ᠳᠡᠭᠡᠳᠤ ᠮᠤᠩᠭ᠋ᠤᠯ ᠤᠨ ᠵᠣᠢ᠌ᠷ ᠰᠠᠴᠠᠨ ᠥᠭᠡ

ᠳᠦᠷᠤ ᠶᠢᠨ ᠭᠦᠪᠠᠭᠦᠨ ᠲᠦᠪ ᠲᠡᠶ ᠨᠢ ᠰᠠᠢ᠌ᠬᠠᠨ

ᠳᠠᠮᠤᠷ ᠶᠠᠳᠤᠭ᠎ᠠ ᠶᠢᠨ ᠳᠠᠭᠤ ᠲᠡᠶ ᠨᠢ ᠰᠠᠢ᠌ᠬᠠᠨ


ᠳᠠᠤᠯᠠᠢ ᠶᠢᠨ ᠴᠢᠨᠡᠭᠡᠨ ᠴᠠᠭᠠᠨ ᠵᠢᠠᠷ

ᠠᠭᠤᠯᠠ ᠶᠢᠨ ᠴᠢᠨᠡᠭᠡᠨ ᠬᠠᠷ᠎ᠠ ᠶᠢ ᠳᠠᠷᠤᠨ᠎ᠠ


ᠮᠠᠭᠤ ᠭᠦᠮᠤᠨ ᠳᠤ ᠡᠭᠦᠳᠡ ᠪᠣᠤ ᠳᠠᠨᠢᠭᠤᠯ

ᠮᠤᠬᠤᠷ ᠥᠭᠡᠷ ᠲᠤ ᠬᠤᠳᠳᠤᠭ ᠪᠣᠤ ᠳᠠᠨᠢᠭᠤᠯ


ᠭᠦᠮᠤᠨ ᠢ ᠭᠡᠯᠡᠭᠦ ᠠᠮᠠ ᠪᠠᠢ᠌ᠪᠠᠯ

ᠨᠢᠭᠤᠷ ᠶᠢᠡᠨ ᠬᠠᠯᠢᠶᠠᠬᠤ ᠳᠤᠯᠢ ᠭᠡᠷᠡᠭ᠍ᠳᠡᠢ


ᠭᠦᠮᠤᠨ ᠤ ᠭᠡᠯᠡ ᠪᠠᠷ ᠭᠦᠮᠤᠨ ᠥᠭᠦᠳᠡᠭ᠌ ᠥᠭᠡᠢ

ᠨᠤᠬᠠᠢ ᠶᠢᠨ ᠭᠡᠯᠡ ᠪᠠᠷ ᠳᠠᠯᠠᠢ ᠪᠣᠵᠠᠷᠳᠠᠳᠠᠭ ᠥᠭᠡᠢ


ᠭᠦᠨ ᠣᠰᠤᠨ ᠳᠤ ᠭᠠᠳᠤᠯᠭ᠎ᠠ ᠥᠭᠡᠢ

ᠭᠦᠷ ᠥᠭᠡᠨ ᠳᠤ ᠬᠠᠷᠢᠭᠤᠯᠳᠠ ᠥᠭᠡᠢ


ᠣᠯᠢᠭᠠᠷ ᠮᠠᠭᠤ ᠨᠢᠳᠤ ᠶᠢ ᠣᠠᠳᠠᠬᠤ ᠳᠤᠰᠤᠮ

ᠣᠠᠵᠢᠭᠤᠷ ᠮᠠᠭᠤ ᠭᠡᠳᠡᠰᠤ ᠶᠢ ᠢᠳᠡᠭᠦ ᠳᠤᠰᠤᠮ


ᠰᠤᠨᠤᠰᠤᠭᠰᠠᠨ ᠪᠦᠭᠦᠨ ᠶᠢᠡᠨ ᠭᠡᠯᠡᠪᠠᠯ ᠬᠤᠳᠠᠯᠴᠢ

ᠥᠵᠡᠭ᠍ᠰᠡᠨ ᠪᠦᠭᠦᠨ ᠶᠢᠡᠨ ᠠᠪᠣᠪᠠᠯ ᠬᠤᠯᠠᠭᠠᠢ᠌ᠴᠢ


ᠡᠰᠡ ᠥᠵᠡᠭ᠍ᠰᠡᠨ ᠶᠢᠡᠨ ᠦᠨᠳᠦᠷ ᠡᠴᠡ

ᠡᠰᠡ ᠮᠡᠳᠡᠭ᠍ᠰᠡᠨ ᠶᠢᠡᠨ ᠨᠠᠰᠤᠳᠠᠤᠨ ᠡᠴᠡ


ᠫᠣᠤ ᠶᠢᠨ ᠮᠠᠭᠤ ᠨᠢ ᠭᠠᠵᠠᠷ ᠠᠪᠣᠨ᠎ᠠ

ᠥᠭᠡ ᠶᠢᠨ ᠮᠠᠭᠤ ᠨᠢ ᠵᠢᠷᠦᠭᠡ ᠠᠪᠣᠨ᠎ᠠ


ᠰᠠᠢ᠌ᠨ ᠭᠦᠮᠤᠨ ᠥᠭᠡ ᠪᠠᠨ ᠢᠳᠡᠳᠡᠭ᠌ ᠥᠭᠡᠢ

ᠰᠠᠷᠯᠤᠭ ᠥᠭᠡᠷ ᠬᠠᠮᠠᠷ ᠶᠢᠡᠨ ᠢᠳᠡᠳᠡᠭ᠌ ᠥᠭᠡᠢ


ᠡᠷᠭᠢᠭᠦᠯᠵᠤ ᠮᠥᠯᠵᠢᠭᠦ ᠳᠤ ᠭᠦᠵᠦᠭᠦᠤ ᠰᠠᠢ᠌ᠬᠠᠨ

ᠡᠷᠭᠢᠵᠤ ᠵᠤᠯᠭᠠᠬᠤ ᠳᠤ ᠡᠵᠢ ᠠᠪᠣ ᠰᠠᠢ᠌ᠬᠠᠨ


ᠭᠦᠮᠤᠨ ᠤ ᠰᠠᠢ᠌ᠨ ᠢ ᠶᠠᠪᠣᠭᠰᠠᠨ ᠤ ᠠᠷᠤ ᠳ᠋ᠤ

ᠦᠨᠢᠶᠠᠨ ᠤ ᠰᠦ᠋ ᠲᠡᠶ ᠶᠢ ᠥᠭᠦᠭ᠍ᠰᠡᠨ ᠤ ᠠᠷᠤ ᠳ᠋ᠤ


ᠦᠪ ᠳᠡᠭᠡᠷ᠎ᠡ ᠰᠠᠭᠤᠭᠰᠠᠨ ᠭᠦᠪᠠᠭᠦᠨ ᠱᠤᠮ ᠳᠠᠢ

ᠰᠡᠭ᠌ ᠳᠡᠭᠡᠷ᠎ᠡ ᠰᠠᠭᠤᠭᠰᠠᠨ ᠳᠠᠰ ᠱᠤᠮ ᠳᠠᠢ


ᠬᠠᠷ᠎ᠠ ᠰᠠᠨᠠᠭ᠎ᠠ ᠪᠠᠶ᠎ᠠ ᠪᠠᠷᠠᠳᠠᠭ

ᠬᠠᠭᠠᠷᠠᠬᠠᠢ ᠰᠠᠪᠠ ᠬᠤᠭᠤᠯᠠ ᠪᠠᠷᠠᠳᠠᠭ


ᠭᠡᠭᠡᠷ᠎ᠡ ᠶᠢᠨ ᠭᠠᠯ ᠢ ᠥᠯᠢᠶᠡᠳᠡᠭ᠌ ᠥᠭᠡᠢ

ᠭᠡᠭᠡᠯᠢ ᠲᠡᠶ ᠭᠡᠭᠦᠤ ᠶᠢ ᠣᠨᠤᠳᠠᠭ ᠥᠭᠡᠢ


ᠵᠤᠨ ᠤ ᠮᠢᠬ᠎ᠠ

ᠽᠦᠩᠺᠠᠸ᠎ᠠ ᠶᠢᠨ ᠵᠤᠭᠤᠭ


ᠭᠠᠵᠠᠷ ᠶᠢᠡᠨ ᠮᠠᠳᠠᠶ᠎ᠠ ᠭᠡᠪᠠᠯ ᠠᠷᠤ ᠳᠤ ᠪᠠᠨ ᠬᠠᠯᠢᠶᠠ

ᠭᠠᠠᠵᠤᠭ᠎ᠠ ᠪᠠᠨ ᠳᠦᠭᠦᠷᠭᠡᠶ᠎ᠡ ᠭᠡᠪᠠᠯ ᠬᠤᠯᠠ ᠬᠠᠯᠢᠶᠠ


ᠦᠨᠡᠨ ᠥᠭᠡ ᠬᠣᠢ᠌ᠨ᠎ᠡ ᠪᠠᠨ ᠴᠤᠭᠳᠠᠢ

ᠬᠤᠳᠠᠯ ᠥᠭᠡ ᠡᠮᠤᠨ᠎ᠡ ᠪᠠᠨ ᠴᠤᠭᠳᠠᠢ


ᠨᠠᠩ ᠴᠠᠭᠠᠨ ᠨᠢ ᠊ᠭ᠍‍ᠬᠢᠷᠳᠦᠭᠦ ᠳᠤ ᠪᠠᠨ ᠳᠦᠷᠭᠡᠨ

ᠨᠠᠩ ᠢᠨᠠᠭ ᠨᠢ ᠰᠠᠯᠬᠤ ᠳᠤ ᠪᠠᠨ ᠳᠦᠷᠭᠡᠨ


ᠬᠤᠳᠤᠭᠤᠷ ᠭᠠᠵᠠᠷ ᠬᠤᠨᠢ ᠪᠠᠨ ᠭᠡᠪᠳᠡᠭᠦᠯ

ᠦᠨᠳᠦᠷ ᠭᠠᠵᠠᠷ ᠭᠡᠷ ᠶᠢᠡᠨ ᠪᠠᠷᠢ


ᠥᠨᠡᠭᠡᠨ ᠤ ᠣᠯᠠᠭᠠᠨ ᠨᠢ ᠰᠠᠢ᠌ᠬᠠᠨ

ᠥᠭᠡᠨ ᠤ ᠦᠨᠡᠨ ᠨᠢ ᠰᠠᠢ᠌ᠬᠠᠨ


ᠵᠢᠷᠭᠠᠯ ᠮᠥᠭᠦᠯᠢᠭ᠌

ᠵᠤᠪᠠᠯᠠᠩ ᠬᠠᠪᠳᠠᠭᠠᠢ


ᠪᠣᠷᠬᠠᠨ ᠲᠡᠶ ᠪᠣᠯᠪᠠᠴᠤ ᠭᠦᠮᠤᠨ ᠥᠭᠦᠳᠡᠭ᠌

ᠪᠣᠬ᠎ᠠ ᠲᠡᠶ ᠪᠣᠯᠪᠠᠴᠤ ᠦᠨᠢᠶ᠎ᠡ ᠰᠤᠪᠠᠢ᠌ᠷᠠᠳᠠᠭ


ᠡᠳ᠋ ᠥᠵᠡᠭ᠍ᠰᠡᠨ ᠡᠮ᠎ᠡ ᠭᠠᠯᠵᠠᠭᠤ

ᠡᠪᠠᠰᠤ ᠥᠵᠡᠭ᠍ᠰᠡᠨ ᠮᠠᠯ ᠭᠠᠯᠵᠠᠭᠤ


ᠣᠪᠳᠠᠢ ᠭᠡᠦᠭᠡᠨ ᠣᠷᠴᠢᠯᠠᠩ ᠳᠤ ᠳᠤᠭᠳᠠᠬᠤ ᠥᠭᠡᠢ

ᠣᠭᠤᠰᠤᠷ ᠦᠭᠡᠶ ᠬᠤᠷᠤᠭᠤᠪᠴᠢ ᠬᠤᠷᠤᠭᠤᠨ ᠳᠤ ᠳᠤᠭᠳᠠᠬᠤ ᠥᠭᠡᠢ


ᠰᠤᠭᠳᠤᠭᠤ ᠭᠦᠮᠤᠨ ᠤ ᠥᠭᠡ ᠮᠠᠭᠤ

ᠰᠤᠰᠤᠨ᠎ᠠ ᠳᠠᠪᠠᠯ ᠤᠨ ᠥᠩᠭᠡ ᠮᠠᠭᠤ


ᠣᠯᠠᠭᠠᠨ ᠵᠡᠭᠡᠷᠳᠡ ᠶᠢᠨ ᠣᠨᠠᠭ᠎ᠠ

ᠣᠭ ᠲᠡᠶ ᠭᠦᠮᠤᠨ ᠤ ᠦᠷ᠎ᠡ


ᠪᠠᠶᠠᠨ ᠭᠦᠮᠤᠨ ᠤ ᠴᠢᠷᠠᠢ ᠠᠳᠤᠭᠤᠯᠬᠤ ᠪᠠᠷ

ᠪᠠᠷᠴᠢᠭᠡᠷ ᠬᠠᠳᠠ ᠶᠢᠨ ᠨᠢᠭᠤᠷ ᠢ ᠠᠳᠤᠭᠤᠯᠠ


ᠭᠦᠮᠤᠨ ᠳᠤ ᠭᠦᠷᠡᠩ ᠡᠷᠢᠶᠡᠨ ᠪᠦᠷᠭᠦᠤᠨ

ᠥᠪᠠᠷᠳᠡᠭᠡᠨ ᠥᠡᠳᠡᠭᠡ ᠳᠠᠷᠤᠭᠰᠠᠨ ᠰᠢᠪᠠᠭᠤ


ᠴᠢᠳᠠᠯ ᠦᠭᠡᠶ ᠶᠢᠨ ᠰᠠᠨᠠᠭᠠᠨ

ᠵᠢᠷᠠᠨ ᠡᠯᠵᠢᠭᠡᠨ ᠤ ᠠᠴᠢᠶ᠎ᠠ


ᠥᠯᠦᠰᠭᠦ ᠳᠤ ᠦᠯ ᠪᠣᠭᠤ ᠶᠢᠨ ᠡᠪᠠᠷ ᠵᠥᠭᠡᠯᠡᠨ

ᠴᠠᠳᠬᠤ ᠳᠤ ᠴᠠᠭᠠᠨ ᠬᠤᠷᠠᠭᠠᠨ ᠤ ᠰᠡᠭᠦᠯ ᠬᠠᠳᠠᠭᠤ


ᠮᠠᠭᠤ ᠭᠦᠮᠤᠨ ᠨᠥᠭᠦᠤᠨ ᠲᠤ ᠪᠠᠨ

ᠮᠤᠭᠤᠯᠵᠢᠭᠤᠷ ᠡᠪᠠᠷ ᠨᠢᠳᠤᠨ ᠳᠤ ᠪᠠᠨ


ᠭᠦᠮᠤᠨ ᠤ ᠡᠭᠢᠨ ᠨᠠᠭᠠᠴᠤ

ᠣᠰᠤᠨ ᠤ ᠡᠭᠢᠨ ᠪᠣᠯᠠᠭ


ᠶᠠᠩᠵᠤ ᠶᠢ ᠨᠢ ᠢᠮᠠᠭᠠᠨ ᠳᠠᠭᠠᠭᠠᠰᠢ ᠥᠭᠡᠢ

ᠶᠠᠰᠤ ᠶᠢ ᠨᠢ ᠳᠡᠮᠡᠭᠡᠨ ᠳᠠᠭᠠᠭᠠᠰᠢ ᠥᠭᠡᠢ


ᠣᠯᠢᠷ ᠰᠢᠪᠠᠭᠤ ᠠᠭᠤᠯᠠ ᠶᠢᠨ ᠴᠢᠮᠡᠭ᠌

ᠣᠷᠠᠨ ᠪᠦᠰᠡᠭᠦᠢ ᠭᠡᠷ ᠤᠨ ᠴᠢᠮᠡᠭ᠌


ᠴᠠᠬ᠎ᠠ ᠰᠢᠪᠠᠭᠤ ᠴᠠᠢ᠌ᠳᠠᠮ ᠤᠨ ᠪᠣᠵᠠᠷ

ᠴᠠᠯᠳᠠᠩ ᠪᠦᠰᠡᠭᠦᠢ ᠭᠡᠷ ᠤᠨ ᠪᠣᠵᠠᠷ


ᠰᠠᠭᠠᠬᠤ ᠮᠠᠯ ᠤᠨ ᠰᠠᠬᠠᠯ ᠡᠴᠡ ᠪᠢᠳᠡᠭᠡᠢ ᠪᠠᠷᠢ

ᠥᠰᠭᠦ ᠮᠠᠯ ᠤᠨ ᠡᠪᠠᠷ ᠡᠴᠡ ᠪᠢᠳᠡᠭᠡᠢ ᠪᠠᠷᠢ


ᠳᠤᠭᠳᠤᠷᠠᠭ᠎ᠠ ᠮᠤᠷᠢᠨ ᠳᠤ ᠱᠤᠮ ᠪᠣᠢ

ᠳᠤᠭᠤᠢ ᠭᠦᠮᠤᠨ ᠳᠤ ᠣᠴᠢᠷ ᠪᠣᠢ


ᠪᠠᠷᠰ ᠰᠢᠩᠭᠢ ᠠᠪᠠᠭ᠎ᠠ ᠪᠠᠨ ᠳᠠᠭᠤᠷᠢᠶᠠᠬᠤ ᠪᠠᠷ

ᠪᠠᠭᠠᠰᠤ ᠰᠢᠩᠭᠢ ᠨᠠᠭᠠᠴᠤ ᠪᠠᠨ ᠳᠠᠭᠤᠷᠢᠶᠠ


ᠵᠢᠭ᠍ᠳᠡᠨ ᠬᠤᠷᠸ᠎ᠠ ᠵᠢᠯ ᠤᠨ ᠭᠤᠷᠪᠠ ᠬᠤᠪᠢᠷᠳᠠᠭ

ᠵᠢᠭᠦᠷᠳᠡᠨ ᠰᠢᠪᠠᠭᠤ ᠡᠳᠦᠷ ᠤᠨ ᠭᠤᠷᠪᠠ ᠬᠤᠪᠢᠷᠠᠳᠠᠭ


ᠭᠦᠪᠦᠩ ᠠᠭᠤᠯᠠ ᠶᠢᠨ ᠵᠤᠪᠣᠭ ᠰᠢᠩᠭᠢ

ᠭᠦᠭᠡ ᠳᠡᠭ᠍ᠷᠢ ᠶᠢᠨ ᠯᠤᠤ ᠰᠢᠩᠭᠢ


ᠭᠠᠢ ᠭᠠᠵᠠᠷ ᠳᠤᠤᠷ᠎ᠠ ᠡᠴᠠ

ᠭᠠᠬᠠᠢ ᠯᠤᠪᠰᠢᠨ ᠳᠤᠳᠤᠷ᠎ᠠ ᠡᠴᠠ



ᠵᠤᠬᠢᠶᠠᠭᠴᠢ ᠶᠢᠨ ᠬᠠ‍‌ᠶᠢᠭ ᠄ ᠬᠦᠬᠡ‍ᠨᠠᠭᠤᠷ ᠮᠤᠵᠢ ᠶᠢᠨ ᠳᠡᠯᠡᠭᠡᠢ ᠬᠤᠳᠠ ᠶᠢᠨ ᠮᠤᠩᠭ᠋ᠤᠯ ᠰᠤᠷᠭᠠᠭᠤᠯᠢ

ᠵᠤᠬᠢᠶᠠᠭᠴᠢ᠄ ᠸ·ᠦᠯᠵᠡᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠤᠶᠤᠯ ᠣᠷᠠᠯᠢᠭ
ᠳᠠᠷᠤᠮ᠄ 2554
ᠴᠠᠭ᠄ 2011 ᠤᠨ ᠤ 12 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁