠡᠷ ᠪᠣᠯᠪᠠᠴᠤ ᠣᠰᠤᠨ ᠢᠷᠤᠭᠠᠷ ᠳᠠᠭᠢ ᠥᠡᠳᠡᠭᠡᠨ ᠴᠢᠯᠠᠭᠤᠳ ᠳᠤᠪ ᠳᠤᠳᠤᠷᠬᠠᠢ ᠬᠠᠷᠠᠭᠳᠠᠬᠤ ᠡᠴᠡ ᠭᠦᠪᠰᠦᠭᠦᠯ ᠳᠠᠯᠠᠢ ᠶᠢᠨ ᠣᠰᠤ ᠭᠡᠴᠢᠨᠡᠨ ᠴᠠᠪᠠᠷ ᠳᠤᠩᠭ᠋ᠠᠯᠠᠭ ᠭᠡᠳᠡᠭ᠌ ᠢ ᠮᠠᠳᠠᠵᠤ ᠪᠣᠯᠤᠨ᠎ᠠ᠃

ᠬᠠᠳᠠᠨ ᠳᠡᠭᠡᠷ᠎ᠡ ᠠᠪᠠᠷᠢᠬᠤ ᠳᠤ ᠨᠠᠷᠢᠨ ᠴᠤᠪᠣᠭ᠎ᠠ ᠪᠠᠷ ᠬᠣᠢ᠌ᠨ᠎ᠠ ᠬᠣᠢ᠌ᠨ᠎ᠠ ᠡᠴᠡ ᠪᠠᠨ ᠮᠦᠷᠯᠠᠨ ᠠᠭᠠᠵᠢᠮ ᠠᠭᠠᠵᠢᠮ ᠶᠠᠪᠣᠬᠤ ᠦᠭᠡᠶ ᠪᠣᠯ ᠭᠦᠯ ᠠᠯᠳᠠᠪᠠᠯ ᠨᠠᠭᠠᠳᠤᠮ ᠪᠣᠰᠤ ᠠᠵᠢ︕ ᠳᠡᠭᠡᠷ᠎ᠡ ᠪᠦᠳᠦᠭᠦᠨ ᠣᠪᠣᠭ᠎ᠠ ᠪᠣᠰᠬᠠᠭᠳᠠᠵᠤ ᠬᠠᠳᠠᠭ ᠳᠦᠭᠦᠷᠳᠡᠯ᠎ᠡ ᠡᠯᠭᠦᠭ᠍ᠳᠡᠨ ᠨᠠᠮᠢᠷᠠᠵᠤ ᠣᠪᠣᠭᠠᠨ ᠴᠢᠯᠠᠭᠤᠳ ᠤᠨ ᠵᠠᠪᠰᠠᠷ ᠲᠤ ᠮᠥᠩᠭᠦ ᠳᠦᠭᠦᠷᠢᠭ᠌ ᠳᠦᠭᠦᠷᠳᠡᠯ᠎ᠡ ᠥᠷᠦᠭ᠍ᠳᠡᠭ᠍ᠰᠡᠨ ᠪᠠᠢ᠌ᠨ᠎ᠠ᠃ ᠪᠢᠳᠠ ᠴᠤ ᠮᠥᠩᠭᠦ ᠳᠦᠭᠦᠷᠢᠭ᠌ ᠵᠡᠷᠭᠡ ᠡᠷᠭᠦᠴᠡ ᠪᠠᠷᠢᠴᠠ ᠪᠠᠨ ᠡᠷᠭᠦᠵᠤ ᠬᠠᠳᠠᠭ ᠶᠢᠡᠨ ᠡᠯᠭᠦᠨ ᠭᠤᠷᠪᠠᠠᠳᠠ ᠳᠤᠭᠣᠢ᠌ᠯᠠᠵᠤ ᠳᠤᠭᠤᠷᠢᠭᠠᠤᠨ ᠰᠢᠪᠰᠢᠨ ᠵᠠᠯᠪᠠᠷᠢᠵᠤ ᠮᠥᠷᠭᠦᠨ ᠳᠠᠭᠠᠤᠠᠬᠠᠯ᠎ᠠ᠃

ᠭᠦᠭᠡ ᠮᠥᠩᠭᠡ ᠳᠩᠷᠢ ᠪᠠᠨ ᠳᠤᠯᠢᠳᠠᠨ ᠴᠡᠩᠭᠡᠷᠯᠡᠭ᠍ᠰᠡᠨ ᠭᠦᠪᠰᠦᠭᠦᠯ ᠳᠠᠯᠠᠢ ᠮᠢᠨᠢ ᠳᠡᠯᠡᠭᠡᠢ ᠶᠢᠨ ᠮᠠᠯᠮᠠᠢ ᠪᠣᠯᠵᠤ ᠳᠡᠭᠡᠳᠦᠰ ᠤᠨ ᠢᠷᠦᠭᠡᠯ ᠶᠢᠡᠷ ᠳᠠᠢ᠌ᠪᠣᠩ ᠣᠷᠤᠰᠢᠵᠤ ᠣᠷᠴᠢᠵᠤ ᠵᠤᠷᠴᠢᠬᠤ ᠭᠦᠮᠦᠰ ᠲᠤ ᠰᠤᠳᠤᠨ ᠪᠠᠢ᠌ᠭᠠᠯᠢ ᠶᠢᠨ ᠥᠩᠭᠡ ᠭᠠᠢ᠌ᠬᠠᠮᠰᠢᠭ ᠢ ᠥᠵᠡᠭᠦᠯᠭᠦ ᠳᠤ ᠪᠠᠨ ᠡᠨᠡ ᠪᠠᠢ᠌ᠭᠠᠯᠢ ᠪᠠᠨ ᠳᠤᠷᠳᠠᠨ ᠳᠤᠳᠤᠮᠳᠠᠵᠤ ᠠᠮᠢ ᠬᠠᠢ᠌ᠷ᠎ᠠ ᠦᠭᠡᠶ ᠰᠢᠳᠤᠨ ᠭᠢᠮᠠᠭᠠᠳᠠᠳᠠᠭ ᠮᠤᠩᠭ᠋ᠤᠯ ᠲᠦᠮᠡᠨ ᠤ ᠮᠠᠨᠢ ᠰᠤᠶᠤᠯ ᠠᠷᠠᠠᠰᠢᠨ᠂ ᠣᠬᠠᠭᠠᠨ ᠪᠢᠯᠢᠭ᠌᠂ ᠴᠠᠢ᠌ᠯᠭᠠᠨ ᠰᠠᠤᠠᠭᠢᠯ ᠢ ᠥᠭᠦᠯᠡᠨ ᠶᠠᠷᠢᠭ᠎ᠠ ᠨᠢ ᠭᠠᠷᠴᠠᠭ᠎ᠠ ᠦᠭᠡᠶ ᠠᠵᠢ︕

ᠮᠥᠩᠭᠡ ᠳᠩᠷᠢ ᠶᠢᠨ ᠭᠦᠴᠤᠨ ᠳᠤ ᠮᠥᠩᠭᠡᠵᠢᠨ ᠮᠠᠠᠳᠤᠭᠰᠠᠨ ᠮᠤᠩᠭ᠋ᠤᠯ ᠲᠦᠮᠡᠨ ᠤ ᠮᠠᠨᠢ ᠡᠷᠭᠡ ᠳᠠᠷᠬᠠᠨ ᠣᠩᠭ᠋ᠤᠨ ᠪᠠᠢ᠌ᠭᠠᠯᠢ ᠊᠊᠊᠊᠊᠊᠊᠊᠊᠊᠊᠊᠊᠊᠊ ᠭᠦᠷᠦᠰᠤ ᠰᠢᠷᠤᠢ᠂ ᠠᠭᠤᠯᠠ ᠣᠰᠤ᠂ ᠭᠦᠪᠴᠢ ᠬᠠᠩᠭ᠋ᠠᠢ᠂ ᠣᠷᠭᠤᠮᠠᠯ ᠬᠤᠴᠢᠯᠭ᠎ᠠ᠂ ᠠᠭᠠᠷ ᠳᠡᠯᠡᠭᠡᠢ ᠳᠠᠷᠠ ᠪᠦᠭᠦᠨ ᠨᠢ ᠦᠶ᠎ᠡ ᠶᠢᠨ ᠦᠶ᠎ᠡ ᠦᠩ ᠳᠠᠩᠰᠤᠭ ᠥᠭ᠍‍ᠭᠢᠶᠡᠮᠦᠷ ᠪᠠᠶᠠᠨ ᠶᠢᠡᠷ ᠶᠢᠡᠨ ᠪᠠᠢ᠌ᠭᠠᠰᠠᠢ ᠭᠡᠵᠤ ᠰᠢᠪᠰᠢᠨ ᠳᠠᠭᠠᠤᠠᠬᠠᠶ᠎ᠠ︕

ᠣᠷᠤᠢ ᠳᠡᠭᠡᠷ᠎ᠡ ᠨᠢ ᠪᠦᠳᠦᠭᠦᠨ ᠣᠪᠣᠭ᠎ᠠ ᠪᠣᠰᠬᠠᠭᠳᠠᠵᠤ ᠬᠠᠳᠠᠭ ᠶᠠᠠᠳᠠᠷ᠂ ᠠᠮᠳᠠᠳᠠᠨ ᠤ ᠳᠡᠭᠡᠵᠢ᠂ ᠮᠥᠩᠭᠦ ᠳᠦᠭᠦᠷᠢᠭ᠌ ᠵᠡᠷᠭᠡ ᠡᠷᠭᠦᠴᠡ ᠪᠠᠷᠢᠴᠠ ᠴᠢᠯᠠᠭᠤᠳ ᠤᠨ ᠵᠠᠪᠰᠠᠷ ᠵᠠᠭᠠᠭ ᠶᠢᠡᠷ ᠳᠦᠭᠦᠷᠳᠡᠯ᠎ᠡ ᠥᠷᠦᠭ᠍ᠳᠡᠵᠡᠢ᠃ ᠪᠢᠳᠠ ᠴᠤ ᠭᠤᠷᠪᠠᠠᠳᠠ ᠳᠤᠭᠣᠢ᠌ᠯᠠᠨ ᠡᠷᠭᠢᠵᠤ ᠬᠠᠳᠠᠭ ᠶᠢᠡᠨ ᠡᠷᠭᠦᠨ ᠮᠥᠩᠭᠦ ᠵᠤᠭᠤᠰ ᠶᠢᠡᠨ ᠳᠡᠪᠰᠢᠭᠦᠯᠤᠨ ᠳᠠᠭᠢᠭᠠᠤᠨ ᠰᠢᠪᠰᠢᠨ ᠳᠠᠭᠠᠤᠠᠬᠠᠵᠤ ᠵᠠᠯᠪᠠᠷᠢᠨ ᠮᠥᠷᠭᠦᠯ᠎ᠡ︕

ᠡᠩᠭᠡ ᠮᠥᠩᠭᠡ ᠳᠩᠷᠢ ᠶᠢᠨ ᠭᠦᠴᠤᠨ ᠳᠤ ᠦᠶ᠎ᠡ ᠳᠠᠮᠵᠢᠨ ᠡᠩᠭᠡᠵᠢᠨ ᠪᠠᠳᠠᠷᠠᠭ᠎ᠠ ᠡᠷᠭᠡ ᠳᠠᠷᠬᠠᠨ ᠮᠤᠩᠭ᠋ᠤᠯ ᠣᠷᠤᠨ ᠤ ᠮᠠᠨᠢ ᠠᠭᠤᠯᠠ ᠣᠰᠤ᠂ ᠭᠦᠪᠴᠢ ᠬᠠᠩᠭ᠋ᠠᠢ᠂ ᠣᠷᠭᠤᠮᠠᠯ ᠬᠤᠴᠢᠯᠭ᠎ᠠ ᠦᠶ᠎ᠡ ᠶᠢᠨ ᠦᠶ᠎ᠡ ᠦᠩ ᠳᠠᠩᠰᠤᠭ ᠶᠢᠡᠷ ᠶᠢᠡᠨ ᠪᠠᠢ᠌ᠭᠠᠰᠠᠢ ᠭᠡᠵᠤ ᠰᠢᠪᠰᠢᠨ ᠵᠠᠯᠪᠠᠷᠢᠶ᠎ᠠ︕

ᠡᠷᠭᠡ ᠴᠢᠯᠦᠭᠡᠳᠤ ᠠᠮᠢᠳᠤᠷᠠᠯ ᠳᠤ ᠳᠡᠮᠡᠤᠯᠡᠭ᠍ᠰᠡᠨ ᠳᠠᠯ᠎ᠠ ᠪᠠᠨ ᠰᠢᠭ ᠠᠭᠤᠵᠢᠮ ᠰᠠᠨᠠᠭᠠᠳᠤ᠂ ᠠᠭᠤᠯᠠᠰ ᠶᠢᠡᠨ ᠰᠢᠭ ᠬᠠᠨᠠᠭᠠᠷ ᠪᠣᠰᠤᠭ᠎ᠠ ᠰᠦᠨ ᠴᠠᠭᠠᠨ ᠰᠠᠤᠠᠭᠢᠯᠳᠤ ᠮᠤᠩᠭ᠋ᠤᠯ ᠲᠦᠮᠡᠨ ᠮᠠᠨᠢ᠂ ᠲᠦᠪᠰᠢᠨ ᠵᠢᠷᠭᠠᠯ᠂ ᠲᠦᠮᠡᠨ ᠠᠮᠤᠭᠤᠯᠠᠩ ᠢ ᠡᠳ᠋ᠯᠡᠵᠤ ᠳᠡᠯᠡᠭᠡᠢ ᠶᠢᠨ ᠪᠣᠯᠪᠠᠰᠤᠨ ᠡᠴᠡ ᠣᠷᠭᠢᠭᠳᠠᠯ ᠦᠭᠡᠶ᠂ ᠳᠠᠯᠠᠢ ᠶᠡᠭᠡ ᠵᠢᠷᠭᠠᠯ ᠳᠤ ᠱᠤᠩᠪᠠᠬᠤ ᠪᠣᠯᠤᠭᠠᠰᠠᠢ ᠭᠡᠵᠤ ᠰᠢᠪᠰᠢᠨ ᠳᠠᠭᠠᠤᠠᠬᠠᠶ᠎ᠠ︕

ᠪᠢᠳᠠ ᠭᠦᠰᠡᠯ ᠤᠨ ᠬᠠᠳᠠᠨ ᠡᠴᠡ ᠪᠠᠭᠤᠵᠤ᠂ ᠳᠠᠠᠳᠠ ᠡᠴᠡ ᠭᠤᠷᠪᠠ ᠳᠦᠷᠪᠡᠨ ᠺᠢᠯᠤᠮᠸᠲ᠋ᠷ ᠵᠠᠢ ᠲᠡᠶ ᠪᠠᠢ᠌ᠭ᠎ᠠ ᠭᠦᠪᠰᠦᠭᠦᠯ ᠳᠠᠯᠠᠢ ᠶᠢᠨ ᠵᠡᠭᠦᠨ ᠡᠷᠭᠢ ᠳ᠋ᠠᠭᠢ ᠷᠠᠰᠢᠶᠠᠨ ᠳᠤ ᠭᠦᠷᠦᠯ᠎ᠡ᠃ ᠡᠨᠡ ᠨᠢ ᠮᠡᠷᠭᠡᠨ ᠠᠭᠤᠯᠠ ᠶᠢᠨ ᠢᠷᠤᠭᠠᠷ ᠲᠤ ᠡᠮᠦᠨᠡᠰᠢ ᠬᠣᠢ᠌ᠰᠢ ᠬᠤᠶᠠᠷ ᠵᠠᠭᠤᠨ ᠮᠸᠲ᠋ᠷ ᠥᠷᠭᠦᠯᠵᠢᠯᠡᠭ᠍ᠰᠡᠨ ᠣᠷᠭᠢᠯᠤᠮᠠᠯ ᠪᠣᠯᠠᠭ ᠲᠡᠶ ᠷᠠᠰᠢᠶᠠᠨ ᠪᠣᠯᠤᠨ᠎ᠠ᠃ ᠭᠦᠪᠰᠦᠭᠦᠯ ᠳᠠᠯᠠᠢ ᠡᠴᠡ ᠬᠤᠶᠠᠷ ᠭᠤᠷᠪᠠᠬᠠᠨ ᠮᠸᠲ᠋ᠷ ᠵᠠᠢ ᠲᠡᠶ ᠪᠠᠢ᠌ᠭ᠎ᠠ ᠡᠨᠡ ᠷᠠᠰᠢᠶᠠᠨ ᠨᠢ ᠡᠪᠦᠯ ᠪᠣᠯᠤᠮᠠᠭᠴᠠ ᠨᠠᠭᠤᠷ ᠤᠨ ᠣᠰᠤ ᠳᠠᠰᠤ ᠭᠦᠯᠳᠡᠵᠤ ᠪᠠᠢ᠌ᠳᠠᠯ᠎ᠠ ᠳᠠᠷᠠ ᠬᠠᠷᠢᠨ ᠣᠤᠯ ᠭᠡᠪ ᠶᠢᠡᠷ ᠮᠡᠯᠳᠡᠭᠡᠨᠡᠨ ᠮᠠᠯᠮᠠᠯᠵᠠᠵᠤ ᠪᠠᠢ᠌ᠳᠠᠭ ᠰᠠᠨ᠃ ᠡᠨᠡ ᠭᠦ ᠷᠠᠰᠢᠶᠠᠨ ᠨᠢ ᠬᠤᠳᠤᠭᠤᠳᠤᠨ ᠡᠪᠠᠦᠡᠴᠢᠨ ᠳᠤ ᠣᠠᠴᠠ ᠰᠠᠢ᠌ᠨ ᠪᠠᠢ᠌ᠳᠠᠭ ᠶᠢᠡᠷ ᠶᠢᠡᠨ ᠬᠤᠯᠠ ᠣᠢ᠌ᠷ᠎ᠠ ᠳᠤ ᠠᠯᠳᠠᠷᠰᠢᠭᠰᠠᠨ ᠭᠡᠨ᠎ᠡ᠃ ᠪᠢᠳᠠ ᠠᠮᠢᠳᠤ ᠷᠠᠰᠢᠶᠠᠨ ᠡᠴᠡ ᠨᠢ ᠠᠮᠰᠠᠨ ᠮᠥᠷᠭᠦᠭᠡᠤᠨ ᠮᠤᠳᠤᠨ ᠳᠤ ᠨᠢ ᠬᠠᠳᠠᠭ ᠶᠢᠡᠨ ᠡᠯᠭᠦᠵᠤ ᠴᠢᠨᠠᠭᠰᠢ ᠮᠤᠷᠳᠠᠯ᠎ᠠ᠃

ᠭᠦᠪᠰᠦᠭᠦᠯ ᠳᠠᠯᠠᠢ ᠶᠢᠨ ᠬᠠᠮᠤᠭ ᠰᠡᠭᠦᠯᠴᠢ ᠶᠢᠨ ᠥᠷᠳᠡᠭᠡ ᠡᠮᠦᠨᠡᠳᠤ ᠡᠷᠭᠢ ᠶᠢ ᠮᠠᠨᠠᠨ ᠰᠠᠭᠢᠭ᠎ᠠ ᠬᠠᠳᠠᠭᠠᠯ ᠰᠤᠮᠤ ᠬᠠᠷᠠᠭᠳᠠᠯ᠎ᠠ᠃ ᠭᠦᠮᠤᠨ ᠤ ᠶ‍ᠢᠷᠳᠢᠠᠴᠤ ᠶᠢᠨ ᠭᠠᠢ᠌ᠬᠠᠮᠰᠢᠭᠳᠤ ᠵᠢᠷᠤᠭ ᠭᠦᠪᠰᠦᠭᠦᠯ ᠳᠠᠯᠠᠢ ᠮᠢᠨᠢ ᠪᠠᠶᠠᠷᠳᠠᠢ︕ ᠭᠦᠮᠤᠨ ᠵᠤᠨ ᠤ ᠪᠠᠨ ᠠᠮᠢᠨ ᠰᠢᠳᠦᠭᠡᠨ ᠭᠦᠰᠡᠯ ᠤᠨ ᠬᠠᠳᠠ ᠮᠢᠨᠢ ᠪᠠᠶᠠᠷᠳᠠᠢ︕

ᠳᠡᠭᠡᠳᠤ ᠶᠢᠨ ᠢᠷᠦᠭᠡᠯ ᠲᠡᠶ ᠭᠦᠪᠰᠦᠭᠦᠯ ᠳᠠᠯᠠᠢ ᠲᠡᠶ ᠪᠠᠨ ᠳᠠᠭᠢᠨ ᠵᠤᠯᠭᠠᠬᠤ ᠶᠢ ᠵᠦᠩᠨᠠᠨ ᠠᠶᠠᠷᠯᠠᠰᠤᠭᠠᠢ︕


ᠵᠤᠬᠢᠶᠠᠭᠴᠢ ᠶᠢᠨ ᠬᠠ‍ᠶ‍ᠢᠭ᠄ ᠪᠣᠭᠤᠳᠤ ᠬᠤᠳᠠ ᠶᠢᠨ ᠮᠤᠩᠭ᠋ᠤᠯ ᠳᠤᠮᠳᠠᠳᠤ ᠰᠤᠷᠭᠠᠭᠤᠯᠢ ᠶᠢᠨ ᠬᠠᠰ‍ᠭᠤᠸ᠎ᠠ


ᠵᠤᠬᠢᠶᠠᠭᠴᠢ᠄ ᠬᠠᠰ‍ᠭᠤᠸ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 5656
ᠴᠠᠭ᠄ 2009 ᠤᠨ ᠤ 04 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ