ᠨᠢᠭᠡ ᠯᠠ ᠰᠢᠳᠤᠨ ᠤ ᠲᠦᠯᠦᠭᠡ

ᠭᠤᠴᠢᠨ ᠬᠤᠶᠠᠷ ᠰᠢᠳᠤᠨ ᠤ

ᠨᠢᠭᠡ ᠨᠢ ᠣᠭᠰᠢᠪᠠ

ᠭᠤᠷᠪᠠ ᠳᠠᠪᠤᠨ ᠰᠦᠨᠢ ᠪᠠᠷ

ᠠᠮᠠᠷᠠᠵᠤ ᠴᠢᠳᠠᠭᠰᠠᠨ ᠦᠭᠡᠶ᠂

ᠣᠠᠳᠠᠬᠤ ᠪᠠ ᠰᠡᠷᠡᠭᠦ

ᠣᠠᠳᠠᠷᠠᠬᠤ ᠪᠠ ᠳᠦᠷᠡᠯᠵᠡᠭᠦ

ᠣᠤᠯ ᠨᠢ ᠰᠢᠳᠤᠨ ᠳᠤ ᠪᠠᠢ᠌ᠭᠰᠠᠨ ᠮᠠᠭᠠᠤᠨ ᠥᠭᠡᠢ

ᠰᠢᠳᠤ ᠪᠠᠨ ᠳᠠᠰᠤ ᠵᠠᠭᠤᠬᠤ ᠭᠢᠭᠡᠳ

ᠨᠢᠳᠤ ᠪᠠᠨ ᠳᠠᠭ ᠠᠨᠢᠬᠤ

ᠣᠳᠤ ᠪᠢᠳᠠᠨ ᠳᠤ ᠢᠷᠠᠵᠤ ᠴᠤ ᠮᠡᠳᠡᠭᠦ ᠶᠤᠮ  ᠃


ᠰᠢᠳᠤ ᠪᠠᠨ ᠶᠠᠭᠠᠭᠢᠵᠤ ᠡᠷᠭᠡᠭᠡᠭ᠍ᠰᠡᠨ ᠵᠢᠠᠨ

ᠭᠡᠨ ᠳᠤ ᠴᠤ ᠭᠡᠯᠡᠭ᠍ᠰᠡᠨ ᠥᠭᠡᠢ

ᠰᠢᠯᠤᠰᠤ ᠪᠠᠷ ᠶᠢᠡᠨ ᠵᠠᠢ᠌ᠯᠠᠬᠤ ᠪᠣᠶᠤ ᠵᠠᠯᠭᠢᠬᠤ

ᠡᠰᠡᠭᠦᠯ᠎ᠡ ᠨᠢᠯᠪᠦᠬᠤ ᠶᠢᠨ ᠠᠯᠢ ᠨᠢ ᠳᠤᠰᠠ ᠲᠡᠶ ᠵᠢ

ᠭᠡᠨ ᠡᠴᠡ ᠴᠤ ᠠᠰᠠᠭᠤᠭᠰᠠᠨ ᠦᠭᠡᠶ᠂

ᠦᠷᠯᠦᠭᠡ ᠰᠢᠳᠤ ᠪᠠᠨ ᠣᠭᠢᠶᠠᠬᠤ ᠨᠢ

ᠶᠠᠭᠤ ᠨᠢᠭᠡ ᠶᠢ ᠪᠠᠯᠠᠯᠠᠬᠤ ᠮᠠᠳᠤ

ᠦᠨᠡᠨ ᠥᠭᠡ ᠪᠠᠨ ᠭᠡᠯᠡᠪᠠᠯ

ᠶᠠᠷᠤ ᠪᠣᠰᠤ ᠪᠠᠷ ᠠᠮᠠᠷᠠᠬᠤ ᠴᠤ ᠰᠢᠭ  ᠃


ᠨᠢᠭᠡ ᠨᠢᠭᠡ ᠪᠠᠷ ᠣᠭᠰᠢᠭᠰᠠᠭᠠᠷ ᠪᠠᠢ᠌ᠵᠤ

ᠨᠠᠢ᠌ᠳᠠᠮ ᠳᠤ ᠪᠠᠨ ᠭᠡᠵᠤ

ᠪᠣᠳᠤ ᠠᠯᠳᠠᠭᠠᠤᠨ ᠵᠤᠭᠰᠤᠪᠠ

ᠨᠢᠭᠡ ᠯᠠ ᠰᠢᠳᠤᠨ ᠤ ᠲᠦᠯᠦᠭᠡ

ᠨᠢᠭᠡ ᠣᠯᠠᠨ ᠥᠭᠡ ᠶᠢ ᠭᠡᠯᠡ ᠶᠠᠳᠠᠭᠠᠤᠨ

ᠰᠢᠳᠤᠨ ᠵᠠᠪᠰᠠᠷ ᠶᠢᠡᠷ ᠶᠢᠡᠨ ᠭᠠᠷᠭᠠᠭᠰᠠᠨ ᠦᠭᠡᠶ᠃


       [2011.12.9 ]


ᠵᠤᠬᠢᠶᠠᠭᠴᠢ ᠶᠢᠨ ᠬᠠ‍‌ᠶᠢᠭ ᠄ ᠠᠷᠤ ᠬᠤᠷᠴᠢᠨ

ᠵᠤᠬᠢᠶᠠᠭᠴᠢ᠄ ᠰᠠ᠊·ᠵᠠᠮᠢᠶᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1177
ᠴᠠᠭ᠄ 2012 ᠤᠨ ᠤ 01 ᠰᠠᠷ᠎ᠠ ᠶᠢᠨ 02
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁