ᠭᠠᠩᠭᠠᠩ ᠪᠠᠢ᠌ᠭᠠᠯᠢ ᠶᠢᠨ ᠡᠷᠡᠭᠦᠯ ᠡᠩᠬᠡ ᠶᠢ ᠭᠠᠵᠠᠷ ᠤᠰᠤᠨ ᠳᠤ ᠪᠠᠨ ᠨᠠᠮᠠᠨᠴᠢᠯᠠᠨ ᠳᠠᠭᠠᠳᠬᠠᠨ᠎ᠠ

ᠭᠦᠮᠤᠨ ᠳᠦᠷᠤᠯᠭᠢᠳᠠᠨ ᠤ ᠣᠷᠤᠰᠢᠨ ᠠᠮᠢᠳᠤᠷᠠᠬᠤ ᠶᠢᠨ ᠰᠠᠭᠤᠷᠢ ᠪᠣᠯᠤᠭᠰᠠᠨ ᠡᠭᠡ ᠪᠠᠢ᠌ᠭᠠᠯᠢ ᠶᠢᠨ ᠣᠷᠴᠢᠨ ᠳᠤᠭᠤᠷᠢᠨ ᠵᠢᠯ ᠡᠴᠡ ᠵᠢᠯ ᠡᠪᠳᠡᠭ᠍ᠳᠡᠵᠤ᠂ ᠠᠮᠢ ᠠᠬᠤᠢ ᠳᠡᠡᠭᠴᠡᠭᠦᠷᠢ ᠪᠠᠨ ᠠᠯᠳᠠᠭᠠᠤᠨ ᠨᠤᠳᠤᠭ ᠪᠠᠯᠴᠢᠭᠡᠷ ᠤᠨ ᠳᠠᠯᠭᠢᠭᠳᠠᠯ ᠡᠳᠦᠷ ᠢᠷᠡᠭᠦᠶ᠎ᠡ ᠰᠢᠷᠦᠭᠦᠰᠴᠤ᠂ ᠪᠦᠭᠦ ᠪᠦᠮᠪᠦᠷᠴᠡᠭ᠌ ᠤᠨ ᠭᠦᠮᠤᠨ ᠠᠷᠠᠤᠨ ᠲᠤ ᠬᠠᠳᠠᠭᠤ ᠰᠢᠯᠭᠠᠯᠳᠠ᠂ ᠭᠡᠴᠡᠭᠦᠤ ᠰᠥᠷᠳᠡᠭᠦᠯᠦᠯ ᠪᠣᠯᠤᠭᠰᠠᠨ ᠡᠴᠡ ᠨᠠᠮ ᠳᠦᠷᠤ ᠶᠢᠨ ᠥᠷᠭᠦᠯᠵᠢᠯᠡᠭᠦᠢ᠌ᠴᠡ ᠭᠦᠭ᠍ᠵᠢᠭᠦ ᠪᠠᠢ᠌ᠯᠳᠤᠬᠤ ᠪᠣᠳᠤᠯᠭ᠎ᠠ ᠶᠢᠨ ᠳᠤᠶ‍ᠠᠭᠠᠯᠠᠯ ᠶᠢᠡᠷ ᠡᠭᠡ ᠪᠠᠢ᠌ᠭᠠᠯᠢ ᠳᠤ ᠪᠠᠨ ᠥᠨᠡᠨᠭᠦ ᠬᠠᠢ᠌ᠷᠠᠳᠠᠢ ᠂ ᠦᠵᠠᠯ ᠣᠬᠠᠮᠰᠠᠷ ᠦᠠᠳᠤᠷ ᠭᠦᠮᠦᠰ ᠡᠭᠡ ᠪᠠᠢ᠌ᠭᠠᠯᠢ ᠪᠠᠨ ᠭᠡᠷᠭᠢᠨ ᠬᠠᠢ᠌ᠷᠠᠯᠠᠨ ᠬᠠᠮᠠᠭᠠᠯᠠᠵᠤ᠂ ᠵᠠᠰᠠᠵᠤ ᠰᠡᠷᠭᠡᠢ᠌ᠯᠡᠭᠦ ᠳᠤᠬᠠᠢ ᠠᠯᠢ ᠣᠯᠠᠨ ᠦᠷ᠎ᠠ ᠠᠰᠢᠭᠳᠠᠢ ᠠᠷᠭ᠎ᠠ ᠳᠤᠷᠰᠢᠯᠭ᠎ᠠ ᠰᠥᠪᠠᠭ᠍ᠴᠢᠯᠡᠨ ᠪᠠᠢ᠌ᠬᠤ ᠳᠤ ᠨᠤᠳᠤᠭ ᠤᠨ ᠪᠣᠷᠬᠠᠨ ᠪᠣᠭᠤᠷᠤᠯᠴᠤᠤᠯ ᠡᠭᠡ ᠪᠠᠢ᠌ᠭᠠᠯᠢ ᠶᠢᠨ ᠡᠪᠳᠡᠭ᠍ᠳᠡᠯ ᠰᠣᠢ᠌ᠳᠤᠯ ᠳᠤ ᠭᠡᠨ ᠡᠴᠡ ᠴᠤ ᠳᠤᠳᠠᠭᠤ ᠦᠭᠡᠶ ᠰᠠᠨᠠᠭᠠᠰᠢᠷᠠᠵᠤ᠂ ᠰᠠᠤᠠᠭᠢᠯ ᠡᠮᠵᠢᠭᠯᠡᠨ᠂ ᠣᠷᠭᠤᠴᠠ ᠭᠦᠷᠦᠰᠤ ᠨᠢᠮᠭᠡᠷᠡᠭ᠍ᠰᠡᠨ ᠠᠭᠤᠯᠠ ᠳᠠᠯ᠎ᠠ ᠪᠠᠨ ᠬᠠᠷᠠᠬᠤ ᠡᠴᠡ ᠬᠠᠷᠠᠭ᠎ᠠ ᠬᠠᠯᠳᠤᠷᠢᠵᠤ᠂ ᠭᠤᠨᠢᠵᠤ ᠪᠣᠭᠢᠨᠢᠳᠤᠨ ᠶ‍ᠠᠪᠣᠳᠠᠭ ᠪᠠᠢ᠌ᠵᠠᠢ᠃

ᠬᠠᠳᠠᠭᠤ ᠭᠠᠴᠢᠭ ᠴᠠᠭ ᠲᠤ ᠬᠠᠯᠠ ᠠᠮᠰᠠᠨ᠂ ᠬᠠᠯᠠᠭᠤᠨ ᠴᠢᠯᠠᠭᠤ ᠳᠤᠯᠢᠶ‍ᠠᠵᠤ ᠬᠠᠰᠢᠷ ᠰᠠᠭᠤᠭᠰᠠᠨ ᠠᠡᠭᠴᠢᠨ ᠮᠠᠯᠴᠢᠨ ᠶ‍ᠠᠪᠣᠭᠰᠠᠨ ᠨᠤᠳᠤᠭ ᠤᠨ ᠪᠣᠭᠤᠷᠤᠯᠴᠤᠤᠯ ᠤᠨ ᠡᠭᠡ ᠪᠠᠢ᠌ᠭᠠᠯᠢ ᠶᠢᠨ ᠠᠴᠢ ᠭᠠᠪᠢᠶ᠎ᠠ ᠂ ᠠᠰᠢᠭ ᠰᠢᠮ᠎ᠠ ᠶᠢ ᠥᠨᠡᠨᠭᠦ ᠭᠦᠷᠳᠡᠵᠤ ᠶ‍ᠠᠪᠣᠭᠰᠠᠨ ᠡᠴᠡ ᠳᠠᠳᠠ ᠡᠭᠡ ᠪᠠᠢ᠌ᠭᠠᠯᠢ ᠳᠤ ᠪᠠᠨ ᠭᠦᠨ ᠵᠤᠵᠠᠭᠠᠨ ᠬᠠᠢ᠌ᠷ᠎ᠠ ᠰᠡᠦᠡᠭᠢᠯᠭᠡ ᠲᠡᠶ ᠪᠠᠢ᠌ᠳᠠᠭ ᠪᠠᠶ‍ᠠᠴᠢ ᠣᠢ᠌ᠯᠠᠭᠠᠯᠳᠠ ᠲᠡᠶ ᠳᠤᠯᠠ ᠭᠡᠭᠡᠡᠴᠢᠷ ᠪᠠᠶ‍ᠠᠨ ᠪᠠᠢ᠌ᠭᠠᠯᠢ ᠪᠠᠨ ᠭᠡᠨ ᠡᠴᠡ ᠴᠤ ᠢᠯᠡᠭᠦᠤ ᠬᠠᠢ᠌ᠷᠠᠯᠠᠳᠠᠭ ᠡᠴᠡ ᠭᠠᠩᠭ᠋ᠠᠩ ᠪᠠᠢ᠌ᠭᠠᠯᠢ ᠶᠢᠨ ᠡᠷᠡᠭᠦᠯ ᠡᠩᠭᠡ ᠶᠢ ᠭᠠᠵᠠᠷ ᠣᠰᠤᠨ ᠤ ᠨᠠᠪᠳᠠᠭ ᠰᠠᠪᠳᠠᠭ ᠲᠤ ᠪᠠᠨ ᠳᠠᠭᠠᠤᠠᠬᠠᠵᠤ᠂ ᠮᠠᠨᠢ ᠮᠡᠭ᠍ᠴᠢᠮ ᠣᠩᠰᠢᠨ ᠮᠥᠷᠭᠦᠨ ᠵᠠᠯᠪᠢᠷᠠᠵᠤ ᠶ‍ᠠᠪᠣᠳᠠᠭ ᠰᠠᠨ᠃ ᠳᠠᠳᠠ ᠣᠷᠤᠰᠢᠨ ᠳᠤᠭᠳᠠᠨᠢᠭᠰᠠᠨ ᠥᠯᠦᠭᠡᠢ ᠨᠤᠳᠤᠭ ᠤᠨ ᠶᠢᠡᠨ ᠡᠪᠳᠡᠯ ᠰᠣᠢ᠌ᠳᠤᠯ ᠢ ᠬᠠᠷᠠᠵᠤ ᠰᠠᠤᠠᠭᠢᠯ ᠳᠦᠪᠳᠡᠭᠦ ᠦᠭᠡᠶ ᠪᠣᠯᠬᠤ ᠳᠤ ᠪᠠᠨ ᠣᠢ᠌ᠷ᠎ᠠ ᠣᠷᠴᠢᠮ ᠤᠨ ᠶᠢᠡᠨ ᠦᠯᠠᠳᠠᠵᠤ ᠬᠤᠴᠤᠷᠤᠭᠰᠠᠨ ᠳᠤᠭ᠎ᠠ ᠲᠡᠶ ᠭᠡᠳᠤᠨ ᠠᠷᠴᠠ ᠬᠠᠷᠠᠭᠠᠢ ᠡᠴᠡ ᠪᠠᠨ ᠨᠢᠳᠤᠨ ᠴᠡᠴᠡᠭᠡᠢ ᠨᠢ ᠪᠣᠯᠤᠭᠰᠠᠨ ᠰᠠᠭᠯᠠᠭᠠᠷ ᠪᠦᠳᠦᠭᠦᠨ ᠮᠤᠳᠤᠨ ᠳᠤ ᠪᠠᠨ ᠵᠠᠪᠠᠭ᠎ᠠ ᠵᠠᠩᠭᠢᠶ᠎ᠠ᠂ ᠬᠠᠳᠠᠭ ᠳᠤᠷᠭ᠎ᠠ ᠶᠢ ᠣᠶ‍ᠠᠵᠤ ᠵᠡᠭᠦᠯᠭᠡᠨ᠂ ᠣᠩᠭ᠋ᠤᠯᠠᠵᠤ ᠰᠠᠳᠤᠷᠯᠠᠨ ᠣᠭᠳᠤᠯᠠᠵᠤ ᠳᠠᠭᠠᠷᠢᠭᠳᠠᠬᠤ ᠡᠴᠡ ᠰᠡᠷᠭᠡᠢ᠌ᠯᠡᠵᠤ ᠪᠠᠢ᠌ᠳᠠᠭ᠃ ᠢᠩᠭᠢᠭᠡᠤᠨ ᠣᠯᠠᠩᠭᠢ ᠨᠤᠳᠤᠭ ᠲᠤ ᠪᠠᠯᠵᠤᠤᠷ ᠭᠤᠸᠠᠢ ᠶᠢᠨ ᠰᠠᠳᠤᠷ ᠠᠷᠴᠠ ᠂ ᠳ᠋ᠠᠮᠪᠠ ᠨᠠᠰᠤᠳᠠᠨ ᠤ ᠣᠩᠭ᠋ᠤᠨ ᠰᠤᠬᠠᠢ ᠁ ᠭᠡᠭᠦ ᠮᠠᠳᠤ ᠨᠠᠷ᠎ᠠ ᠳᠠᠭᠤᠳᠠᠯᠭ᠎ᠠ ᠲᠡᠶ ᠣᠷᠭᠤᠭ᠎ᠠ ᠮᠤᠳᠤ ᠨᠠᠮᠠᠭ᠎ᠠ ᠰᠠᠯᠠᠭ᠎ᠠ ᠨᠢ ᠢᠭᠴᠤ ᠰᠠᠬᠤᠯᠢᠬ ᠡᠷᠡᠭᠦᠯ ᠪᠦᠳᠤᠨ ᠰᠥᠭᠯᠦᠢ᠌ᠨ ᠰᠦᠠᠳᠠᠷᠯᠠᠵᠤ ᠂ ᠨᠤᠳᠤᠭ ᠣᠰᠤᠨ ᠤ ᠴᠢᠮᠡᠭ᠌ ᠰᠦᠯᠳᠠ ᠪᠣᠯᠤᠨ ᠬᠠᠷᠠᠴᠠ ᠳᠤ ᠬᠠᠯᠠᠭᠤᠨ ᠬᠠᠷᠠᠭᠳᠠᠨ᠎ᠠ᠃

ᠬᠤᠷ᠎ᠠ ᠪᠣᠷᠤᠭ᠎ᠠ ᠬᠤᠪᠣᠷᠳᠠᠨ ᠂ ᠡᠭᠡ ᠪᠦᠮᠪᠦᠷᠴᠡᠭ᠌ ᠤᠨ ᠵᠢᠷᠦᠭᠡᠨ ᠰᠤᠳᠠᠯ ᠪᠣᠯᠵᠤ ᠯᠤᠭᠰᠢᠳᠠᠭ ᠨᠠᠮᠤᠭ ᠪᠣᠯᠠᠭ ᠬᠠᠳᠠᠵᠤ ᠰᠢᠷᠭᠢᠨ ᠪᠠᠢ᠌ᠭ᠎ᠠ ᠵᠡᠷᠭᠡ ᠡᠭᠢ ᠪᠠᠶ‍ᠠᠯᠢᠭ ᠤᠨ ᠬᠤᠮᠰᠠᠳᠠᠯ ᠪᠠ ᠣᠷᠴᠢᠨ ᠳᠤᠭᠤᠷᠢᠨ ᠤ ᠡᠪᠳᠡᠭ᠍ᠳᠡᠯ ᠳᠤ ᠰᠠᠤᠠᠭᠢᠯ ᠠᠯᠭᠠᠰᠠᠭᠰᠠ ᠨᠤᠳᠤᠭ ᠤᠨ ᠪᠣᠭᠤᠷᠤᠯᠴᠤᠤᠯ ᠭᠠᠵᠠᠷ ᠣᠰᠤᠨ ᠤ ᠯᠤᠤᠰ ᠰᠠᠪᠳᠠᠭ ᠲᠤ ᠪᠠᠨ ᠳᠠᠭᠠᠤᠠᠬᠠᠨ᠂ ᠨᠠᠮᠤᠭ ᠪᠣᠯᠠᠭ ᠶᠢᠡᠨ ᠳᠠᠭᠢᠵᠤ ᠰᠢᠳᠦᠭᠦ ᠪᠣᠶ‍ᠤ ᠭᠠᠩ ᠬᠠᠭᠤᠷᠠᠢ ᠵᠢᠯ ᠪᠣᠯᠤᠭᠰᠠᠭᠠᠷ ᠯᠠ ᠯᠠᠮ᠎ᠠ ᠭᠡᠭᠡᠨ ᠢ ᠵᠠᠯᠠᠵᠤ᠂ ᠨᠤᠮ ᠳᠠᠷᠠᠨᠢ ᠣᠩᠰᠢᠭᠤᠯᠤᠨ ᠪᠣᠷᠬᠠᠨ ᠳᠡᠭ᠍ᠷᠢ ᠡᠴᠡ ᠬᠤᠷ᠎ᠠ ᠪᠣᠷᠤᠭ᠎ᠠ ᠭᠤᠶ‍ᠤᠨ᠎ᠠ᠃

ᠡᠭᠡ ᠪᠠᠢ᠌ᠭᠠᠯᠢ ᠪᠠᠨ ᠠᠮᠢ ᠭᠤᠤᠯ ᠲᠡᠶ ᠪᠠᠨ ᠬᠤᠯᠪᠤᠨ ᠪᠣᠳᠤᠳᠠᠭ ᠨᠤᠳᠤᠭ ᠤᠨ ᠪᠣᠭᠤᠷᠤᠯᠴᠤᠤᠯ ᠤᠨ ᠢᠢᠮᠦᠷᠭᠦ ᠰᠢᠳᠦᠭᠡᠨ ᠳᠠᠭᠠᠤᠠᠬᠠᠯ ᠤᠨ ᠵᠠᠩ ᠣᠢ᠌ᠯᠠ ᠨᠢ ᠭᠡᠳᠥᠢ᠌ᠪᠠᠷ ᠱᠠᠰᠢᠨ ᠰᠢᠳᠦᠯᠭᠡ ᠶᠢᠨ ᠥᠩᠭᠡ ᠣᠴᠠᠯᠢᠭ ᠲᠡᠶ ᠪᠣᠯᠪᠠᠴᠤ ᠨᠤᠳᠤᠭ ᠤᠨ ᠪᠣᠭᠤᠷᠤᠯᠴᠤᠤᠯ ᠤᠨ ᠡᠭᠡ ᠪᠠᠢ᠌ᠭᠠᠯᠢ ᠳᠤ ᠪᠠᠨ ᠡᠷᠭᠦᠭ᠍ᠰᠡᠨ ᠥᠭ᠍‍ᠭᠢᠶ‍ᠡᠮᠦᠷ ᠴᠠᠢ᠌ᠯᠭᠠᠨ ᠰᠠᠤᠠᠭᠢᠯ ᠪᠣᠯᠵᠤ ᠳᠠᠭᠠᠷᠠᠨ᠎ᠠ᠃

ᠵᠤᠭᠢᠶ‍ᠠᠭᠴᠢ ᠶᠢᠨ ᠬᠠᠶ‍ᠢᠭ ᠄ ᠭᠦᠭᠡᠨᠠᠭᠤᠷ ᠮᠤᠵᠢ ᠶᠢᠨ ᠳᠡᠯᠡᠭᠡᠢ ᠬᠤᠳᠠ ᠶᠢᠨ ᠮᠤᠩᠭ᠋ᠤᠯ ᠰᠤᠷᠭᠠᠭᠤᠯᠢ

ᠵᠤᠬᠢᠶᠠᠭᠴᠢ᠄ ᠸ·ᠥᠯᠵᠡᠢ
ᠬᠠᠷᠢᠶ᠎ᠠ᠄ ᠵᠠᠩ ᠤᠢ᠌ᠯᠠ
ᠳᠠᠷᠤᠮ᠄ 5079
ᠴᠠᠭ᠄ 2011 ᠤᠨ ᠤ 11 ᠰᠠᠷ᠎ᠠ ᠶᠢᠨ 17