ᠠᠯᠳᠠᠵᠤ ᠪᠣᠯᠤᠰᠢ ᠦᠭᠡᠶ ᠨᠤᠳᠤᠭ᠂ ᠭᠡᠯᠡ ᠬᠤᠶᠠᠷ ᠮᠢᠨᠢ ᠁

ᠭᠡᠳᠤᠨ ᠡᠳᠦᠷ ᠤᠨ ᠡᠮᠦᠨ᠎ᠡ ᠠᠬ᠎ᠠ ᠡᠴᠡ ᠣᠳᠠᠰᠤ ᠢᠷᠡᠭᠦᠯᠵᠤ ᠮᠠᠯ ᠶᠢᠡᠨ ᠪᠦᠭᠦᠨ ᠢ ᠬᠤᠳᠠᠯᠳᠤᠴᠢᠬᠠᠯ᠎ᠠ ᠭᠡᠨ᠎ᠡ᠃ ᠵᠢᠯ ᠳᠠᠷᠠᠭᠠᠯᠠᠨ ᠭᠠᠩ ᠬᠠᠭᠤᠷᠠᠢ ᠪᠣᠯᠵᠤ ᠪᠠᠯᠴᠢᠭᠡᠷ ᠡᠪᠠᠰᠤ ᠦᠭᠡᠶ ᠳᠤᠯᠠ ᠬᠠᠰᠢᠶᠠᠯᠠᠨ ᠳᠡᠵᠢᠭᠡᠵᠤ ᠪᠣᠷᠳᠤᠭᠤᠷ ᠭᠡᠳᠡᠯ᠎ᠡ ᠡᠪᠠᠰᠤ ᠭᠡᠳ ᠪᠣᠳᠤᠪᠠᠯ ᠮᠠᠯ ᠨᠢ ᠮᠠᠯ ᠶᠢᠡᠨ ᠢᠳᠡᠭᠡᠳ ᠪᠠᠰᠠ ᠭᠦᠷᠭᠦ ᠦᠭᠡᠶ ᠭᠡᠵᠤ ᠶᠠᠷᠢᠵᠤ ᠪᠠᠢ᠌ᠯ᠎ᠠ᠃ ᠡᠭᠦᠨ ᠢ ᠨᠢ ᠰᠤᠨᠤᠰᠠᠭᠠᠤᠨ ᠮᠢᠨᠤ ᠰᠡᠳᠭᠢᠯ ᠨᠢᠭᠡ ᠯᠠ ᠡᠮᠵᠢᠭ᠍ᠭᠡᠨ ᠪᠣᠯᠵᠤ ᠠᠪᠣᠯ᠎ᠠ᠃ ᠠᠬ᠎ᠠ ᠮᠢᠨᠢ ᠮᠠᠯᠴᠢᠨ ᠭᠦᠮᠤᠨ ᠭᠡᠳ ᠯᠠ 《ᠮᠠᠯ᠂ ᠮᠠᠯ》 ᠭᠡᠳ ᠭᠡᠳᠤᠨ ᠮᠠᠯ ᠤᠨ ᠶᠢᠡᠨ ᠬᠣᠢ᠌ᠨ᠎ᠠ ᠡᠴᠡ ᠭᠦᠶ‍ᠦᠳᠡᠭ᠌ ᠶᠢᠡᠨ ᠣᠳᠤ ᠮᠠᠯ ᠶᠢᠡᠨ ᠪᠦᠭᠦᠨ ᠢ ᠬᠤᠳᠠᠯᠳᠤᠴᠢᠬᠠᠭᠠᠤᠨ ᠭᠠᠷ ᠬᠤᠭᠤᠰᠤᠨ ᠰᠠᠭᠤᠨ᠎ᠠ᠂ ᠬᠤᠵᠢᠮ ᠠᠬ᠎ᠠ ᠮᠢᠨᠢ ᠶᠠᠭᠤ ᠭᠢᠵᠤ ᠶᠠᠭᠠᠭᠢᠵᠤ ᠠᠮᠢᠳᠤᠷᠠᠬᠤ ᠪᠣᠯ ᠡ  ︕

ᠥᠩᠭᠡᠷᠡᠭ᠍ᠰᠡᠨ ᠳᠤ ᠡᠵᠢ ᠠᠪᠣ ᠮᠢᠨᠢ ᠠᠮᠢᠳᠤ ᠰᠡᠷᠡᠭᠦᠨ ᠪᠠᠢ᠌ᠬᠤ ᠳᠤ ᠪᠢᠳᠠ ᠴᠢᠨᠢ ᠳᠦᠷᠭᠦᠮᠴᠢᠯᠡᠪᠠᠯ 《ᠳᠦᠷᠭᠦᠮ ᠳᠡᠭᠡᠨ ᠢᠷᠡᠭ᠍ᠰᠡᠨ ᠭᠡᠦᠭᠡᠨ ᠳᠤᠷ᠎ᠠ ᠪᠠᠷ ᠶᠢᠡᠨ》 ᠭᠡᠵᠤ ᠬᠠᠨᠠᠨ ᠥᠭᠡᠳᠡ ᠭᠦᠯ ᠵᠢᠭᠢᠵᠤ ᠬᠠᠯᠠᠭᠤᠨ ᠬᠤᠨᠢᠨ ᠱᠦᠯᠦ ᠣᠤᠭᠤᠵᠤ ᠪᠠᠶ᠎ᠠ ᠳᠠᠮᠢᠷ ᠰᠡᠯᠪᠢᠳᠡᠭ᠌᠃ ᠬᠤᠶᠠᠷ ᠪᠣᠭᠤᠷᠤᠯ ᠮᠢᠨᠢ ᠠᠬᠠᠰᠢᠷᠠᠵᠤ ᠥᠳᠡᠯᠦᠭᠡᠳ ᠢᠷᠡᠭᠦᠯᠡᠷ ᠠᠬ᠎ᠠ ᠪᠠᠷᠭᠡᠨ ᠤ ᠠᠯᠠᠭ᠎ᠠ ᠬᠠᠷᠠᠵᠤ᠂ ᠦᠷᠤᠮ᠎ᠠ ᠲᠡᠶ ᠬᠤᠭᠤᠯᠠ ᠣᠯᠵᠤ ᠢᠳᠠᠨ᠎ᠠ ᠳ᠋ᠠ ᠭᠡᠵᠤ ᠭᠦᠶ‍ᠦᠳᠡᠭ᠌᠃ ᠡᠵᠢ ᠠᠪᠣ ᠡᠴᠡ ᠪᠠᠨ ᠰᠡᠭᠦᠯᠡᠷ ᠣᠷᠴᠢᠮ ᠤᠨ ᠭᠡᠳᠤᠨ ᠵᠢᠯ ᠳᠦᠷᠭᠦᠮ ᠳᠡᠭᠡᠨ ᠬᠠᠷᠢᠪᠠᠯ ᠬᠤᠷᠢᠶᠠᠨ ᠳ᠋ᠠᠭᠢ ᠭᠡᠳᠤᠨ ᠮᠠᠯ ᠶᠢᠡᠨ ᠨᠢᠳᠤ ᠳᠦᠭᠦᠷᠡᠩ ᠬᠠᠷᠠᠵᠤ᠂ ᠰᠢᠠᠵᠢᠨ ᠰᠢᠠᠵᠢᠨ ᠪᠠᠢ᠌ᠵᠤ ᠄ 《ᠡᠮᠧ ᠶᠢᠨ ᠮᠢᠨᠢ ᠬᠠᠢ᠌ᠷᠠᠳᠠᠢ᠂ ᠮᠢᠯᠠᠩ ᠬᠠᠷ᠎ᠠ ᠡᠴᠡ ᠡᠭᠦᠰᠦᠭ᠍ᠰᠡᠨ》 ᠭᠡᠳᠡᠯ᠎ᠡ 《ᠭᠦᠷᠡᠭ᠍ᠴᠢ ᠦᠨᠢᠶᠠᠨ ᠤ ᠣᠳᠤᠮ᠂ ᠡᠨᠡ ᠴᠢᠨᠢ ︕》 ᠭᠡᠵᠤ ᠢᠯᠪᠢᠨ ᠢᠯᠪᠢᠨ ᠥᠭᠦᠭᠡᠷᠳᠦᠵᠤ᠂ ᠡᠪᠠᠰᠤ ᠢᠳᠠᠵᠤ ᠣᠰᠤ ᠣᠤᠭᠤᠬᠤ ᠳ᠋ᠤᠨᠢ ᠭᠦᠷᠳᠡᠯ᠎ᠡ ᠨᠢᠳᠤ ᠰᠠᠯᠭᠠᠯ ᠦᠭᠡᠶ ᠬᠠᠷᠠᠵᠤ ᠵᠤᠭᠰᠤᠳᠠᠭ᠃ ᠭᠡᠷ ᠲᠤ ᠣᠷᠤᠭᠰᠠᠨ ᠴᠤ ᠡᠮᠧ ᠶᠢᠨ ᠮᠢᠨᠢ ᠭᠡᠷᠡᠭᠯᠡᠵᠤ ᠪᠠᠢ᠌ᠭᠰᠠᠨ ᠰᠠᠪᠠ ᠰᠠᠭᠠᠯᠢ ᠶᠢᠨ ᠵᠣᠢ᠌ᠯ ᠢ ᠨᠢ ᠴᠤ ᠣᠳᠠᠳᠠᠯ᠎ᠠ ᠬᠠᠷᠠᠵᠤ ᠣᠷᠭᠤᠭᠤᠯᠤᠨ ᠪᠣᠳᠤᠳᠠᠭ ᠶᠤᠮ᠃ ᠣᠷᠤᠢ ᠪᠦᠷᠦᠢ ᠬᠤᠷᠢᠶᠠᠨ ᠳ᠋ᠠᠭᠢ ᠮᠠᠯ ᠤᠨ ᠶᠢᠡᠨ ᠭᠡᠪᠢᠭᠦ ᠳᠠᠭᠤᠨ ᠢ ᠴᠢᠩᠨᠠᠵᠤ ᠰᠠᠭᠤᠬᠤ ᠳᠠᠭᠠᠨ 《ᠭᠡᠦᠭᠡ ︕ ᠮᠠᠯ ᠶᠢᠡᠨ ᠬᠤᠷᠢᠴᠢᠵᠠᠢ ᠪᠠ ︖》 ᠭᠡᠭᠦ  ᠡᠮᠧ ᠶᠢᠨ ᠮᠢᠨᠢ ᠳᠠᠨᠢᠯ ᠳᠠᠰᠤᠯ ᠵᠥᠭᠡᠯᠡᠨ ᠳᠠᠭᠤᠨ ᠰᠤᠨᠤᠰᠳᠠᠬᠤ ᠰᠢᠭ ᠪᠣᠯᠬᠤᠯᠠᠷ ᠳᠤᠳᠤᠷ᠎ᠠ ᠨᠢᠭᠡ ᠯᠠ ᠳᠦᠭᠦᠷᠡᠩ ᠪᠣᠯᠳᠠᠭ ᠶᠤᠮ᠃ ᠡᠵᠢ ᠠᠪᠣ ᠪᠠᠨ ᠳᠤᠷᠠᠰᠤᠨ ᠰᠠᠨᠠᠭᠠᠯᠵᠠᠬᠤ ᠪᠦᠷᠢ ᠠᠳᠤᠭᠤ ᠮᠠᠯ ᠦᠪᠡᠷ ᠤᠨ ᠡᠷᠭᠡ ᠦᠭᠡᠶ ᠪᠣᠳᠤᠯ ᠳᠤ ᠣᠷᠤᠵᠤ ᠢᠷᠡᠳᠡᠭ᠌᠃ ᠬᠠᠮᠢᠭ᠎ᠠ ᠨᠢᠭᠡ ᠮᠠᠯ ᠰᠦᠷᠦᠭ᠌ ᠣᠯᠵᠤ ᠦᠵᠡᠪᠠᠯ ᠡᠵᠢ ᠠᠪᠣ ᠪᠠᠨ ᠳᠤᠷᠠᠰᠤᠨ ᠰᠠᠨᠠᠳᠠᠭ ᠨᠢ ᠮᠠᠯᠴᠢᠨ ᠠᠷᠠᠤᠨ ᠤᠨ ᠭᠦᠷᠵᠡᠩ ᠲᠡᠶ ᠭᠦᠷᠢᠶᠡᠨ ᠡᠴᠡ ᠭᠠᠷᠴᠤ ᠢᠷᠡᠭ᠍ᠰᠡᠨ ᠡᠴᠡ ᠯᠠ ᠪᠣᠯᠤᠭᠰᠠᠨ ᠪᠢᠵᠠ᠃

ᠠᠬ᠎ᠠ ᠮᠢᠨᠢ ᠵᠠᠷᠢᠮ ᠳᠠᠭᠠᠨ ᠮᠠᠯ ᠲᠡᠶ ᠪᠠᠨ ᠲᠦᠩᠭᠢᠨᠠᠳᠠᠯ᠎ᠠ ᠵᠤᠭᠤᠭᠳᠠᠵᠤ ᠪᠠᠢ᠌ᠳᠠᠭ ᠶᠤᠮ᠃ ᠳᠡᠳᠡᠭᠡᠷ ᠦᠪᠡᠷ ᠤᠨ ᠭᠠᠷ ᠶᠢᠡᠷ ᠶᠢᠡᠨ ᠠᠷᠠᠴᠢᠯᠠᠵᠤ ᠳᠡᠵᠢᠭᠡᠭ᠍ᠰᠡᠨ ᠮᠠᠯ ᠤᠳ ᠶᠢᠡᠨ 《ᠪᠦᠯᠳᠡᠩ᠂ ᠪᠦᠯᠳᠡᠩ》 ᠭᠢᠯᠭᠢᠭ᠍ᠰᠡᠭᠡᠷ ᠬᠤᠳᠠᠯᠳᠤᠭᠠᠤᠨ ᠶᠠᠪᠣᠭᠤᠯᠬᠤ ᠳᠠᠭᠠᠨ ᠨᠠᠳᠠ ᠡᠴᠡ ᠬᠤᠪᠢ ᠳᠠᠭᠢᠨ ᠰᠡᠳᠭᠢᠯ ᠰᠢᠮᠰᠢᠷᠡᠭ᠍ᠰᠡᠨ ᠪᠠᠢ᠌ᠬ᠎ᠠ ᠳ᠋ᠠ᠃

ᠨᠢᠳᠤᠨᠤᠨ ᠤ ᠨᠢᠭᠡ ᠣᠴᠢᠷ ᠶᠤᠮ᠂   ᠪᠢ ᠣᠷᠤᠢ ᠶᠢᠨ ᠨᠢ᠋ᠮᠠᠨ ᠴᠠᠭ ᠤᠨ ᠦᠶ᠎ᠡ ᠪᠠᠷ ᠵᠤᠷᠰᠢᠯ ᠶᠤᠰᠤᠭᠠᠷ ᠪᠢᠴᠢᠬᠠᠨ ᠷᠠᠳᠢᠤ᠋ ᠪᠠᠨ ᠠᠳᠬᠤᠴᠢᠬᠠᠭᠠᠤᠨ 《ᠭᠦᠳᠡᠭᠡ ᠠᠷᠠᠯ ᠨᠡᠪᠳᠡᠷᠡᠭᠦᠯᠭᠡ》 ᠵᠢ ᠰᠤᠨᠤᠰᠴᠤ ᠵᠠᠮ ᠤᠨ ᠬᠠᠵᠠᠭᠤ ᠪᠠᠷ ᠰᠤᠯᠠ ᠠᠯᠬᠤᠯᠠᠵᠤ ᠪᠠᠢ᠌ᠳᠠᠯ᠎ᠠ ᠵᠠᠮ ᠤᠨ ᠬᠠᠵᠠᠭᠤᠳᠠᠭᠢ᠂ ᠳᠤᠮᠤ ᠬᠤᠭᠤᠯᠠᠨ ᠭᠡᠷ ᠤᠨ ᠡᠭᠦᠳᠡᠨ ᠳᠤ ᠵᠤᠭᠰᠤᠭ᠎ᠠ᠂ ᠳᠦᠭᠦᠷᠳᠡᠯ᠎ᠡ ᠮᠠᠯ ᠳᠡᠭᠡᠭᠡᠭ᠍ᠰᠡᠨ ᠳᠡᠷᠭᠡᠨ ᠳᠡᠭᠡᠷ᠎ᠡ ᠡᠴᠡ ᠨᠢᠭᠡ ᠦᠨᠢᠶ᠎ᠡ ᠮᠢᠨᠤ ᠵᠥᠭ᠌ ᠳᠠᠮᠠᠤᠯᠠᠨ ᠳᠡᠷᠭᠡᠨ ᠤ ᠳᠠᠮᠤᠷ ᠰᠠᠷᠠᠯᠵᠢ ᠶᠢ ᠳᠦᠷᠢᠯᠭᠢᠯᠠᠨ ᠢᠪᠢᠵᠤ᠂ ᠣᠶᠠᠷᠠᠯᠳᠠᠢ ᠮᠥᠭᠡᠷᠦᠭᠦ ᠨᠢ ᠭᠦᠭᠡᠷᠦᠭᠦᠢ᠂ ᠷᠠᠳᠢᠤ᠋ ᠳᠤᠳᠤᠷ᠎ᠠ ᠡᠴᠡ ᠮᠤᠩᠭ᠋ᠤᠯ ᠳᠠᠭᠤᠤ ᠪᠠᠨ ᠣᠯᠵᠤ ᠰᠤᠨᠤᠰᠤᠭᠠᠤᠨ ᠡᠭᠡᠯᠢᠳᠡᠢ ᠰᠠᠨᠠᠭᠳᠠᠭᠰᠠᠨ ᠶᠤᠮ ᠦᠦ ᠡᠰᠡᠭᠦᠯ᠎ᠡ᠂ ᠮᠢᠨᠤ ᠮᠤᠩᠭ᠋ᠤᠯ ᠭᠦᠮᠤᠨ ᠢ  ᠭᠡᠳᠡᠭ᠌ ᠢ ᠳᠠᠨᠢᠴᠢᠬᠠᠭᠠᠤᠨ ᠨᠠᠳᠠ ᠡᠴᠡ ᠠᠪᠣᠷᠠᠯ ᠭᠤᠶᠤᠵᠤ ᠪᠠᠢ᠌ᠭ᠎ᠠ ᠰᠢᠭ ᠰᠠᠨᠠᠭᠳᠠᠬᠤᠯᠠᠷ ᠵᠢᠷᠦᠭᠡ ᠰᠢᠮᠰᠢᠷᠠᠵᠤ ᠳᠡᠮᠳᠡᠭᠯᠡᠯ ᠳᠡᠭᠡᠨ ᠪᠢᠴᠢᠵᠤ ᠳᠠᠯᠪᠢᠭᠰᠠᠨ ᠶᠤᠮ᠃ ᠶᠠᠪᠤᠨ ᠶᠠᠪᠣᠭᠰᠠᠭᠠᠷ ᠮᠠᠨ ᠤ ᠮᠤᠩᠭ᠋ᠤᠯᠴᠤᠳ ᠣᠳᠤᠷ ᠨᠡᠭᠦᠳᠡᠯ ᠭᠡᠵᠤ ᠶᠠᠪᠣᠬᠤ ᠦᠭᠡᠶ ᠡᠪᠠᠰᠤ ᠬᠠᠳᠤᠬᠤ ᠣᠢ᠌ᠯᠠ ᠦᠭᠡᠶ᠂ ᠦᠨᠢᠶ᠎ᠡ ᠰᠠᠭᠠᠵᠤ᠂ ᠰᠠᠭᠠᠯᠢ ᠠᠪᠬᠤ ᠵᠤᠪᠠᠯᠠᠩ ᠦᠭᠡᠶ᠂ ᠪᠣᠳᠠᠭ᠎ᠠ ᠬᠠᠭᠤᠷᠴᠤ ᠢᠩ ᠭᠦᠯᠢᠭᠦ᠂ ᠬᠤᠨᠢ ᠬᠠᠢ᠌ᠴᠢᠯᠠᠵᠤ ᠢᠮᠠᠭ᠎ᠠ ᠰᠠᠮᠨᠠᠬᠤ ᠦᠭᠡᠶ᠂ ᠣᠯᠠᠭᠠᠨ ᠪᠣᠳᠠᠭ᠎ᠠ ᠪᠠᠨ ᠳᠠᠷᠢᠬᠤ ᠦᠭᠡᠶ᠂ ᠦᠷᠤᠮ᠎ᠠ ᠳᠤᠰᠤ ᠪᠠᠨ ᠠᠪᠬᠤ ᠦᠭᠡᠶ᠂ ᠡᠨᠡ ᠪᠦᠭᠦᠨ ᠢ ᠦᠷᠦᠭᠡᠯ ᠤᠨ ᠭᠠᠷ ᠡᠴᠡ ᠬᠤᠳᠠᠯᠳᠤᠨ ᠠᠪᠴᠤ ᠢᠳᠡᠭᠡᠳ ᠣᠳᠠᠵᠤ ᠪᠠᠢ᠌ᠨ᠎ᠠ᠃

《ᠶᠠᠭᠤ ᠬᠤᠪᠣᠷᠳᠠᠪᠠᠯ ᠶᠠᠭᠤ ᠦᠨ᠎ᠡ ᠭᠦᠷᠴᠤ ᠡᠷᠳᠡᠨᠢ ᠪᠣᠯᠤᠨ᠎ᠠ》 ᠴᠠᠭᠠᠨ ᠢᠳᠡᠭᠡᠨ ᠤ ᠵᠣᠢ᠌ᠯ ᠦᠨ᠎ᠡ ᠳᠤ ᠭᠦᠷᠦᠯ᠎ᠡ᠂ ᠰᠤᠷᠤᠭᠰᠠᠨ ᠵᠠᠩᠰᠢᠯ ᠠᠪᠴᠤ ᠢᠳᠡᠭᠦ ᠨᠢ ᠯᠠᠪ ᠡ᠃ ᠬᠤᠨᠢ ᠢᠮᠠᠭ᠎ᠠ ᠪᠠᠨ ᠳᠡᠵᠢᠭᠡᠭᠦ ᠪᠠᠨ ᠪᠣᠯᠢᠯ᠎ᠠ᠂ ᠨᠤᠤᠰᠤ ᠨᠤᠯᠤᠤᠷ ᠦᠨ᠎ᠡ ᠳᠤ ᠭᠦᠷᠦᠨ᠎ᠡ᠂ ᠮᠠᠯ ᠶᠢᠡᠨ ᠬᠤᠳᠠᠯᠳᠤᠭᠠᠤᠨ ᠠᠶᠠᠳᠠᠯ᠎ᠠ᠂ ᠮᠠᠯ ᠤᠨ ᠮᠢᠬ᠎ᠠ ᠦᠨ᠎ᠡ ᠳᠤ ᠭᠦᠷᠦᠯ᠎ᠡ᠃ ᠠᠪᠴᠤ ᠢᠳᠡᠭᠦ ᠦᠭᠡᠶ ᠯᠠ ᠪᠣᠯᠬᠤ ᠦᠭᠡᠶ᠃

ᠮᠠᠯ ᠦᠭᠡᠶ ᠪᠣᠯᠴᠢᠬᠠᠪᠠᠯ ᠬᠠᠯᠴᠠᠭᠠᠢ ᠨᠤᠳᠤᠭ ᠶᠢᠡᠷ ᠶᠠᠭᠤ ᠭᠢᠨ᠎ᠠ᠃ ᠭᠦᠮᠦᠰ ᠨᠤᠳᠤᠭ ᠵᠥᠭ᠌ ᠶᠢᠡᠨ ᠳᠠᠭᠠᠷᠢᠵᠤ ᠮᠥᠩᠭᠦ ᠣᠯᠬᠤ ᠠᠷᠭ᠎ᠠ ᠠᠪᠣᠨ᠎ᠠ᠃ ᠮᠠᠯ ᠶᠢᠡᠨ ᠠᠯᠳᠠᠬᠤ ᠨᠢ ᠪᠠᠢ᠌ᠭᠠᠯᠢ ᠶᠢᠨ ᠭᠠᠮᠰᠢᠭ ᠡᠴᠡ ᠪᠣᠯᠤᠭ ᠭᠡᠶ᠎ᠡ᠂   ᠨᠤᠳᠤᠭ ᠶᠢᠡᠨ ᠪᠣᠤ ᠯᠠ ᠠᠯᠳᠠᠶ᠎ᠠ᠂ ᠣᠯᠠᠭᠠᠨ ᠬᠠᠯᠴᠠᠭᠠᠢ ᠴᠤ ᠡᠪᠦᠭᠡ ᠳᠡᠭᠡᠳᠦᠰ ᠡᠭᠦᠨ ᠤ ᠲᠦᠯᠦᠭᠡ ᠳᠠᠮᠠᠴᠠᠵᠤ ᠢᠷᠡᠭ᠍ᠰᠡᠨ ᠪᠠᠭᠠᠳᠤᠷ᠂ ᠦᠪ ᠵᠠᠯᠭᠠᠬᠤ ᠨᠤᠳᠤᠭ ᠣᠷᠤᠨ ᠢ ᠮᠢᠨᠢ ᠬᠠᠮᠠᠭᠠᠯᠠᠵᠤ ᠢᠷᠡᠭ᠍ᠰᠡᠨ ᠳᠡᠦᠭᠡ ᠳᠠᠢ  ᠰᠢᠤ ᠳ᠋ᠠ ︕ 《ᠠᠯᠳᠠ ᠭᠢᠷᠢ ᠲᠡᠶ ᠭᠠᠵᠠᠷ ᠶᠢᠡᠨ ᠴᠤ ᠪᠢᠳᠡᠭᠡᠢ ᠠᠯᠳᠠ ︕ ᠠᠯᠳᠠ ᠪᠠᠷ ᠴᠤ ᠪᠣᠤ ᠠᠷᠠᠯᠵᠢ ︕》 ᠭᠡᠰᠡᠨ ᠭᠠᠳᠠ ᠮᠠᠢ᠌ᠷᠠᠨ ᠤ ᠥᠭᠡ ᠶᠢ ᠰᠠᠨᠠᠵᠤ ᠶᠠᠪᠣᠶ᠎ᠠ ︕ ᠥᠩᠭᠡᠷᠡᠭ᠍ᠰᠡᠨ ᠳᠡᠦᠭᠡᠨ ᠳᠤ ᠣᠯᠠᠭᠠᠠᠬᠠᠳᠠ ᠬᠤᠳᠠ ᠶᠢᠨ ᠭᠠᠵᠠᠷ ᠨᠤᠳᠤᠭ ᠣᠩᠨᠢᠭᠤᠳ ᠭᠢᠭᠡᠳ ᠪᠠᠷᠠᠭᠤᠨ ᠪᠠᠭᠠᠷᠢᠨ ᠤ ᠵᠤᠰᠠᠯᠠᠩ ᠤᠨ ᠭᠠᠵᠠᠷ ᠪᠠᠢ᠌ᠭᠰᠠ᠃ ᠭᠢᠳᠠᠤᠨ ᠳᠦᠷᠢᠨ ᠣᠷᠤᠵᠤ ᠢᠷᠡᠭᠦᠯᠡᠷ ᠮᠠᠨ ᠤ ᠮᠤᠩᠭ᠋ᠤᠯᠴᠤᠳ ᠵᠠᠢ᠌ᠯᠠᠵᠤ᠂ ᠣᠬᠤᠷᠢᠵᠤ ᠦᠭ‍ᠭᠦᠭ᠍ᠰᠡᠭᠡᠷ ᠪᠠᠢ᠌ᠭᠠᠤᠨ ᠦᠨᠦ ᠪᠦᠷ ᠭᠢᠳᠠᠤᠨ ᠤᠨ ᠣᠷᠤᠩᠨᠠᠬᠤ ᠭᠠᠵᠠᠷ ᠪᠣᠯᠵᠤ 《ᠾᠦᠩ ᠱᠠᠨ》 ᠰᠤᠶᠤᠯ ᠭᠡᠵᠤ ᠮᠤᠩᠭ᠋ᠤᠯ ᠲᠡᠶ ᠬᠠᠮᠢᠶ᠎ᠠ ᠦᠭᠡᠶ ᠶᠤᠮᠰᠢᠭ ᠯᠠ ᠪᠣᠯᠭᠠᠴᠢᠬᠠᠭᠠᠤᠨ ᠪᠠᠢ᠌ᠬᠤ ᠦᠭᠡᠶ ᠦᠦ ᠳ᠋ᠠ᠃ ᠬᠤᠵᠢᠮ ᠨᠤᠳᠤᠭ ᠣᠰᠤ ᠪᠠᠨ ᠪᠣᠷᠬᠠᠨ ᠭᠤᠶᠤᠭᠰᠠᠨ ᠴᠤ ᠪᠣᠤ ᠯᠠ ᠥᠭ᠌ ᠳ᠋ᠠ ᠠᠬ᠎ᠠ ᠮᠢᠨᠢ ᠡ ︕   ᠪᠢᠳᠠᠨ ᠳᠤ ᠳᠦᠷᠭᠦᠮ ᠭᠡᠵᠤ ᠣᠴᠢᠬᠤ ᠭᠠᠵᠠᠷ ᠥᠯᠡᠳᠡᠭᠡ᠂ ᠡᠵᠢ ᠠᠪᠣ ᠶᠢᠨ ᠮᠢᠨᠢ ᠮᠠᠯ ᠶᠢᠡᠨ ᠬᠠᠷᠢᠭᠤᠯᠵᠤ᠂ ᠡᠪᠠᠰᠤ ᠪᠠᠨ ᠬᠠᠳᠤᠵᠤ ᠠᠮᠢᠳᠤᠷᠠᠵᠤ ᠪᠠᠢ᠌ᠭᠰᠠᠨ᠂ ᠨᠠᠰᠤ ᠶᠢᠡᠨ ᠡᠯᠡᠭᠡᠵᠤ ᠶᠠᠰᠤ ᠪᠠᠨ ᠣᠷᠤᠰᠢᠭᠤᠯᠤᠭᠰᠠᠨ ᠨᠤᠳᠤᠭ ᠰᠢᠷᠤᠢ ᠭᠡᠵᠤ ᠰᠥᠭᠦᠷᠡᠵᠤ ᠮᠦᠷᠭᠦᠭᠦ ᠭᠠᠵᠠᠷ ᠥᠯᠡᠳᠡᠭᠡᠭᠦ ᠪᠣᠯᠤᠭᠠᠰᠠᠢ ᠭᠡᠵᠤ ᠳᠤᠳᠤᠷ᠎ᠠ ᠪᠠᠨ ᠵᠠᠯᠪᠢᠷᠠᠨ᠎ᠠ᠃

ᠬᠠᠮᠤᠭ ᠰᠡᠭᠦᠯ ᠳ᠋ᠤᠨᠢ ᠮᠠᠨ ᠳᠤ ᠥᠯᠡᠳᠡᠭᠦ ᠨᠢ ᠶᠠᠭᠤ ᠪᠣᠢ ︖ ᠮᠠᠯ ᠶᠢᠡᠨ ᠬᠤᠳᠠᠯᠳᠤᠯ᠎ᠠ᠂ ᠨᠤᠳᠤᠭ ᠵᠢᠠᠨ ᠠᠯᠳᠠᠨ᠎ᠠ᠃ ᠮᠤᠩᠭ᠋ᠤᠯ ᠭᠡᠷ ᠶᠢᠡᠨ ᠮᠦᠸᠽᠠᠢ ᠡᠴᠡ ᠬᠠᠷᠠᠬᠤ ᠪᠣᠯᠤᠯ᠎ᠠ᠂ ᠮᠤᠷᠢ ᠳᠡᠮᠡᠭᠡ ᠪᠠᠨ ᠳᠸᠯᠸᠢᠰ ᠡᠴᠡ ᠥᠵᠡᠭᠦ ᠪᠣᠯᠤᠯ᠎ᠠ᠂ ᠮᠠᠩᠨᠤᠭ ᠳᠠᠯ᠎ᠠ ᠳᠠᠭᠠᠨ ᠠᠭᠤᠷᠬᠠᠢ ᠠᠭᠤᠳᠠᠯᠠᠭᠤᠯᠵᠤ ᠬᠤᠳᠠ ᠪᠣᠰᠬᠠᠯ᠎ᠠ᠃ ᠣᠳᠤ ᠪᠢᠳᠠ ᠶᠠᠭᠤ ᠪᠠᠷ ᠶᠢᠡᠨ ᠪᠣᠰᠤᠳ ᠡᠴᠡ ᠢᠯᠭᠠᠭᠳᠠᠨ᠎ᠠ ᠪᠣᠢ ︖ ᠮᠤᠩᠭ᠋ᠤᠯ ᠳᠡᠷᠯᠢᠭ᠌ ᠶᠢᠡᠨ ᠡᠮᠦᠰᠦᠭᠡᠳ ᠭᠠᠷᠬᠤ ᠪᠠᠨ ᠰᠤᠯᠢᠶᠠᠷᠴᠢᠵᠠᠢ ᠭᠡᠨ᠎ᠡ᠂ ᠮᠤᠩᠭ᠋ᠤᠯ ᠳᠠᠭᠤᠤ ᠪᠠᠨ ᠠᠶᠠᠯᠠᠭᠤᠯᠪᠠᠯ ᠴᠢᠨ᠋ᠸ᠎ᠠ ᠣᠯᠢᠵᠤ ᠪᠠᠢ᠌ᠬᠤ ᠶᠤᠮ ᠭᠡᠨ᠎ᠡ᠃ ᠬᠠᠶ᠎ᠠ ᠬᠤᠳᠠ ᠶᠢᠨ ᠵᠡᠭᠡᠯᠢ ᠶᠢᠨ ᠠᠯᠢ ᠨᠢᠭᠡ ᠪᠦᠯᠦᠡᠭ᠌ ᠳᠤ᠂ ᠬᠠᠷ᠎ᠠ ᠭᠦ᠋ ᠴᠢᠷᠠᠢ᠌ᠯᠠᠭᠠᠤᠨ ᠭᠦᠷᠵᠡ ᠠᠳᠬᠤᠭᠰᠠᠨ ᠡᠷᠡᠴᠦᠦᠯ ᠢ ᠪᠣᠰᠤᠭ᠎ᠠ ᠬᠠᠮᠠᠷ᠂ ᠭᠦᠳᠡᠭᠡᠷ ᠬᠠᠴᠠᠷ᠂ ᠭᠡᠷᠡᠯᠳᠤ ᠳᠤᠮᠤ ᠨᠢᠳᠤ ᠪᠠᠷ ᠨᠢ 《ᠮᠤᠩᠭ᠋ᠤᠯ ᠳ᠋ᠠ᠂ ᠭᠦᠭᠡᠷᠦᠭᠦᠢ》 ᠭᠡᠵᠤ ᠪᠣᠳᠤᠳᠠᠭ ᠡᠴᠡ ᠥᠭᠡᠷ᠎ᠡ ᠣᠠᠴᠠᠯᠢᠭᠳᠠᠮᠠᠷ ᠶᠠᠭᠤᠮ᠎ᠠ ᠠᠯᠭ᠎ᠠ᠃

ᠬᠠᠮᠤᠭ ᠰᠡᠭᠦᠯ ᠳ᠋ᠤᠨᠢ ᠮᠠᠨ ᠳᠤ ᠥᠯᠡᠳᠡᠭᠦ ᠨᠢ ᠪᠣᠰᠤᠭ᠎ᠠ ᠮᠤᠩᠭ᠋ᠤᠯ ᠭᠡᠯᠡ ᠪᠣᠯᠤᠨ᠎ᠠ᠃ ᠡᠨᠡ ᠨᠢ ᠦᠪᠡᠷ ᠤᠨ ᠣᠬᠠᠮᠰᠠᠷ ᠡᠴᠡ ᠪᠠᠨ ᠡᠳ᠋ᠯᠡᠵᠤ ᠭᠡᠷᠡᠭᠯᠡᠭᠦ᠂ ᠦᠷᠦᠭᠡᠯ ᠲᠡᠶ ᠦᠴᠦᠭᠡᠨ ᠬᠠᠷᠢᠴᠠᠭ᠎ᠠ ᠬᠤᠯᠪᠣᠭ᠎ᠠ ᠦᠭᠡᠶ ᠦᠨᠳᠦᠰᠦᠳᠠᠨ ᠤ ᠳᠠᠷᠬᠠᠨ ᠭᠡᠯᠡ ᠪᠣᠯᠤᠨ᠎ᠠ᠃ ᠭᠦᠮᠤᠨ ᠶᠠᠭᠤ ᠪᠠᠷ ᠶᠠᠳᠠᠭᠤᠷᠠᠵᠤ ᠪᠣᠯᠤᠨ᠎ᠠ᠂ ᠭᠡᠯᠡ ᠪᠠᠷ ᠶᠠᠳᠠᠭᠤᠷᠠᠵᠤ ᠪᠣᠯᠬᠤ ᠦᠭᠡᠶ᠂ ᠭᠦᠮᠤᠨ ᠭᠦᠯ ᠦᠭᠡᠶ ᠪᠠᠢ᠌ᠵᠤ ᠪᠣᠯᠤᠨ᠎ᠠ᠂ ᠭᠡᠯᠡ ᠦᠭᠡᠶ ᠪᠠᠢ᠌ᠵᠤ ᠪᠣᠯᠬᠤ ᠦᠭᠡᠶ᠂ 《ᠭᠡᠯᠡ ᠪᠠᠷ ᠪᠦᠳᠦᠷᠢᠭᠦ ᠪᠠᠷ ᠭᠦᠯ ᠶᠢᠡᠷ ᠪᠦᠳᠦᠷᠡ ︕》 ᠭᠡᠰᠡᠨ ᠮᠡᠷᠭᠡᠨ ᠥᠭᠡ ᠪᠠᠢ᠌ᠳᠠᠭ᠃ ᠪᠢᠳᠠ ᠵᠥᠭ᠌ ᠪᠦᠷᠢ ᠶᠢᠨ ᠵᠣᠢ᠌ᠯ ᠵᠣᠢ᠌ᠯ ᠤᠨ ᠰᠢᠬᠠᠯᠳᠠ ᠳᠦᠷᠢᠯᠳᠠ ᠡᠴᠡ ᠪᠣᠯᠤᠭᠠᠤᠨ ᠭᠡᠭᠡᠵᠤ ᠣᠷᠭᠢᠬᠤ ᠪᠠᠨ ᠭᠡᠭᠡᠵᠤ ᠣᠷᠭᠢᠯ᠎ᠠ ᠭᠡᠭᠦ ᠳᠤ᠂ ᠬᠠᠮᠢᠭ᠎ᠠ ᠣᠴᠢᠭᠠᠤᠨ ᠶᠠᠭᠤ ᠭᠢᠵᠤ ᠶᠠᠪᠣᠭᠰᠠᠨ ᠴᠤ ᠭᠡᠯᠡ ᠪᠠᠨ ᠰᠠᠪ ᠰᠠᠭᠤᠯᠭᠠᠬᠤ ᠦᠭᠡᠶ ᠠᠪᠴᠤ ᠶᠠᠪᠣᠶ᠎ᠠ᠃ ᠪᠢᠳᠠ ᠪᠢᠳᠠ ᠮᠠᠯ ᠶᠢᠡᠨ ᠠᠯᠳᠠᠭᠰᠠᠨ ᠴᠤ ᠪᠣᠰᠤᠭ᠎ᠠ ᠭᠡᠯᠡ ᠪᠠᠨ ᠪᠣᠤ ᠠᠯᠳᠠᠶ᠎ᠠ ︕ ᠮᠠᠠᠨᠠᠢ᠌ᠭᠢᠨ ᠤ ᠪᠣᠰᠤᠳ ᠡᠴᠡ ᠣᠠᠴᠢᠯᠠᠭᠳᠠᠬᠤ ᠨᠢ ᠳᠠᠷᠠ ᠯᠠ ᠰᠢᠤ ︕


                   ᠯᠢᠠᠲᠦ᠋ᠩ ᠤᠨ ᠮᠤᠩᠭ᠋ᠤᠯ ᠪᠠᠭ᠎ᠠ ᠰᠤᠷᠭᠠᠭᠤᠯᠢ

                       2010 ᠣᠨ ᠤ11 ᠰᠠᠷ᠎ᠠ

ᠵᠤᠬᠢᠶᠠᠭᠴᠢ᠄ ᠽᠠᠠᠳᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢ᠌ᠷᠠᠭᠤᠯᠤᠯ
ᠳᠠᠷᠤᠮ᠄ 2105
ᠴᠠᠭ᠄ 2011 ᠤᠨ ᠤ 06 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁