ᠡᠭᠡ ᠭᠡᠯᠡᠨ ᠤ ᠵᠢᠭᠠᠨ ᠰᠤᠷᠭᠠᠯᠳᠠ ᠶᠢᠨ ᠶᠠᠰᠤ ᠴᠢᠨᠠᠷ ᠢ ᠳᠡᠭᠡᠭ᠍ᠰᠢᠯᠡᠭᠦᠯᠭᠦ ᠳᠤᠬᠠᠢ ᠰᠠᠨᠠᠭᠠᠰᠢᠷᠠᠯ

ᠭᠡᠪ ᠴᠢᠨᠠᠷ ᠤᠨ ᠰᠤᠷᠭᠠᠨ ᠭᠦᠮᠦᠵᠢᠯ ᠢ ᠪᠦᠭᠦ ᠳᠠᠯ᠎ᠠ ᠪᠠᠷ ᠲᠦᠯᠬᠢᠨ ᠠᠭᠢᠭᠤᠯᠵᠤ᠂ ᠰᠢᠨ᠎ᠠ ᠨᠢᠭᠡᠨ ᠡᠭᠡᠯᠵᠢ ᠶᠢᠨ ᠭᠢᠴᠢᠶᠠᠯ ᠤᠨ ᠥᠭᠡᠷᠡᠴᠢᠯᠡᠯᠳᠡ ᠶᠢ ᠨᠠᠢ᠌ᠳᠠᠮ ᠭᠡᠷᠡᠭ᠍ᠵᠢᠭᠦᠯᠭᠦ ᠪᠠ ᠥᠷᠭᠡᠨ ᠣᠯᠠᠨ ᠭᠡᠯᠡ ᠪᠢᠴᠢᠭ᠌ ᠤᠨ ᠪᠠᠭᠰᠢ ᠶᠢᠨ ᠴᠢᠷᠮᠠᠢ᠌ᠯᠭ᠎ᠠ ᠪᠠᠷ ᠡᠭᠡ ᠭᠡᠯᠡᠨ ᠤ ᠵᠢᠭᠠᠨ ᠰᠤᠷᠭᠠᠯᠳᠠ ᠶᠢᠨ ᠶᠠᠰᠤ ᠴᠢᠨᠠᠷ ᠢᠯᠠᠳᠳᠠ ᠳᠡᠭᠡᠭ᠍ᠰᠢᠯᠡᠯᠳᠡ ᠲᠡᠶ ᠪᠣᠯᠵᠠᠢ᠃ ᠭᠡᠳᠡᠯ᠎ᠡ ᠣᠷᠴᠢᠮ ᠡᠴᠡ ᠡᠭᠡ ᠭᠡᠯᠡ ᠪᠠᠨ ᠰᠤᠷᠴᠤ ᠭᠡᠷᠡᠭᠯᠡᠭᠦ ᠦᠵᠡᠯ ᠣᠬᠠᠮᠰᠠᠷ ᠳᠤᠳᠠᠭᠤ᠂ ᠣᠷᠮ᠎ᠠ ᠪᠠᠬ᠎ᠠ ᠪᠠᠷᠤᠭᠳᠠᠢ ᠡᠴᠡ ᠪᠣᠯᠵᠤ ᠰᠤᠷᠤᠭᠴᠢᠳ ᠤᠨ ᠣᠩᠰᠢᠯᠭ᠎ᠠ ᠶᠢᠨ ᠴᠢᠳᠠᠪᠣᠷᠢ ᠳᠤᠷᠤᠢ᠂ ᠶᠠᠷᠢᠵᠤ ᠢᠯᠡᠳᠭᠡᠭᠦ ᠴᠢᠳᠠᠪᠣᠷᠢ ᠪᠠᠷᠤᠭᠳᠠᠢ᠂ ᠭᠡᠯᠡ ᠪᠢᠴᠢᠭ᠌ ᠤᠨ ᠮᠡᠳᠡᠯᠭᠡ ᠶᠢᠨ ᠡᠵᠡᠮᠰᠢᠯ ᠮᠠᠭᠤ ᠪᠣᠯᠵᠤ ᠪᠠᠢ᠌ᠬᠤ ᠪᠠᠢ᠌ᠳᠠᠯ ᠢᠯᠠᠷᠠᠵᠤ ᠪᠠᠢ᠌ᠨ᠎ᠠ᠃

ᠡᠭᠡ ᠭᠡᠯᠡ ᠨᠢ ᠬᠠᠷᠢᠯᠴᠠᠭᠠᠨ ᠤ ᠣᠢ᠌ᠯᠠᠳᠤᠯ ᠶᠢᠡᠨ ᠠᠯᠳᠠᠵᠤ᠂ ᠠᠮᠢᠳᠤᠷᠠᠯ ᠡᠴᠡ ᠰᠠᠯᠵᠤ ᠬᠤᠶᠠᠳᠤᠭᠠᠷ ᠭᠡᠯᠡ ᠶᠢ ᠴᠤ ᠭᠦᠷᠭᠦ ᠦᠭᠡᠶ ᠪᠣᠯᠤᠭᠰᠠᠨ ᠪᠠᠢ᠌ᠨ᠎ᠠ᠃ ᠵᠢᠱᠢᠶᠠᠯᠠᠪᠠᠯ᠄ ᠭᠢᠴᠢᠶᠡᠯᠯᠡᠭᠡ ᠳ᠋ᠠᠭᠢ ᠰᠤᠷᠤᠭᠴᠢ ᠶᠢᠨ ᠢᠯᠡᠳᠭᠡᠯᠳᠡ᠂ ᠡᠭᠡ ᠭᠡᠯᠡᠨ ᠤ ᠮᠠᠳᠠᠷᠠᠮᠵᠢ᠂ ᠣᠢ᠌ᠯᠠᠭᠠᠯᠳᠠ᠂ ᠪᠢᠴᠢᠵᠤ ᠢᠯᠡᠳᠭᠡᠭᠦ ᠴᠢᠳᠠᠪᠣᠷᠢ ᠵᠡᠷᠭᠡ ᠨᠢ ᠭᠦᠮᠦᠰ ᠢ ᠠᠷᠭ᠎ᠠ ᠠᠯᠳᠠᠭᠤᠯᠮᠠᠷ ᠪᠠᠢ᠌ᠨ᠎ᠠ᠃ ᠡᠭᠦᠨ ᠤ ᠰᠢᠯᠳᠠᠭᠠᠨ ᠨᠢ᠄

ᠨᠢᠭᠡ᠂ ᠭᠠᠳᠠᠭᠠᠳᠤ ᠭᠡᠯᠡ ᠪᠠ ᠵᠠᠭᠤᠴᠠᠳᠤ ᠭᠡᠯᠡᠨ ᠤ ᠳᠦᠷᠢᠯᠳᠠ

ᠭᠤᠷᠪᠠᠨ ᠭᠡᠯᠡᠨ ᠤ ᠵᠢᠭᠠᠨ ᠰᠤᠷᠭᠠᠯᠳᠠ ᠡᠴᠡ ᠪᠣᠯᠤᠭᠰᠠᠨ ᠭᠢᠴᠢᠶᠡᠯᠯᠡᠭᠦ ᠴᠠᠭ ᠤᠨ ᠬᠤᠪᠢᠶᠠᠷᠢᠯᠠᠯᠳᠠ ᠨᠢ ᠰᠤᠷᠤᠭᠴᠢ ᠶᠢᠨ ᠡᠭᠡ ᠭᠡᠯᠡ ᠪᠠᠨ ᠰᠤᠷᠤᠯᠴᠠᠬᠤ ᠣᠷᠤᠨ ᠵᠠᠢ ᠶᠢ ᠳᠣᠢ᠌ᠯ ᠶᠢᠡᠷ ᠪᠠᠭᠠᠰᠬᠠᠭᠰᠠᠨ ᠪᠠᠢ᠌ᠨ᠎ᠠ᠃ ᠡᠭᠦᠨ ᠤ ᠳᠡᠭᠡᠷ᠎ᠡ ᠰᠦᠯᠵᠢᠶᠠᠨ ᠭᠡᠯᠡ ᠭᠡᠦᠭᠡᠯᠳᠡᠢ ᠵᠥᠴᠦᠭᠡ᠂ ᠺᠠᠷᠲ᠋ᠤᠨ ᠶ‍ᠢᠷᠳᠢᠠᠴᠤ ᠨᠢ ᠬᠡᠦᠬᠡᠳ ᠤᠨ ᠣᠩᠰᠢᠯᠭ᠎ᠠ ᠶᠢᠨ ᠳᠠᠯᠠᠪᠠᠢ ᠶᠢ ᠦᠯᠦᠪ ᠳᠠᠭᠠᠷᠢᠵᠤ᠂ ᠪᠠᠭᠰᠢ ᠶᠢᠨ ᠣᠩᠰᠢᠯᠭ᠎ᠠ ᠶᠢᠨ ᠭᠦᠳᠦᠯᠦᠯ ᠨᠢ ᠣᠢ᠌ᠯᠠᠳᠤᠯ ᠶᠢᠡᠨ ᠠᠯᠳᠠᠭᠰᠠᠨ᠃ ᠣᠴᠢᠷ ᠨᠢ ᠭᠡᠦᠭᠡᠯᠳᠡᠢ ᠵᠥᠴᠦᠭᠡ᠂ ᠺᠠᠷᠲ᠋ᠤᠨ ᠹᠢᠯᠢᠮ ᠨᠢᠬᠠᠷᠠᠭ᠎ᠠ ᠰᠤᠨᠤᠷ ᠤᠨ ᠪᠠ ᠰᠢᠭᠤᠳ ᠰᠠᠷᠠᠯ ᠤᠨ ᠴᠢᠨᠠᠷ ᠶᠢᠡᠷ ᠴᠢᠩᠭ᠋᠎ᠠ ᠮᠥᠷᠳᠡᠭᠡᠨ ᠢᠯᠡᠷᠡᠭᠦᠯᠦᠯ ᠤᠨ ᠠᠷᠭ᠎ᠠ ᠪᠠᠷᠢᠯ ᠨᠢ ᠰᠤᠨᠢᠨ ᠭᠠᠢ᠌ᠬᠠᠮᠰᠢᠭ᠂ ᠭᠡᠯᠡ ᠭᠡᠯᠡᠯᠭᠡ ᠨᠢ ᠬᠡᠦᠬᠡᠳ ᠤᠨ ᠨᠠᠰᠤᠨ ᠣᠠᠴᠠᠯᠢᠭ ᠲᠤ ᠳᠤᠭᠢᠷᠠᠵᠤ ᠳᠦᠷᠰᠦᠯᠢᠭ᠌ ᠪᠦᠭᠡᠳ ᠳᠦᠭᠦᠮ ᠣᠢ᠌ᠯᠠᠭᠠᠮᠵᠢᠳᠠᠢ᠂ ᠢᠳᠡᠭᠡᠭᠦᠯᠵᠤ ᠥᠨᠡᠮᠰᠢᠭᠦᠯᠭᠦ ᠷᠢᠳ᠋ ᠰᠢᠳ᠋ ᠶᠢᠡᠷ ᠰᠠᠢ᠌ᠨ ᠪᠠᠢ᠌ᠳᠠᠭ ᠡᠴᠡ ᠬᠡᠦᠬᠡᠳ ᠶᠠᠮᠠᠷ ᠴᠤ ᠬᠠᠯᠠ ᠵᠤᠪᠠᠯᠠᠩ ᠠᠮᠰᠠᠬᠤ ᠦᠭᠡᠶ ᠪᠠᠷ ᠰᠤᠨᠢᠷᠬᠠᠯ ᠤᠨ ᠬᠠᠪᠤ ᠴᠡᠩᠭᠡᠯ ᠳᠤᠮᠳᠠ ᠡᠴᠡ ᠶᠤᠰᠤ ᠣᠴᠢᠷ ᠢ ᠨᠢ ᠣᠢ᠌ᠯᠠᠭᠠᠴᠢᠬᠠᠳᠠᠭ᠃ ᠡᠢ᠌ᠮᠤ ᠡᠴᠡ ᠰᠤᠷᠤᠭᠴᠢ ᠨᠤᠮ ᠣᠩᠰᠢᠬᠤ ᠳᠤᠷ᠎ᠠ ᠪᠠᠬ᠎ᠠ ᠦᠭᠡᠶ ᠪᠣᠯᠵᠤ ᠣᠩᠰᠢᠯᠭ᠎ᠠ ᠡᠴᠡ ᠬᠠᠯᠠᠰᠢᠷᠠᠬᠤ ᠪᠣᠯᠤᠭᠰᠠᠨ ᠪᠠᠢ᠌ᠳᠠᠭ᠃

ᠬᠤᠶᠠᠷ᠂ ᠰᠤᠷᠬᠤ ᠪᠢᠴᠢᠭ᠌ ᠤᠨ ᠨᠠᠢ᠌ᠷᠠᠭᠤᠯᠭ᠎ᠠ ᠶᠢᠨ ᠠᠰᠠᠭᠤᠳᠠᠯ

ᠨᠠᠢ᠌ᠷᠠᠭᠤᠯᠤᠨ ᠪᠢᠴᠢᠭ᠍ᠰᠡᠨ ᠵᠢᠭᠠᠬᠤ ᠮᠠᠲ᠋ᠸᠷᠢᠶᠠᠯ ᠨᠢ ᠰᠤᠷᠤᠭᠴᠢ ᠶᠢᠨ ᠡᠭᠡ ᠭᠡᠯᠡᠨ ᠤ ᠭᠢᠷᠢ ᠲᠦᠪᠰᠢᠨ ᠪᠠ ᠭᠦᠮᠦᠵᠢᠭᠦᠯᠭᠦ ᠬᠠᠷᠠᠯᠳᠠ ᠲᠡᠶ ᠨᠡᠢ᠌ᠴᠡᠭᠦ ᠦᠭᠡᠶ ᠪᠠᠢ᠌ᠬᠤ ᠭᠢᠴᠢᠶᠠᠯ ᠤᠨ ᠠᠭᠤᠯᠭ᠎ᠠ ᠪᠠ ᠭᠠᠵᠠᠷ ᠣᠷᠤᠨ ᠤ ᠰᠤᠷᠤᠭᠴᠢ ᠶᠢᠨ ᠠᠮᠢᠳᠤᠷᠠᠯ ᠣᠷᠴᠢᠨ ᠳᠤᠭᠤᠷᠢᠨ ᠲᠡᠶ ᠵᠤᠭᠢᠴᠠᠯᠳᠠᠬᠤ ᠦᠭᠡᠶ ᠪᠠᠢ᠌ᠬᠤ᠃

ᠭᠤᠷᠪᠠ᠂ ᠨᠡᠢ᠌ᠭᠡᠮ ᠤᠨ ᠭᠡᠷᠡᠭ᠍ᠴᠡᠭᠡᠨ ᠤ ᠭᠢᠵᠠᠭᠠᠷᠯᠠᠯ

ᠦᠨᠳᠦᠰᠦᠨ ᠬᠠᠤᠯᠢ ᠳᠤ ᠭᠡᠳᠥᠢ᠌ᠪᠠᠷ ᠦᠨᠳᠦᠰᠦᠳᠠᠨ ᠪᠦᠭᠦᠨ ᠦᠪᠡᠷ ᠤᠨ ᠥᠭᠡ ᠭᠡᠯᠡ ᠥᠰᠦᠭ᠌ ᠪᠢᠴᠢᠭ᠌ ᠶᠢᠡᠨ ᠴᠢᠯᠦᠭᠡᠳᠡᠢ ᠭᠡᠷᠡᠭᠯᠡᠭᠦ ᠡᠷᠭᠡ ᠲᠡᠶ ᠪᠣᠯᠪᠠᠴᠤ ᠦᠨᠡᠨ ᠭᠡᠷᠡᠭᠯᠡᠭᠡᠨ ᠳᠤ ᠳᠠᠢ᠌ᠮᠤ ᠪᠢᠰᠢ ᠪᠠᠢ᠌ᠳᠠᠭ ᠨᠢ ᠦᠨᠡᠨ᠃ ᠵᠢᠱᠢᠶᠠᠯᠠᠪᠠᠯ᠂ ᠮᠤᠩᠭ᠋ᠤᠯ ᠶᠢᠡᠷ ᠭᠢᠴᠢᠶᠡᠯᠯᠡᠭ᠍ᠰᠡᠨ ᠣᠶᠤᠳᠠᠤᠨ ᠠᠵᠢᠯ ᠣᠯᠬᠤ ᠳᠤ ᠳᠣᠢ᠌ᠯ ᠤᠨ ᠭᠦᠴᠢᠷᠳᠡᠢ ᠪᠠᠢ᠌ᠳᠠᠭ᠃ ᠡᠨᠡ ᠨᠢ ᠰᠤᠷᠤᠭᠴᠢ ᠪᠠ ᠭᠡᠷ ᠤᠨ ᠠᠬᠠᠮᠠᠤᠨ ᠲᠤ ᠮᠤᠩᠭ᠋ᠤᠯ ᠪᠢᠴᠢᠭ᠌ ᠰᠤᠷᠤᠭᠠᠤᠨ ᠭᠡᠷᠡᠭ᠌ ᠦᠭᠡᠶ ᠭᠡᠳᠡᠭ᠌ ᠦᠵᠡᠯᠳᠠ ᠲᠡᠶ ᠪᠣᠯᠭᠠᠭᠰᠠᠨ᠃

ᠳᠦᠷᠪᠡ᠂ ᠪᠠᠭᠰᠢ ᠶᠢᠨ ᠵᠢᠭᠠᠨ ᠰᠤᠷᠭᠠᠯᠳᠠ ᠶᠢᠨ ᠠᠷᠭ᠎ᠠ ᠮᠠᠶ‍ᠢᠭ ᠵᠤᠭᠢᠰ ᠦᠭᠡᠶ

ᠡᠭᠡ ᠭᠡᠯᠡᠨ ᠤ ᠵᠢᠭᠠᠨ ᠰᠤᠷᠭᠠᠯᠳᠠ ᠨᠢ ᠮᠦᠨ ᠯᠠ ᠰᠢᠯᠭᠠᠯᠳᠠ ᠶᠢ ᠠᠷᠭᠠᠴᠠᠬᠤ ᠰᠤᠷᠭᠠᠨ ᠭᠦᠮᠦᠵᠢᠯ ᠤᠨ ᠭᠦᠯᠢᠶᠡᠰᠤ ᠡᠴᠡ ᠮᠤᠯᠳᠤᠷᠠᠵᠤ ᠴᠢᠳᠠᠭ᠎ᠠ ᠦᠭᠡᠶ ᠪᠠᠢ᠌ᠭᠰᠠᠭᠠᠷ᠂ ᠪᠠᠰᠠ ᠯᠠ ᠰᠢᠯᠭᠠᠬᠤ ᠶᠢᠨ ᠳᠦᠯᠦᠭᠡ ᠵᠢᠭᠠᠵᠤ᠂ ᠰᠢᠯᠭᠠᠬᠤ ᠶᠢᠨ ᠳᠦᠯᠦᠭᠡ ᠰᠤᠷᠬᠤ ᠭᠡᠯᠪᠠᠷᠢ ᠳᠡᠭᠡᠨ ᠮᠤᠩᠭᠢᠨᠠᠭᠰᠠᠭᠠᠷ ᠪᠠᠢ᠌ᠨ᠎ᠠ᠃ ᠭᠡᠯᠡ ᠪᠢᠴᠢᠭ᠌ ᠤᠨ ᠵᠢᠭᠠᠨ ᠰᠤᠷᠭᠠᠯᠳᠠ ᠨᠢ ᠮᠦᠨ ᠯᠠ ᠴᠢᠤᠠᠬᠤᠮᠠᠯ ᠭᠡᠯᠪᠠᠷᠢ ᠳᠡᠭᠡᠨ ᠪᠠᠢ᠌ᠵᠤ ᠪᠠᠭᠰᠢ ᠨᠡᠷ ᠵᠢᠭᠠᠨ ᠰᠤᠷᠭᠠᠯᠳᠠ ᠶᠢᠨ ᠰᠢᠨ᠎ᠠ ᠠᠷᠭ᠎ᠠ ᠵᠠᠮ ᠡᠷᠢᠭᠦ ᠢᠳᠠᠪᠭᠢᠵᠢᠯ ᠶᠢᠡᠷ ᠳᠤᠳᠠᠮᠠᠭ ᠪᠠᠢ᠌ᠨ᠎ᠠ᠃

ᠣᠷᠤᠰᠢᠵᠤ ᠪᠠᠢ᠌ᠭ᠎ᠠ ᠠᠰᠠᠭᠤᠳᠠᠯ ᠢ ᠰᠢ᠌ᠳᠪᠦᠷᠢᠯᠡᠭᠦ ᠠᠷᠭ᠎ᠠ ᠵᠠᠮ᠄

ᠡᠩ ᠳᠡᠷᠢᠭᠦᠨ ᠳᠤ᠂ ᠰᠤᠷᠭᠠᠨ ᠭᠦᠮᠦᠵᠢᠯ ᠵᠢᠭᠠᠨ ᠰᠤᠷᠭᠠᠯᠳᠠ ᠶᠢᠨ ᠦᠵᠡᠯᠳᠠ ᠪᠠᠨ ᠥᠭᠡᠷᠡᠴᠢᠯᠡᠭᠦ ᠭᠡᠷᠡᠭ᠍ᠳᠡᠢ᠃ ᠳᠠᠷᠤᠢ ᠨᠡᠢ᠌ᠭᠡᠮ ᠤᠨ ᠥᠷᠭᠦᠵᠢᠯᠡᠨ ᠭᠦᠭ᠍ᠵᠢᠭᠦ ᠳᠤ ᠬᠠᠷᠢᠭᠤᠴᠠᠵᠤ᠂ ᠭᠦᠮᠤᠨ ᠤ ᠨᠠᠰᠤᠨ ᠳᠤᠷᠰᠢᠳᠠ ᠶᠢᠨ ᠭᠦᠭ᠍ᠵᠢᠯᠳᠡ ᠳᠤ ᠰᠠᠭᠤᠷᠢ ᠳᠠᠯᠪᠢᠬᠤ ᠦᠵᠡᠯᠳᠠ ᠶᠢ ᠪᠠᠷᠢᠮᠳᠠᠯᠠᠨ᠂ 《ᠭᠦᠢᠴᠡᠳ ᠴᠠᠭ ᠬᠠᠩᠭ᠋ᠠᠵᠤ ᠳᠤᠭᠢᠷᠠᠭᠰᠠᠨ ᠬᠠᠪᠰᠤᠷᠤᠯᠭ᠎ᠠ ᠥᠵᠡᠭᠦᠯᠪᠠᠯ ᠰᠤᠷᠤᠭᠴᠢ ᠪᠦᠭᠦᠨ ᠵᠢᠱᠢᠭ᠍ᠰᠡᠨ ᠬᠠᠷᠠᠯᠳᠠ ᠳᠤ ᠭᠦᠷᠴᠤ ᠴᠢᠳᠠᠨ᠎ᠠ》 ᠭᠡᠳᠡᠭ᠌ ᠵᠢᠮ᠎ᠠ ᠶᠠᠰᠤ ᠶᠢ ᠪᠠᠳᠤ ᠢᠳᠡᠭᠡᠭᠦ ᠭᠡᠷᠡᠭ᠍ᠳᠡᠢ᠃ ᠳᠠᠭᠢᠪᠠᠯ ᠭᠢᠴᠢᠶᠠᠯ ᠲᠦᠷᠦᠯ ᠤᠨ ᠶᠡᠷᠦᠩᠭᠡᠢ ᠬᠠᠷᠠᠯᠳᠠ ᠶᠢ ᠡᠯ᠎ᠡ ᠰᠤᠷᠤᠯᠭ᠎ᠠ ᠶᠢᠨ ᠬᠤᠭᠤᠴᠠᠭ᠎ᠠ ᠪᠠ ᠨᠢᠭᠡᠴᠡ᠂ ᠭᠢᠴᠢᠶᠡᠯᠯᠡᠭᠦ ᠴᠠᠭ ᠲᠤ ᠭᠡᠷᠭᠢᠨ ᠪᠣᠳᠠᠳᠠᠢ ᠬᠤᠪᠢᠶᠠᠷᠢᠯᠠᠨ ᠨᠠᠢ᠌ᠳᠠᠪᠣᠷᠢᠵᠢᠭᠤᠯᠬᠤ ᠶᠢ ᠨᠡᠪᠳᠡᠷᠭᠡᠢ ᠮᠠᠳᠠᠵᠤ᠂ ᠳᠤᠬᠠᠢ ᠶᠢᠨ ᠭᠢᠴᠢᠶᠡᠯᠯᠡᠭᠡ ᠶᠢᠨ ᠰᠤᠷᠬᠤ ᠬᠠᠷᠠᠯᠳᠠ ᠶᠢ ᠳᠤᠳᠤᠷᠬᠠᠢ ᠳᠤᠭᠳᠠᠭᠠᠬᠤ ᠭᠡᠷᠡᠭ᠍ᠳᠡᠢ᠃ ᠠᠩᠬ᠎ᠠ ᠳᠤᠮᠳᠠᠳᠤ ᠶᠢᠨ ᠶ‍ᠢᠰᠦᠳᠦᠭᠡᠷ ᠳᠠᠪᠳᠠᠷ ᠤᠨ ᠳᠠᠪᠣᠳᠤᠭᠠᠷ ᠨᠢᠭᠡᠴᠢ ᠪᠠᠷ ᠵᠢᠱᠢᠶᠠᠯᠠᠪᠠᠯ᠄ ᠳᠤᠰ ᠨᠢᠭᠡᠴᠢ ᠶᠢᠨ ᠣᠩᠰᠢᠯᠭ᠎ᠠ ᠶᠢᠨ ᠭᠢᠴᠢᠶᠠᠯ ᠤᠨ ᠰᠤᠷᠬᠤ ᠬᠠᠷᠠᠯᠳᠠ ᠪᠣᠯ ᠳᠠᠷᠤᠢ ᠭᠡᠯᠡ ᠭᠡᠯᠡᠯᠭᠡ ᠶᠢᠨ ᠣᠠᠴᠠᠯᠢᠭ ᠪᠠ ᠥᠭᠡ ᠶᠢᠨ ᠣᠤᠠᠬ᠎ᠠ ᠶᠢ ᠡᠵᠡᠮᠰᠢᠭᠦ᠂ ᠰᠢᠭᠦᠮᠵᠢ ᠨᠠᠢ᠌ᠷᠠᠭᠤᠯᠤᠯ ᠤᠨ ᠵᠤᠬᠢᠶᠠᠯ ᠤᠨ ᠨᠤᠳᠠᠯᠠᠯᠳᠠ ᠶᠢᠨ ᠠᠷᠭ᠎ᠠ ᠨᠤᠭᠤᠳ ᠢ ᠰᠤᠷᠭᠠᠬᠤ ᠶᠠᠪᠣᠳᠠᠯ ᠪᠣᠯᠤᠨ᠎ᠠ᠃ ᠡᠨᠡᠭᠦ ᠬᠠᠷᠠᠯᠳᠠ ᠶᠢ ᠨᠢᠭᠡᠨ ᠵᠣᠢ᠌ᠯ ᠤᠨ ᠰᠤᠨᠢᠨ ᠣᠴᠢᠷ ᠪᠣᠢ ᠭᠡᠭᠦ ᠭᠢᠴᠢᠶᠠᠯ ᠳᠤ ᠪᠣᠳᠠᠳᠠᠢ ᠨᠠᠢ᠌ᠳᠠᠪᠣᠷᠢᠵᠢᠭᠤᠯᠬᠤ ᠳᠤ ᠄ ᠨᠢᠭᠡ ᠳᠤ᠂ ᠡᠷᠳᠡᠨ ᠤ ᠭᠡᠯᠡᠯᠭᠡ ᠶᠢ ᠣᠩᠰᠢᠨ ᠣᠢ᠌ᠯᠠᠭᠠᠵᠤ ᠴᠢᠳᠠᠬᠤ ᠪᠠ ᠵᠠᠷᠢᠮ ᠥᠭᠡᠰ ᠤᠨ ᠣᠳᠭ᠎ᠠ ᠶᠢ ᠮᠠᠳᠠᠵᠤ ᠪᠣᠳᠠᠳᠤ ᠬᠡᠯᠠ ᠶᠠᠷᠢᠶᠠᠨ ᠤ ᠣᠷᠴᠢᠨ ᠳᠤ ᠭᠡᠷᠡᠭᠯᠡᠵᠤ ᠴᠢᠳᠠᠬᠤ ᠬᠤᠶᠠᠷ ᠲᠤ᠂ ᠪᠣᠳᠠᠳᠤ ᠭᠡᠷᠡᠭ᠌ ᠤᠨ ᠪᠠᠷᠢᠮᠳᠠ ᠪᠠ ᠶᠤᠰᠤ ᠣᠴᠢᠷ ᠤᠨ ᠪᠠᠷᠢᠮᠳᠠ ᠨᠢ ᠶᠠᠭᠤ ᠪᠣᠯᠬᠤ ᠶᠢ ᠭᠡᠯᠡᠵᠤ ᠭᠠᠷᠭᠠᠵᠤ ᠴᠢᠳᠠᠭᠤᠯᠬᠤ᠃ ᠡᠭᠦᠨ ᠳᠤ ᠵᠢᠭᠠᠬᠤ ᠭᠤᠤᠯᠳᠠᠯᠭ᠎ᠠ ᠪᠠᠨ ᠵᠤᠬᠢᠶᠠᠯ ᠤᠨ ᠪᠠᠷᠢᠮᠳᠠ ᠶᠢ ᠡᠵᠡᠮᠰᠢᠭᠦᠯᠤᠨ ᠭᠡᠷᠡᠭᠯᠡᠭᠦᠯᠭᠦ ᠳᠡᠭᠡᠷ᠎ᠡ ᠳᠠᠯᠪᠢᠨ᠎ᠠ᠃

ᠬᠤᠶᠠᠳᠤᠭᠠᠷ ᠲᠤ᠂ ᠭᠡᠷᠭᠢᠨ ᠣᠯᠠᠮᠵᠢᠯᠠᠯᠳᠤ ᠰᠤᠶᠤᠯ ᠪᠠ ᠰᠢᠨ᠎ᠠ ᠰᠤᠶᠤᠯ ᠤᠨ ᠵᠤᠯᠭᠠᠪᠣᠷᠢ ᠶᠢ ᠡᠷᠢᠨ ᠣᠯᠵᠤ ᠣᠩᠰᠢᠯᠭ᠎ᠠ ᠪᠠᠷ ᠭᠡᠯᠡ ᠪᠢᠴᠢᠭ᠌ ᠤᠨ ᠮᠡᠳᠡᠯᠭᠡ ᠶᠢ ᠣᠯᠠᠮᠵᠢᠯᠠᠵᠤ᠂ ᠵᠤᠷᠢᠭ ᠰᠠᠨᠠᠭᠠᠨ ᠤ ᠭᠦᠳᠦᠯᠦᠯ ᠢ ᠴᠢᠩᠭ᠋ᠠᠳᠬᠠᠨ᠂ ᠰᠤᠶᠤᠯ ᠤᠨ ᠬᠤᠷᠠᠮᠳᠤᠭᠤᠯᠭ᠎ᠠ ᠶᠢ ᠨᠡᠮᠡᠭ᠍ᠳᠡᠭᠦᠯᠭᠦ ᠳᠤ ᠠᠩᠬᠠᠷᠤᠯ ᠶᠢᠡᠨ ᠬᠠᠠᠳᠤᠭᠤᠯᠬᠤ ᠶᠢᠨ ᠬᠠᠮᠳᠤ ᠭᠢᠴᠢᠶᠠᠯ ᠤᠨ ᠡᠭᠢ ᠪᠠᠶᠠᠯᠢᠭ ᠢ ᠴᠢᠳᠠᠮᠠᠭᠠᠢ ᠪᠠᠷ ᠨᠡᠭᠡᠭᠡᠨ ᠠᠰᠢᠭᠯᠠᠵᠤ᠂ ᠳᠠᠭᠢᠨ ᠢᠯᠡᠷᠡᠭᠦᠯᠭᠦ ᠪᠠᠷ ᠳᠠᠮᠵᠢᠨ ᠰᠤᠷᠤᠭᠴᠢ ᠶᠢᠨ ᠭᠡᠯᠡ ᠪᠢᠴᠢᠭ᠌ ᠰᠤᠷᠬᠤ ᠣᠷᠮ᠎ᠠ ᠪᠠᠬ᠎ᠠ ᠶᠢ ᠭᠦᠭ᠍ᠵᠢᠭᠡᠵᠤ ᠪᠣᠳᠠᠳᠤ ᠠᠮᠢᠳᠤᠷᠠᠯ ᠤᠨ ᠭᠡᠯᠡᠨ ᠤ ᠣᠷᠴᠢᠨ ᠲᠤ ᠦᠷᠭᠡᠳᠭᠡᠯ ᠪᠠ ᠥᠷᠭᠦᠯᠵᠢᠯᠡᠯ ᠢ ᠪᠠᠶᠡᠯᠡᠭᠦᠯᠭᠦ ᠭᠡᠷᠡᠭ᠍ᠳᠡᠢ᠃ ᠢᠩᠭᠢᠭᠦ ᠳᠤ᠂ ᠭᠢᠴᠢᠶᠠᠯ ᠤᠨ ᠮᠡᠳᠡᠯᠭᠡ ᠶᠢ ᠨᠡᠢ᠌ᠭᠡᠮ᠂ ᠰᠢᠡᠵᠢᠯᠡᠭᠦ ᠮᠡᠷᠭᠡᠵᠢᠯ ᠪᠠ ᠰᠤᠷᠤᠭᠴᠢ ᠶᠢᠨ ᠠᠮᠢᠳᠤᠷᠠᠯ ᠤᠨ ᠣᠷᠴᠢᠨ ᠲᠡᠶ ᠣᠶᠠᠯᠳᠠᠭᠤᠯᠤᠨ ᠵᠢᠭᠠᠬᠤ ᠶᠢ ᠴᠢᠬᠤᠯᠠᠴᠢᠯᠠᠬᠤ ᠭᠡᠷᠡᠭ᠍ᠳᠡᠢ᠃ ᠡᠢ᠌ᠮᠤ ᠡᠴᠡ ᠪᠢᠳᠠ ᠭᠢᠴᠢᠶᠠᠯ ᠳᠦᠰᠦᠪᠯᠡᠭᠦ ᠳᠡᠭᠡᠨ ᠭᠢᠴᠢᠶᠠᠯ ᠤᠨ ᠡᠭᠢ ᠪᠠᠶᠠᠯᠢᠭ ᠢ ᠴᠢᠳᠠᠮᠠᠭᠠᠢ ᠪᠠᠷ ᠠᠭᠤᠳᠠᠯᠠᠨ ᠨᠡᠭᠡᠭᠡᠵᠤ ᠰᠤᠷᠤᠭᠴᠢ ᠶᠢᠨ ᠠᠮᠢᠳᠤᠷᠠᠯ ᠤᠨ ᠳᠤᠷᠰᠢᠯᠭ᠎ᠠ ᠪᠠ ᠪᠠᠯᠠᠨ ᠮᠡᠳᠡᠯᠭᠡ ᠶᠢᠨ ᠬᠠᠳᠠᠭᠠᠯᠠᠯᠳᠠ ᠶᠢᠨ ᠭᠡᠮᠵᠢᠶ᠎ᠡ ᠲᠡᠶ ᠣᠶᠠᠯᠳᠠᠭᠤᠯᠤᠨ ᠵᠢᠭᠠᠬᠤ ᠠᠭᠤᠯᠭ᠎ᠠ ᠪᠠᠨ ᠳᠠᠭᠢᠨ ᠵᠤᠬᠢᠶᠠᠨ ᠪᠠᠢ᠌ᠭᠤᠯᠬᠤ ᠭᠡᠷᠡᠭ᠍ᠳᠡᠢ᠃ ᠵᠢᠱᠢᠶᠠᠯᠠᠪᠠᠯ ᠪᠠᠭ᠎ᠠ ᠰᠤᠷᠭᠠᠭᠤᠯᠢ ᠶᠢᠨ ᠠᠷᠪᠠᠳᠤᠭᠠᠷ ᠳᠠᠪᠳᠠᠷ ᠤᠨ 《ᠡᠵᠢ ᠶᠢᠨ ᠠᠴᠢ ᠶᠢ ᠬᠠᠷᠢᠭᠤᠯᠬᠤ ᠨᠢ》 ᠭᠡᠳᠡᠭ᠌ ᠭᠢᠴᠢᠶᠠᠯ ᠢ ᠵᠢᠭᠠᠬᠤ ᠳᠤ᠂ ᠰᠤᠷᠤᠭᠴᠢ ᠶᠢᠨ ᠠᠮᠢᠳᠤᠷᠠᠯ ᠤᠨ ᠣᠷᠴᠢᠨ ᠡᠴᠡ ᠡᠵᠢ ᠶᠢᠨ ᠠᠴᠢ ᠶᠢ ᠮᠡᠳᠡᠭᠦᠯᠵᠤ᠂ ᠬᠠᠷᠢᠭᠤᠯᠬᠤ ᠰᠡᠳᠬᠢᠯᠭᠡ ᠲᠡᠶ ᠪᠣᠯᠭᠠᠵᠤ ᠴᠢᠳᠠᠬᠤ ᠠᠭᠤᠯᠭ᠎ᠠ ᠶᠢ ᠰᠤᠩᠭ᠋ᠤᠨ ᠵᠢᠭᠠᠬᠤ ᠠᠭᠤᠯᠭ᠎ᠠ ᠪᠠᠨ ᠳᠠᠭᠢᠨ ᠵᠤᠬᠢᠶᠠᠨ ᠪᠠᠢ᠌ᠭᠤᠯᠬᠤ᠃

ᠭᠤᠷᠪᠠᠳᠤᠭᠠᠷ ᠲᠤ᠂ ᠭᠢᠴᠢᠶᠡᠯᠯᠡᠭᠡ ᠶᠢᠨ ᠶᠠᠪᠣᠴᠠ ᠶᠢ ᠵᠤᠭᠢᠰᠳᠠᠢ ᠲᠦᠰᠤᠪᠯᠠᠨ᠂ ᠣᠷᠢᠤᠠᠴᠢᠯᠠᠭᠰᠠᠨ ᠲᠦᠰᠤᠪ ᠪᠣᠯᠤᠨ ᠭᠢᠴᠢᠶᠡᠯᠯᠡᠭᠡ ᠳ᠋ᠠᠭᠢ ᠡᠭᠦᠰᠦᠯᠳᠡ ᠶᠢᠨ ᠬᠠᠷᠢᠴᠠᠭ᠎ᠠ ᠶᠢ ᠵᠦᠪ ᠰᠢ᠌ᠳᠪᠦᠷᠢᠯᠡᠭᠦ ᠭᠡᠷᠡᠭ᠍ᠳᠡᠢ᠃ ᠨᠢᠭᠡᠳᠦᠭᠡᠷ ᠲᠤ᠂ ᠭᠢᠴᠢᠶᠡᠯᠯᠡᠭᠡ ᠶᠠᠪᠣᠴᠠ ᠶᠢ ᠳᠦᠰᠦᠪᠯᠡᠭᠦ ᠳ᠋ᠡᠭᠡᠨ ᠪᠠᠭᠰᠢ ᠶᠢᠨ ᠭᠦᠳᠦᠯᠦᠯᠭᠡ ᠪᠣᠯᠤᠨ ᠰᠤᠷᠤᠭᠴᠢ ᠶᠢᠨ ᠳᠠᠨᠢᠯᠳᠠ ᠶᠢᠨ ᠶᠠᠪᠣᠴᠠ ᠬᠤᠭᠤᠷᠤᠠᠳᠤᠭᠢ ᠬᠠᠷᠢᠴᠠᠭ᠎ᠠ ᠶᠢ ᠵᠦᠪ ᠰᠢ᠌ᠳᠪᠦᠷᠢᠯᠡᠭᠦ ᠭᠡᠷᠡᠭ᠍ᠳᠡᠢ᠃ ᠳᠠᠷᠤᠢ ᠰᠤᠷᠤᠭᠴᠢ ᠶᠢᠨ ᠰᠤᠷᠤᠯᠭ᠎ᠠ ᠶᠢᠨ ᠪᠠᠢ᠌ᠳᠠᠯ ᠪᠣᠯᠤᠨ ᠰᠢᠨ᠎ᠠ ᠪᠠᠷ ᠵᠤᠬᠢᠶᠠᠨ ᠪᠠᠢ᠌ᠭᠤᠯᠤᠭᠰᠠᠨ ᠵᠢᠭᠠᠬᠤ ᠠᠭᠤᠯᠭ᠎ᠠ ᠶᠢ ᠦᠨᠳᠦᠰᠦᠯᠠᠨ ᠭᠢᠴᠢᠶᠠᠯ ᠤᠨ ᠶᠠᠪᠣᠴᠠ ᠶᠢ ᠪᠠᠯᠠᠨ ᠮᠡᠳᠡᠯᠭᠡ ᠪᠠ ᠠᠮᠢᠳᠤᠷᠠᠯ ᠤᠨ ᠥᠩᠭᠡᠷᠡᠯᠳᠡ ᠪᠠᠨ ᠡᠷᠭᠢᠴᠡᠭᠦᠯᠭᠦ ᠊᠊᠊᠊᠊᠊᠊᠊᠊᠊᠊᠊᠊᠊᠊ ᠰᠤᠷᠤᠯᠴᠠᠯᠭ᠎ᠠ ᠶᠢᠨ ᠳ᠋ᠦ᠋ᠩ ᠲᠡᠭᠡᠨ ᠵᠢᠱᠢᠯᠳᠠ ᠲᠡᠶ ᠪᠣᠯᠬᠤ ᠊᠊᠊᠊᠊᠊᠊᠊᠊᠊᠊᠊᠊᠊᠊ ᠰᠢᠨ᠎ᠠ ᠪᠠᠷ ᠵᠤᠬᠢᠶᠠᠨ ᠪᠠᠢ᠌ᠭᠤᠯᠤᠭᠰᠠᠨ ᠭᠢᠴᠢᠶᠡᠯᠯᠡᠭᠦ ᠠᠭᠤᠯᠭ᠎ᠠ ᠳᠤ ᠵᠤᠭᠢᠴᠠᠯᠭ᠎ᠠ ᠭᠢᠭᠦ ᠊᠊᠊᠊᠊᠊᠊᠊᠊᠊᠊᠊᠊᠊᠊ ᠮᠡᠷᠭᠡᠰᠢᠨ ᠴᠠᠭᠠᠷᠠᠵᠤ ᠮᠡᠳᠡᠯᠭᠡ ᠶᠢ ᠥᠷᠳᠡᠭ᠍ᠵᠢᠭᠦᠯᠭᠦ ᠊᠊᠊᠊᠊᠊᠊᠊᠊᠊᠊᠊᠊᠊᠊ ᠰᠤᠷᠤᠯᠴᠠᠯᠭ᠎ᠠ ᠶᠢᠨ ᠳ᠋ᠦ᠋ᠩ ᠶᠢᠡᠨ ᠥᠨᠡᠯᠡᠭᠦ ᠊᠊᠊᠊᠊᠊᠊᠊᠊᠊᠊᠊᠊᠊᠊ ᠵᠠᠯᠠᠷᠠᠭᠤᠯᠭ᠎ᠠ ᠪᠠ ᠦᠷᠭᠡᠳᠭᠡᠯ ᠥᠷᠭᠦᠯᠵᠢᠯᠡᠯ ᠭᠢᠭᠦ ᠭᠡᠭᠦ ᠮᠠᠳᠤ ᠪᠠᠷ ᠳᠤᠭᠢᠷᠠᠭᠤᠯᠵᠤ ᠪᠣᠯᠤᠨ᠎ᠠ᠃ ᠬᠤᠶᠠᠳᠤᠭᠠᠷ ᠲᠤ᠂ ᠣᠷᠢᠤᠠᠴᠢᠯᠠᠭᠰᠠᠨ ᠲᠦᠰᠤᠪ ᠪᠣᠯᠤᠨ ᠡᠭᠦᠰᠦᠯᠳᠡ ᠶᠢᠨ ᠬᠤᠭᠤᠷᠤᠠᠳᠤᠭᠢ ᠬᠠᠷᠢᠴᠠᠭ᠎ᠠ ᠶᠢ ᠵᠦᠪ ᠰᠢ᠌ᠳᠪᠦᠷᠢᠯᠡᠭᠦ ᠭᠡᠷᠡᠭ᠍ᠳᠡᠢ᠃ ᠣᠴᠢᠷ ᠨᠢ ᠵᠢᠭᠠᠨ ᠰᠤᠷᠭᠠᠯᠳᠠ ᠨᠢ ᠵᠥᠪᠭᠡᠨ ᠣᠷᠢᠤᠠᠴᠢᠯᠠᠭᠰᠠᠨ ᠲᠦᠰᠤᠪ ᠶᠢᠡᠨ ᠰᠢᠳᠤᠷᠭᠤ ᠪᠠᠷ ᠭᠦᠢᠴᠡᠳᠭᠡᠭᠦ ᠶᠠᠪᠣᠴᠠ ᠪᠢᠰᠢ᠂ ᠬᠠᠷᠢᠨ ᠭᠢᠴᠢᠶᠠᠯ ᠡᠭᠢ ᠪᠠᠶᠠᠯᠢᠭ ᠲᠤ ᠨᠡᠭᠡᠭᠡᠯᠳᠡ ᠭᠢᠭᠦ ᠪᠠ ᠭᠢᠴᠢᠶᠠᠯ ᠤᠨ ᠮᠡᠳᠡᠯᠭᠡ ᠶᠢ ᠪᠣᠳᠠᠭᠠᠯᠢᠭᠵᠢᠭᠤᠯᠬᠤ ᠶᠠᠪᠣᠴᠠ ᠮᠦᠨ᠂ ᠪᠠᠰᠠ ᠴᠤ ᠪᠠᠭᠰᠢ ᠰᠤᠷᠤᠭᠴᠢ ᠬᠠᠮᠳᠤ ᠪᠠᠷ ᠭᠢᠴᠢᠶᠠᠯ ᠠᠭᠤᠯᠭ᠎ᠠ ᠶᠢ ᠡᠭᠦᠳᠤᠨ ᠪᠦᠳᠦᠭᠡᠭᠦ ᠶᠠᠪᠣᠴᠠ ᠮᠦᠨ᠃ ᠥᠭᠡᠷ᠎ᠡ ᠪᠠᠷ ᠭᠡᠯᠡᠪᠠᠯ ᠭᠢᠴᠢᠶᠠᠯ ᠭᠡᠷᠡᠭ᠍ᠵᠢᠭᠦᠯᠭᠦ ᠶᠠᠪᠣᠴᠠ ᠳᠠᠭᠠᠨ ᠰᠤᠷᠤᠭᠴᠢ ᠶᠢᠨ ᠢᠳᠠᠪᠭᠢᠳᠤ ᠣᠷᠤᠯᠴᠠᠭ᠎ᠠ ᠶᠢ ᠳᠠᠢ᠌ᠴᠢᠯᠠᠨ ᠦᠪᠡᠷᠮᠢᠴᠠ ᠢᠯᠡᠷᠡᠭᠦᠯᠦᠯ ᠢ ᠵᠤᠷᠢᠭᠵᠢᠭᠤᠯᠵᠤ ᠭᠢᠴᠢᠶᠡᠯᠯᠡᠭᠡ ᠳᠡᠭᠡᠷᠡᠭᠢ ᠰᠠᠨᠠᠭᠠᠨ ᠳᠤ ᠦᠭᠡᠶ ᠶᠠᠪᠣᠳᠠᠯ ᠳᠤ ᠵᠤᠭᠢᠰᠳᠠᠢ ᠰᠢ᠌ᠳᠪᠦᠷᠢᠯᠡᠭᠦ ᠠᠰᠠᠭᠤᠳᠠᠯ ᠢ ᠠᠩᠬᠠᠷᠤᠯ ᠲᠠᠭᠠᠨ ᠠᠪᠬᠤ ᠭᠡᠷᠡᠭ᠍ᠳᠡᠢ᠃ (ᠨᠢᠭᠡ ᠪᠠᠭᠰᠢ 《ᠭᠦᠭᠡ ᠮᠤᠩᠭ᠋ᠤᠯ ᠨᠤᠳᠤᠭ》 ᠭᠡᠭᠦ ᠰᠢᠯᠦᠭ᠌ ᠢ ᠥᠨᠡᠭᠡᠷ ᠰᠠᠢ᠌ᠬᠠᠨ ᠵᠢᠭᠠᠭᠠᠤᠨ᠂ ᠪᠠᠳᠤᠤᠠᠬᠠᠯ ᠭᠢᠭᠦ ᠡᠭᠦᠳᠡᠨ ᠡᠴᠡ ᠨᠢᠭᠡ ᠰᠤᠷᠤᠭᠴᠢ ᠶᠢ ᠨᠠᠷ᠎ᠠ ᠳᠤᠷᠠᠳᠤᠨ ᠲ᠋ᠤᠰ ᠰᠢᠯᠦᠭ᠌ ᠤᠨ ᠳᠠᠭᠤᠤ ᠶᠢ ᠳᠠᠭᠤᠯᠠᠭᠤᠯᠬᠤ ᠭᠡᠰᠡᠨ ᠴᠢᠨᠢ ᠪᠠᠢ᠌ᠵᠢ ᠦᠦ︕ ᠳᠠᠷᠠ ᠰᠤᠷᠤᠭᠴᠢ ᠪᠣᠰᠤᠮᠠᠭᠴᠠ᠂ ᠦᠪᠡᠷ ᠤᠨ ᠰᠠᠢ᠌ᠨ ᠮᠡᠳᠡᠳᠡᠭ᠌᠂ ᠬᠤᠩ ᠮᠸᠢ ᠶᠢᠨ ᠳᠠᠭᠤᠯᠠᠳᠠᠭ 《ᠶᠢᠨ ᠯᠢᠶᠠᠩ》᠊ᠢ ᠳᠠᠭᠤᠯᠴᠢᠬᠠᠪᠠ᠃ ᠡᠢ᠌ᠮᠦᠷᠭᠦ ᠭᠡᠨᠡᠳᠲᠡ ᠶᠢᠨ ᠶᠠᠪᠣᠳᠠᠯ ᠤᠨ ᠳᠤᠬᠠᠢ ᠪᠣᠳᠤᠯᠭᠢᠯᠠᠯ ᠦᠭᠡᠶ ᠪᠣᠯᠤᠨᠤ ︖ ᠭᠡᠷᠪᠡ ᠰᠤᠷᠤᠭᠴᠢ ᠪᠠᠷ 《ᠭᠦᠭᠡ ᠮᠤᠩᠭ᠋ᠤᠯ ᠨᠤᠳᠤᠭ》᠊ᠢ ᠳᠠᠭᠤᠯᠠᠭᠤᠯᠬᠤ ᠭᠡᠰᠡᠨ ᠪᠣᠯ ᠳᠡᠭᠦᠨ ᠤ ᠳᠤᠬᠠᠢ ᠴᠢᠮᠡᠭᠡ ᠵᠠᠩᠭᠢ ᠪᠠ ᠰᠦᠪᠡᠭᠴᠢ ᠶᠢ ᠰᠤᠷᠤᠭᠴᠢᠳ ᠲᠤ ᠬᠠᠩᠭ᠋ᠠᠭᠰᠠᠨ ᠪᠣᠯ ᠵᠤᠭᠢᠨ᠎ᠠ)᠃

ᠳᠦᠷᠪᠠᠳᠦᠭᠡᠷ ᠲᠤ᠂ ᠨᠢᠭᠡ ᠪᠠᠭᠰᠢ 《ᠣᠢ ᠳᠠᠢ᠌ᠭ᠎ᠠ ᠶᠢᠨ ᠡᠵᠡᠨ》 ᠭᠡᠭᠦ ᠭᠢᠴᠢᠶᠠᠯ ᠢ ᠭᠦᠮᠤᠨ ᠪᠠᠢ᠌ᠭᠠᠯᠢ ᠨᠠᠢ᠌ᠷᠠᠮᠳᠠᠭᠤ ᠣᠷᠤᠰᠢᠬᠤ ᠰᠠᠨᠠᠭ᠎ᠠ ᠪᠠᠷ ᠵᠢᠭᠠᠭᠰᠠᠨ᠂ 《ᠬᠠᠳᠠᠭᠤ ᠭᠡᠴᠡᠭᠦᠤ ᠣᠷᠴᠢᠨ ᠳᠤᠭᠤᠷᠢᠨ ᠳᠤ ᠭᠡᠷᠭᠢᠨ ᠣᠷᠤᠰᠢᠨ ᠳᠤᠭᠳᠠᠨᠢᠬᠤ ᠳᠤᠬᠠᠢ ᠨᠢᠭᠡ ᠥᠭᠡ ᠴᠤ ᠳᠤᠷᠠᠳᠤᠭᠰᠠᠨ ᠦᠭᠡᠶ᠂ ᠥᠨᠡᠭᠡᠷ ᠬᠠᠷᠠᠮᠰᠠᠯᠳᠠᠢ᠃ ᠡᠢ᠌ᠮᠤ ᠡᠴᠡ ᠪᠠᠭᠰᠢ ᠨᠡᠷ ᠭᠢᠴᠢᠶᠠᠯ ᠲᠦᠷᠦᠯ ᠤᠨ ᠮᠡᠳᠡᠯᠭᠡ ᠶᠢᠨ ᠭᠢᠷᠢ ᠲᠦᠪᠰᠢᠨ᠂ ᠭᠢᠴᠢᠶᠠᠯ ᠲᠦᠷᠦᠯ ᠠᠯᠤᠰᠯᠠᠭᠰᠠᠨ ᠮᠡᠳᠡᠯᠭᠡ ᠪᠠ ᠶᠡᠷᠦᠩᠭᠡᠢ᠌ᠯᠡᠭ᠍ᠰᠡᠨ ᠮᠡᠳᠡᠯᠭᠡ ᠶᠢᠨ ᠭᠢᠷᠢ ᠲᠦᠪᠰᠢᠨ ᠶᠢᠡᠨ ᠳᠠᠰᠤᠷᠠᠯᠳᠠ ᠦᠭᠡᠶ ᠳᠡᠭᠡᠭ᠍ᠰᠢᠯᠡᠭᠦᠯᠭᠦ ᠭᠡᠷᠡᠭ᠍ᠳᠡᠢ᠃ ᠵᠢᠭᠠᠬᠤ ᠠᠷᠭ᠎ᠠ ᠪᠠᠨ ᠥᠭᠡᠷᠡᠴᠢᠯᠡᠨ ᠰᠤᠷᠤᠭᠴᠢ ᠶᠢᠨ ᠢᠳᠠᠪᠭᠢᠵᠢᠯ ᠢ ᠳᠠᠢ᠌ᠴᠢᠯᠠᠨ᠂ ᠰᠤᠷᠤᠯᠴᠠᠭ᠎ᠠ ᠳᠤ ᠭᠦᠳᠡᠯᠦᠩᠭᠢ ᠪᠠᠷ ᠣᠷᠤᠯᠴᠠᠬᠤ ᠵᠠᠪᠰᠢᠶᠠᠨ ᠣᠯᠭᠤᠵᠤ ᠪᠠᠶᠠᠴᠢ ᠢᠯᠡᠷᠡᠭᠦᠯᠦᠯ ᠢ ᠵᠤᠷᠢᠭᠵᠢᠭᠤᠯᠵᠤ ᠰᠤᠷᠤᠭᠴᠢ ᠶᠢᠨ ᠡ᠊ᠨᠳᠡᠭᠦᠷᠡᠯ ᠳᠤ ᠵᠦᠪ ᠬᠠᠠᠳᠤᠬᠤ ᠭᠡᠷᠡᠭ᠍ᠳᠡᠢ᠃ ᠣᠩᠰᠢᠯᠭ᠎ᠠ ᠶᠢᠨ ᠳᠤᠮᠳᠠ ᠪᠠᠨ ᠰᠤᠷᠤᠯᠴᠠᠬᠤ᠂ ᠠᠰᠠᠭᠤᠳᠠᠯ ᠢ ᠪᠠᠶ᠎ᠠ ᠪᠠᠨ ᠳᠠᠭᠠᠭᠠᠵᠤ ᠰᠢ᠌ᠳᠪᠦᠷᠢᠯᠡᠭᠦ ᠳᠠᠳᠬᠠᠯ ᠲᠡᠶ ᠪᠣᠯᠭᠠᠬᠤ ᠭᠡᠷᠡᠭ᠍ᠳᠡᠢ᠃ ᠡᠭᠦᠨ ᠳᠤ ᠰᠤᠷᠤᠭᠴᠢ ᠵᠢᠨ《ᠨᠠᠵᠠᠭᠠᠢ᠂ ᠭᠦᠯᠢᠶᠡᠭᠦ᠂ ᠪᠢᠳᠡᠭᠦᠮᠵᠢᠯᠡᠭ᠍ᠰᠡᠨ ᠪᠠᠢ᠌ᠳᠠᠯ ᠢ ᠥᠭᠡᠷᠡᠴᠢᠯᠡᠨ ᠰᠤᠷᠤᠭᠴᠢ ᠶᠢᠨ ᠭᠤᠤᠯ ᠴᠤᠭᠴᠠᠳᠤ ᠪᠠᠢ᠌ᠷᠢ ᠶᠢ ᠪᠠᠳᠤᠯᠠᠵᠤ᠂ ᠳᠠᠳᠠᠨ ᠤ ᠡᠭᠦᠳᠤᠨ ᠪᠦᠳᠦᠭᠡᠭᠦ ᠣᠬᠠᠮᠰᠠᠷ ᠪᠣᠯᠤᠨ ᠥᠢᠯᠡᠳᠦᠯᠭᠡ ᠶᠢᠨ ᠴᠢᠳᠠᠪᠣᠷᠢ ᠶᠢ ᠳᠡᠭᠡᠭ᠍ᠰᠢᠯᠡᠭᠦᠯᠤᠨ ᠬᠠᠮᠳᠤᠷᠠᠨ ᠠᠵᠢᠯᠯᠠᠬᠤ ᠳᠠᠳᠬᠠᠯ ᠲᠡᠶ ᠪᠣᠯᠭᠠᠬᠤ ᠭᠡᠷᠡᠭ᠍ᠳᠡᠢ᠃ ᠢᠩᠭᠢᠭᠦ ᠳᠤ ᠭᠤᠷᠪᠠᠨ ᠵᠣᠢ᠌ᠯ ᠰᠤᠷᠤᠯᠴᠠᠯᠭ᠎ᠠ ᠶᠢᠨ ᠠᠷᠭ᠎ᠠ ᠊᠊᠊᠊᠊᠊᠊᠊᠊᠊᠊᠊᠊᠊᠊ ᠡᠵᠡᠨ ᠮᠡᠳᠡᠭ᠍ᠰᠡᠨ ᠰᠤᠷᠤᠯᠴᠠᠯᠭ᠎ᠠ᠂ ᠬᠠᠢ᠌ᠨ ᠰᠥᠪᠴᠢᠯᠡᠭᠦ ᠰᠤᠷᠤᠯᠴᠠᠯᠭ᠎ᠠ᠂ ᠬᠤᠷᠰᠢᠭᠰᠠᠨ ᠰᠤᠷᠤᠯᠴᠠᠯᠭ᠎ᠠ ᠶᠢ ᠡᠷᠭᠢᠮᠯᠡᠨ᠂ ᠡᠵᠡᠨ ᠮᠡᠳᠡᠭ᠍ᠰᠡᠨ ᠰᠤᠷᠤᠯᠴᠠᠯᠭ᠎ᠠ ᠪᠣᠯᠤᠨ ᠵᠢᠯᠤᠭᠤᠳᠤᠯᠭᠠᠳᠤ ᠰᠤᠷᠤᠯᠴᠠᠯᠭ᠎ᠠ᠂ ᠬᠠᠢ᠌ᠨ ᠰᠥᠪᠴᠢᠯᠡᠭᠦ ᠰᠤᠷᠤᠯᠴᠠᠯᠭ᠎ᠠ ᠪᠣᠯᠤᠨ ᠭᠦᠯᠢᠶᠡᠨ ᠠᠪᠬᠤ ᠰᠤᠷᠤᠯᠴᠠᠯᠭ᠎ᠠ᠂ ᠬᠤᠷᠰᠢᠭᠰᠠᠨ ᠰᠤᠷᠤᠯᠴᠠᠯᠭ᠎ᠠ ᠪᠣᠯᠤᠨ ᠪᠠᠶ᠎ᠠ ᠪᠠᠨ ᠳᠠᠭᠠᠭᠠᠭᠰᠠᠨ ᠰᠤᠷᠤᠯᠴᠠᠭ᠎ᠠ ᠵᠡᠷᠭᠡ ᠶᠢᠨ ᠬᠤᠭᠤᠷᠤᠠᠳᠤᠭᠢ ᠬᠠᠷᠢᠴᠠᠭ᠎ᠠ ᠶᠢ ᠵᠦᠪ ᠰᠢ᠌ᠳᠪᠦᠷᠢᠯᠡᠭᠦ ᠭᠡᠷᠡᠭ᠍ᠳᠡᠢ᠃

ᠳᠠᠪᠣᠳᠤᠭᠠᠷ ᠲᠤ᠂ ᠭᠢᠴᠢᠶ‍ᠡᠯ ᠤᠨ ᠠᠭᠤᠯᠭ᠎ᠠ ᠶᠢ ᠳᠠᠭᠢᠨ ᠢᠯᠡᠷᠡᠭᠦᠯᠭᠦ᠂ ᠵᠠᠭᠤᠴᠢᠯᠠᠭᠤᠷ ᠠᠰᠢᠭᠯᠠᠬᠤ ᠪᠠ ᠭᠢᠴᠢᠶᠡᠯᠯᠡᠭᠡ ᠳ᠋ᠠᠭᠢ ᠭᠦᠳᠡᠯᠭᠡᠭᠡᠨ ᠳᠤᠭᠢᠷᠠᠭᠤᠯᠬᠤ ᠳᠠᠭᠠᠨ ᠵᠦᠢ ᠵᠤᠭᠢᠰ ᠭᠡᠮ ᠭᠡᠮᠵᠢᠶ᠎ᠡ ᠶᠢ ᠠᠩᠬᠠᠷᠠᠬᠤ ᠭᠡᠷᠡᠭ᠍ᠳᠡᠢ᠃ ᠭᠢᠴᠢᠶᠠᠯ ᠤᠨ ᠠᠭᠤᠯᠭ᠎ᠠ ᠶᠢ ᠳᠠᠭᠢᠨ ᠢᠯᠡᠷᠡᠭᠦᠯᠭᠦ ᠳᠡᠭᠡᠨ ᠰᠤᠷᠤᠭᠴᠢ ᠶᠢᠨ ᠠᠮᠢᠳᠤᠷᠠᠯ ᠤᠨ ᠣᠷᠴᠢᠨ ᠪᠠ ᠭᠢᠴᠢᠶᠡᠯᠯᠡᠭᠡ ᠶᠢᠨ ᠣᠷᠴᠢᠨ ᠢ ᠦᠡᠳᠦᠰᠦᠯᠡᠨ ᠵᠢᠱᠢᠶ᠎ᠠ ᠶᠢ ᠰᠤᠯᠢᠬᠤ᠂ ᠭᠤᠤᠯ ᠰᠠᠳᠤᠪ ᠢ ᠳᠠᠯᠠᠨ ᠦᠷᠭᠡᠳᠭᠡᠭᠦ ᠵᠠᠭᠤᠴᠢᠯᠠᠭᠤᠷ ᠠᠰᠢᠭᠯᠠᠬᠤ ᠳᠠᠭᠠᠨ ᠭᠦᠡᠵᠢᠯᠡ ᠶᠢᠨ ᠭᠢᠷᠢ ᠪᠠᠷ ᠭᠦᠯ ᠶᠢᠡᠨ ᠵᠢᠭᠢᠭᠦ ᠵᠠᠷᠴᠢᠮ ᠢ ᠪᠠᠷᠢᠮᠳᠠᠯᠠᠬᠤ᠂ ᠭᠢᠴᠢᠶᠡᠯᠯᠡᠭᠡ ᠳᠠᠭᠢ ᠭᠦᠳᠡᠯᠭᠡᠭᠡᠨ ᠳᠤᠭᠢᠷᠠᠭᠤᠯᠬᠤ ᠳᠠᠭᠠᠨ ᠭᠡᠷᠡᠭ᠍ᠴᠡᠭᠡ ᠣᠢ᠌ᠯᠠᠳᠤᠯ ᠡᠴᠡ ᠪᠠᠨ ᠡᠭᠦᠰᠭᠦ ᠭᠡᠷᠡᠭ᠍ᠳᠡᠢ᠃ ᠵᠢᠱᠢᠶᠠᠯᠠᠪᠠᠯ ᠄ ᠥᠵᠡᠭᠦᠯᠵᠤ ᠥᠵᠡᠭᠦ ᠨᠢ ᠢᠯᠡᠷᠡᠭᠦᠯᠭᠦ ᠶᠢᠨ ᠳᠦᠯᠦᠭᠡ᠂ ᠭᠢᠯᠭᠡᠵᠤ ᠥᠵᠡᠭᠦ ᠨᠢ ᠪᠠᠶᠠᠴᠢᠯᠠᠨ ᠣᠢ᠌ᠯᠠᠭᠠᠭᠤᠯᠬᠤ ᠶᠢᠨ ᠳᠦᠯᠦᠭᠡ᠂ ᠬᠠᠷᠢᠴᠠᠭᠤᠯᠤᠯᠵᠤ ᠥᠵᠡᠭᠦ ᠨᠢ ᠢᠯᠭᠠᠭᠠᠭᠤᠯᠬᠤ ᠶᠢᠨ ᠳᠦᠯᠦᠭᠡ᠂ ᠮᠠᠷᠭᠤᠯᠳᠠᠭᠤᠯᠵᠤ ᠥᠵᠡᠭᠦ ᠨᠢ ᠭᠦᠡᠵᠡᠭᠡᠢ᠌ᠷᠡᠭᠦᠯᠭᠦ ᠶᠢᠨ ᠳᠦᠯᠦᠭᠡ᠃ ᠣᠯᠠᠨ ᠵᠣᠢ᠌ᠯ ᠤᠨ ᠭᠦᠳᠡᠯᠭᠡᠭᠡᠨ ᠨᠢ ᠰᠤᠷᠤᠭᠴᠢ ᠶᠢᠨ ᠰᠡᠳᠭᠢᠭᠦᠢ ᠶᠢᠨ ᠭᠦᠭ᠍ᠵᠢᠯᠳᠡ ᠶᠢ ᠠᠭᠢᠭᠤᠯᠬᠤ ᠣᠢ᠌ᠯᠠᠳᠤᠯ ᠲᠡᠶ᠃ ᠭᠡᠳᠡᠯ᠎ᠡ ᠵᠤᠭᠢᠰ ᠦᠭᠡᠶ ᠭᠡᠷᠡᠭᠯᠡᠪᠠᠯ ᠭᠡᠳᠡᠷᠭᠦ ᠣᠢ᠌ᠯᠠᠳᠤᠯ ᠭᠠᠷᠭᠠᠳᠠᠭ᠃

ᠵᠢᠷᠭᠤᠳᠤᠭᠠᠷ ᠲᠤ᠂ ᠣᠩᠰᠢᠯᠭ᠎ᠠ ᠶᠢᠨ ᠳᠤᠮᠳᠠ ᠰᠤᠷᠤᠯᠴᠠᠬᠤ᠃ ᠣᠩᠰᠢᠯᠭ᠎ᠠ ᠪᠣᠯ ᠰᠤᠷᠭᠠᠨ ᠭᠦᠮᠦᠵᠢᠯ ᠤᠨ ᠭᠤᠤᠯ ᠠᠭᠤᠯᠭ᠎ᠠ ᠪᠣᠯᠤᠨ᠎ᠠ᠂ ᠡᠯ᠎ᠡ ᠲᠦᠷᠦᠯ ᠭᠢᠴᠢᠶᠠᠯ ᠤᠨ ᠮᠡᠳᠡᠯᠭᠡ ᠨᠢ ᠴᠦᠮ ᠣᠩᠰᠢᠯᠭ᠎ᠠ ᠪᠠᠷ ᠳᠠᠮᠵᠢᠨ ᠣᠯᠠᠮᠵᠢᠯᠠᠭᠳᠠᠳᠠᠭ᠃ ᠥᠭᠡᠷ᠎ᠡ ᠪᠠᠷ ᠭᠡᠯᠡᠪᠠᠯ᠂ ᠣᠩᠰᠢᠯᠭ᠎ᠠ ᠪᠣᠯ ᠣᠳᠤᠭᠢ ᠠᠮᠢᠳᠤᠷᠠᠯ ᠳᠤᠮᠳᠠᠭᠢ ᠬᠠᠮᠤᠭ ᠴᠢᠬᠤᠯᠠ ᠡᠯᠧᠮᠧᠨ᠋ᠲ ᠪᠣᠯᠤᠨ᠎ᠠ᠃ ᠡᠢ᠌ᠮᠤ ᠡᠴᠡ ᠣᠯᠠᠮᠵᠢᠯᠠᠯᠳᠤ ᠣᠩᠰᠢᠯᠭ᠎ᠠ ᠶᠢᠨ ᠦᠵᠡᠯᠳᠠ ᠪᠠᠨ ᠬᠤᠪᠢᠷᠠᠭᠤᠯᠵᠤ ᠬᠠᠷᠠᠯᠳᠠ ᠪᠠᠨ ᠳᠤᠳᠤ ᠪᠣᠯᠭᠠᠵᠤ᠂ ᠰᠤᠷᠤᠭᠴᠢ ᠶᠢ ᠵᠢᠯᠤᠭᠤᠳᠤᠨ ᠣᠩᠰᠢᠯᠭ᠎ᠠ ᠶᠢᠨ ᠳᠤᠮᠳᠠ ᠰᠤᠷᠤᠯᠴᠠᠬᠤ ᠳᠠᠳᠬᠠᠯ ᠲᠡᠶ ᠪᠣᠯᠭᠠᠬᠤ ᠭᠡᠷᠡᠭ᠍ᠳᠡᠢ᠃ ᠣᠩᠰᠢᠯᠭ᠎ᠠ ᠶᠢᠨ ᠭᠦᠷᠢᠶ᠎ᠡ ᠭᠡᠪᠴᠢᠶ᠎ᠡ ᠪᠠᠨ ᠦᠷᠭᠡᠳᠭᠡᠵᠤ᠂ ᠭᠢᠴᠢᠶᠠᠯ ᠤᠨ ᠠᠭᠤᠯᠭ᠎ᠠ ᠳᠤ ᠳᠠᠯᠠᠯᠳᠠ ᠭᠢᠭᠦ ᠭᠡᠷᠡᠭ᠍ᠳᠡᠢ᠃ ᠣᠩᠰᠢᠯᠭ᠎ᠠ ᠶᠢᠨ ᠵᠢᠭᠠᠨ ᠰᠤᠷᠭᠠᠯᠳᠠ ᠶᠢ ᠵᠥᠪᠭᠡᠨ ᠵᠢᠭᠠᠬᠤ ᠮᠠᠲ᠋ᠸᠷᠢᠶᠠᠯ ᠤᠨ ᠠᠭᠤᠯᠭ᠎ᠠ ᠳᠤ ᠯᠠ ᠭᠢᠵᠠᠭᠠᠷᠯᠠᠭᠳᠠᠭᠤᠯᠤᠭᠠᠤᠨ ᠪᠣᠯᠬᠤ ᠦᠭᠡᠶ ᠪᠠᠰᠠ ᠨᠡᠢ᠌ᠭᠡᠮ ᠪᠠ ᠠᠮᠢᠳᠤᠷᠠᠯ ᠲᠡᠶ ᠣᠶᠠᠯᠳᠠᠭᠤᠯᠬᠤ ᠭᠡᠷᠡᠭ᠍ᠳᠡᠢ᠂ ᠪᠠᠰᠠ ᠭᠢᠴᠢᠶᠠᠯ ᠲᠦᠷᠦᠯ ᠠᠯᠤᠰᠯᠠᠭᠤᠯᠵᠤ ᠡᠯ᠎ᠡ ᠭᠢᠴᠢᠶᠠᠯ ᠲᠦᠷᠦᠯ ᠲᠡᠶ ᠨᠡᠢ᠌ᠳᠭᠡᠭᠦ ᠭᠡᠷᠡᠭ᠍ᠳᠡᠢ᠃

ᠳᠤᠯᠤᠳᠤᠭᠠᠷ ᠲᠤ᠂ ᠭᠦᠳᠡᠯᠭᠡᠭᠡᠨ ᠤ ᠳᠠᠯᠠᠪᠠᠢ ᠬᠠᠩᠭ᠋ᠠᠬᠤ᠃ ᠳᠠᠷᠤᠢ ᠡᠭᠡ ᠭᠡᠯᠡᠨ ᠤ ᠭᠡᠷᠡᠭᠯᠡᠯᠳᠡ ᠶᠢᠨ ᠳᠠᠯᠠᠪᠠᠢ ᠬᠠᠩᠭ᠋ᠠᠬᠤ ᠶᠠᠪᠣᠳᠠᠯ ᠪᠣᠯᠤᠨ᠎ᠠ᠃ ᠵᠢᠱᠢᠶᠠᠯᠠᠪᠠᠯ ᠄ ᠭᠢᠴᠢᠶᠠᠯ ᠤᠨ ᠠᠭᠤᠯᠭ᠎ᠠ ᠶᠢ ᠳᠠᠪᠳᠠᠨ ᠶᠠᠷᠢᠬᠤ ᠣᠷᠤᠯᠳᠤᠭᠠᠨ᠂ ᠶᠠᠷᠢᠶᠠᠨ ᠤ ᠣᠷᠤᠯᠳᠤᠭᠠᠨ᠂ ᠤᠷᠠᠨ ᠳᠤᠳᠤ ᠣᠩᠰᠢᠯᠭ᠎ᠠ ᠶᠢᠨ ᠣᠷᠤᠯᠳᠤᠭᠠᠨ᠂ ᠵᠤᠬᠢᠶᠠᠨ ᠪᠢᠴᠢᠯᠭᠡ ᠶᠢᠨ ᠣᠷᠤᠯᠳᠤᠭᠠᠨ᠂ ᠨᠤᠮ ᠴᠤᠭᠯᠠᠭᠤᠯᠵᠤ ᠳᠠᠨᠢᠯᠴᠠᠭᠤᠯᠬᠤ ᠣᠷᠤᠯᠳᠤᠭᠠᠨ᠂ ᠨᠤᠮ ᠣᠩᠰᠢᠭᠰᠠᠨ ᠳᠦᠷᠦᠭ᠍ᠳᠡᠯ ᠪᠢᠴᠢᠭᠦ ᠣᠷᠤᠯᠳᠤᠭᠠᠨ ᠵᠡᠷᠭᠡ ᠭᠦᠳᠡᠯᠭᠡᠭᠡᠨ ᠤ ᠳᠠᠯᠠᠪᠠᠢ ᠬᠠᠩᠭ᠋ᠠᠬᠤ ᠭᠡᠷᠡᠭ᠍ᠳᠡᠢ᠃

ᠶᠡᠷᠦᠩᠭᠡᠢ᠌ᠯᠡᠪᠠᠯ᠂ ᠬᠡᠦᠬᠡᠳ ᠲᠤ ᠭᠠᠭᠴᠠ ᠭᠦ ᠲᠦᠷᠦᠯᠭᠢ ᠭᠡᠯᠡ ᠪᠠ ᠡᠭᠡ ᠭᠡᠯᠡᠨ ᠤ ᠭᠢᠨᠢ ᠰᠤᠶᠤᠯ ᠤᠨ ᠰᠢᠮ᠎ᠠ ᠳᠡᠵᠢᠭᠡᠯ ᠢ ᠨᠡᠪᠴᠢᠭᠦᠯᠪᠠᠯ ᠰᠠ‍‌ᠶᠢ ᠳᠠᠳᠠᠨ ᠤ ᠳᠤᠳᠤᠭᠠᠳᠤ ᠰᠡᠳᠭᠢᠯ ᠳ᠋ᠤᠨᠢ ᠳᠤᠰ ᠦᠨᠳᠦᠰᠦᠳᠠᠨ ᠤ ᠭᠢᠨᠢ ᠰᠤᠶᠤᠯ ᠤᠨ ᠭᠧᠨ ᠨᠠᠪᠳᠠᠷᠠᠵᠤ᠂ ᠣᠶᠤᠨ ᠰᠠᠨᠠᠭᠠᠨ ᠳ᠋ᠤᠨᠢ ᠭᠦᠨ ᠳᠠᠮᠠᠭᠠᠯᠠᠯᠳᠠᠢ ᠪᠣᠯᠵᠤ ᠴᠢᠳᠠᠬᠤ ᠶᠤᠮ᠃ ᠡᠭᠡ ᠭᠡᠯᠡ ᠨᠢ ᠮᠦᠨ ᠴᠤ ᠪᠣᠳᠠᠭᠠᠯᠢ ᠪᠠᠶ᠎ᠠ ᠶᠢᠨ ᠣᠶᠤᠨ ᠰᠠᠨᠠᠭᠠᠨ ᠤ ᠭᠡᠷᠡᠴᠢ ᠳᠡᠮᠳᠡᠭ᠌ ᠮᠥᠷᠳᠡᠭᠡᠨ ᠨᠢᠭᠡᠨ ᠦᠨᠳᠦᠰᠦᠳᠠᠨ ᠤ ᠨᠠᠷ᠎ᠠ ᠶᠢᠨ ᠬᠠᠭᠤᠳᠠᠰᠤ ᠪᠣᠯᠬᠤ ᠶᠤᠮ᠃ ᠡᠭᠡ ᠭᠡᠯᠡ ᠨᠢ ᠳᠤᠬᠠᠢ ᠶᠢᠨ ᠦᠨᠳᠦᠰᠦᠳᠠᠨ ᠤ ᠪᠠᠨ ᠨᠠᠢ᠌ᠳᠠ ᠶᠢᠨ ᠭᠡᠯᠡ ᠪᠣᠯᠤᠭᠰᠠᠨ ᠤ ᠬᠤᠪᠢ ᠳᠤ᠂ ᠳᠤᠰ ᠦᠨᠳᠦᠰᠦᠳᠠᠨ ᠤ ᠪᠠᠨ ᠶᠡᠭᠡ ᠭᠡᠷ ᠪᠦᠯᠢ ᠶᠢᠨ ᠮᠥᠩᠭᠡ ᠣᠷᠤᠰᠢᠬᠤ ᠠᠮᠢᠵᠢᠷᠠᠯ ᠤᠨ ᠰᠤᠳᠠᠰᠤ ᠪᠣᠯᠬᠤ ᠮᠥᠷᠳᠡᠭᠡᠨ ᠪᠠᠰᠠ ᠭᠡᠮᠵᠢᠶᠡᠯᠡᠰᠢ ᠦᠭᠡᠶ ᠨᠢᠭᠳᠠᠷᠠᠭᠤᠯᠬᠤ ᠭᠦᠴᠤ ᠪᠠ ᠳᠠᠳᠠᠬᠤ ᠭᠦᠴᠤᠨ ᠲᠡᠶ ᠶᠤᠮ᠃ ᠡᠭᠡ ᠭᠡᠯᠡᠨ ᠤ ᠪᠠᠨ ᠵᠢᠭᠠᠨ ᠰᠤᠷᠭᠠᠯᠳᠠ ᠶᠢᠨ ᠳᠠᠷᠬᠠᠨ ᠡᠭᠦᠷᠭᠡ ᠶᠢ ᠬᠠᠷᠢᠭᠤᠴᠠᠵᠤ ᠪᠠᠢ᠌ᠭ᠎ᠠ ᠪᠢᠳᠠ ᠡᠭᠦᠷᠭᠡ ᠬᠠᠷᠢᠭᠤᠴᠠᠯᠭ᠎ᠠ ᠪᠠᠨ ᠳᠤᠳᠤᠷᠬᠠᠢ ᠮᠠᠳᠠᠵᠤ ᠣᠬᠠᠮᠰᠠᠷ ᠡᠴᠡ ᠪᠠᠨ ᠵᠢᠭᠠᠨ ᠰᠤᠷᠭᠠᠬᠤ ᠠᠷᠭ᠎ᠠ ᠮᠡᠷᠭᠡᠵᠢᠯ ᠶᠢᠡᠨ ᠳᠠᠰᠤᠷᠠᠯᠳᠠ ᠦᠭᠡᠶ ᠳᠡᠭᠡᠭ᠍ᠰᠢᠯᠡᠭᠦᠯᠵᠤ᠂ ᠦᠨᠳᠦᠰᠦᠳᠠᠨ ᠤ ᠬᠣᠢ᠌ᠴᠢᠰ ᠶᠢᠡᠨ ᠪᠦᠷᠢᠨ ᠳᠦᠭᠦᠷ ᠭᠦᠮᠤᠨ ᠮᠦᠰᠤ ᠲᠡᠶ ᠥᠷᠭᠦᠯᠵᠢᠯᠡᠨ ᠭᠦᠭ᠍ᠵᠢᠭᠦ ᠴᠢᠳᠠᠪᠣᠷᠢ ᠲᠡᠶ ᠪᠣᠯᠭᠠᠨ ᠭᠦᠮᠦᠵᠢᠭᠦᠯᠵᠤ᠂ ᠳᠠᠳᠠᠨ ᠤ ᠨᠠᠰᠤᠨ ᠳᠤᠷᠰᠢᠳᠠ ᠶᠢᠨ ᠵᠤᠯ ᠵᠢᠷᠭᠠᠯᠳᠤ ᠠᠮᠢᠳᠤᠷᠠᠯ ᠳ᠋ᠤᠨᠢ ᠪᠠᠳᠤ ᠰᠠᠭᠤᠷᠢ ᠳᠠᠯᠪᠢᠬᠤ ᠭᠡᠷᠡᠭ᠍ᠳᠡᠢ ︕


ᠵᠤᠬᠢᠶᠠᠭᠴᠢ ᠶᠢᠨ ᠬᠠᠶ‍ᠢᠭ ᠄ ᠲᠦᠩᠯᠢᠶᠤᠤ ᠬᠤᠳᠠ ᠶᠢᠨ ᠵᠠᠷᠤᠳ ᠬᠤᠰᠢᠭᠤᠨ ᠤ ᠯᠦᠪᠧᠢ ᠪᠠᠯᠭᠠᠰᠤ

ᠵᠤᠬᠢᠶᠠᠭᠴᠢ᠄ ᠠᠮᠢᠳᠤ ᠣᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠪᠠᠭᠰᠢ ᠶᠢᠨ ᠬᠠᠨᠢ
ᠳᠠᠷᠤᠮ᠄ 3277
ᠴᠠᠭ᠄ 2010 ᠤᠨ ᠤ 03 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ