ᠵᠡᠷᠭᠡᠯᠡᠳᠡᠭᠡ ᠠᠢ᠌ᠯ ᠤᠨ ᠭᠡᠦᠭᠡᠨ

ᠦᠷᠯᠦᠭᠡ ᠪᠦᠷᠢ ᠡᠭᠦᠳᠡᠨ ᠡᠮᠦᠨᠡᠭᠦᠷ ᠭᠠᠷᠳᠠᠭ ᠪᠠᠢ᠌ᠯ᠎ᠠ᠂

ᠦᠨᠳᠦᠷ ᠭᠡᠵᠢᠭᠡ ᠴᠢᠨᠢ ᠣᠷᠢᠬᠠᠨ ᠰᠠᠯᠭᠢᠨ ᠳᠤ ᠨᠠᠮᠢᠷᠠᠳᠠᠭ ᠪᠠᠢ᠌ᠯ᠎ᠠ᠂

ᠥᠵᠡᠭᠡᠳ ᠠᠪᠣᠶ᠎ᠠ ᠭᠡᠵᠤ ᠬᠤᠯᠠᠭᠠᠢ ᠨᠢᠳᠤ ᠪᠠᠷ ᠰᠢᠷᠪᠢᠳᠡᠭ᠌ ᠪᠠᠢ᠌ᠯ᠎ᠠ᠂

ᠡᠷᠭᠢᠭᠡᠳ ᠬᠠᠷᠠᠬᠤ ᠳᠤ ᠬᠠᠷᠠᠴᠠ ᠳᠠᠯᠳᠢᠷᠠᠨ ᠢᠴᠢᠳᠡᠭ᠌ ᠪᠠᠢ᠌ᠯ᠎ᠠ᠃

《ᠠᠬ᠎ᠠ》 ᠭᠡᠳᠡᠭ᠌ ᠡᠶᠡᠯᠳᠡᠭ᠌ ᠥᠭᠡᠨ ᠳᠤ ᠴᠢᠨᠢ ᠰᠤᠭᠳᠤᠭᠤᠷᠠᠳᠠᠭ ᠪᠠᠢ᠌ᠯ᠎ᠠ᠂

ᠠᠮᠳᠠᠳᠤ ᠵᠡᠭᠦᠳᠤᠨ ᠳᠤ ᠰᠠᠢ᠌ᠬᠠᠨ ᠵᠢᠰᠤ ᠴᠢᠨᠢ ᠢᠯᠡᠷᠡᠳᠡᠭ᠌ ᠪᠠᠢ᠌ᠯ᠎ᠠ᠂

《ᠠᠩᠭ᠎ᠠ》 ᠭᠡᠵᠤ ᠬᠠᠷᠢᠭᠤ ᠭᠡᠯᠡᠭᠦ ᠳᠤ ᠪᠠᠨ ᠳᠤᠭᠳᠤᠯᠳᠠᠭ ᠪᠠᠢ᠌ᠯ᠎ᠠ᠂

ᠠᠷᠪᠠᠨ ᠣᠨ ᠳᠤ ᠭᠤᠶᠤ ᠳᠦᠷᠭᠦ ᠴᠢᠨᠢ ᠮᠥᠩᠭᠡᠷᠡᠳᠡᠭ᠌ ᠪᠠᠢ᠌ᠯ᠎ᠠ᠃


ᠵᠤᠬᠢᠶᠠᠭᠴᠢ ᠶᠢᠨ ᠬᠠᠶ‍ᠢᠭ᠄ ᠭᠦᠷᠢᠶ᠎ᠡ ᠬᠤᠰᠢᠭᠤ ᠪᠠᠶᠠᠠᠬᠤᠧᠨ ᠰᠤᠮᠤ ᠭᠦᠡᠳᠦᠢ ᠭᠠᠴᠠᠭ᠎ᠠ 3 ᠳ᠋ᠤᠭᠠᠷ ᠳᠤᠭᠣᠢ᠌ᠯᠠᠩ

ᠵᠤᠬᠢᠶᠠᠭᠴᠢ᠄ ᠪᠦᠷᠢᠡᠪᠠᠶᠡᠷ
ᠬᠠᠷᠢᠶ᠎ᠠ᠄ ᠰᠢᠯᠦᠭ
ᠳᠠᠷᠤᠮ᠄ 1814
ᠴᠠᠭ᠄ 2010 ᠤᠨ ᠤ 06 ᠰᠠᠷ᠎ᠠ ᠶᠢᠨ 25