ᠮᠠᠯ ᠳᠦᠭᠦᠭᠡᠷᠴᠤ ᠪᠠᠵᠠᠭᠠᠬᠤ ᠳᠤᠬᠠᠢ ᠣᠴᠢᠷᠯᠠᠬᠤᠢ

ᠮᠠᠯ ᠳᠦᠭᠦᠭᠡᠷᠴᠤ ᠪᠠᠵᠠᠭᠠᠬᠤ ᠭᠡᠵᠤ ᠬᠤᠨᠢ (ᠢᠮᠠᠭ᠎ᠠ) ᠮᠠᠯ (ᠥᠭᠡᠷ᠂ ᠮᠤᠷᠢ᠂ ᠳᠡᠮᠡᠭᠡ) ᠠᠯᠠᠵᠤ ᠳᠦᠭᠦᠭᠡᠷᠴᠤ ᠮᠢᠬ᠎ᠠ ᠱᠦᠯᠦ ᠭᠠᠷᠭᠠᠬᠤ (ᠢᠳᠡᠭᠦ) ᠶ᠋ᠢ ᠭᠡᠯᠡᠳᠡᠭ᠌᠃ ᠮᠤᠩᠭ᠋ᠤᠯᠴᠤᠳ ᠮᠠᠯ ᠠᠯᠠᠵᠤ ᠳᠦᠭᠦᠭᠡᠷᠭᠦ ᠶᠢ ᠰᠢᠭᠤᠳ ᠬᠤᠨᠢ ᠠᠯᠠᠨ᠎ᠠ᠂ ᠥᠭᠡᠷ ᠠᠯᠠᠨ᠎ᠠ ᠭᠡᠵᠤ ᠭᠡᠯᠡᠳᠡᠭ᠌ ᠦᠭᠡᠶ᠃ ᠬᠤᠨᠢ ᠳᠦᠭᠦᠭᠡᠷᠭᠦ᠂ ᠥᠭᠡᠷ ᠳᠦᠭᠦᠭᠡᠷᠭᠦ᠂ ᠱᠦᠯᠦ ᠭᠠᠷᠭᠠᠬᠤ᠂ ᠱᠦᠯᠦ ᠣᠤᠭᠤᠬᠤ᠂ ᠰᠢᠨ᠎ᠡ ᠱᠦᠯᠦ ᠭᠠᠷᠭᠠᠬᠤ᠂ ᠢᠳᠠᠰᠢ ᠪᠠᠵᠠᠭᠠᠬᠤ᠂ ᠢᠳᠠᠰᠢ ᠪᠡᠯᠡᠳᠭᠡᠭᠦ᠂ ᠣᠭᠤᠴᠠ ᠭᠠᠷᠭᠠᠬᠤ᠂ ᠰᠢᠭᠦᠰᠤ ᠭᠠᠷᠭᠠᠬᠤ᠂ ᠮᠠᠯ ᠭᠠᠷᠭᠠᠬᠤ ᠭᠡᠭᠦ ᠪᠣᠶᠤ ᠪᠣᠰᠤᠳ ᠥᠭᠡ ᠲᠡᠶ ᠬᠤᠯᠪᠣᠵᠤ 《ᠬᠤᠨᠢ ᠮᠠᠯ ᠠᠯᠠᠵᠤ ᠳᠦᠭᠦᠭᠡᠷᠭᠦ᠂ ᠬᠤᠨᠢ ᠮᠠᠯ ᠳᠦᠭᠦᠭᠡᠷᠴᠤ ᠪᠠᠵᠠᠭᠠᠬᠤ》᠁ ᠭᠡᠭᠦ ᠵᠡᠷᠭᠡ ᠪᠠᠷ ᠣᠯᠠᠨ ᠶᠠᠩᠵᠤ ᠪᠠᠷ ᠭᠡᠯᠡᠳᠡᠭ᠌᠃ ᠠᠯᠠᠵᠤ ᠭᠡᠰᠡᠨ ᠥᠭᠡ ᠶᠢ ᠳᠠᠩ ᠶᠢᠡᠷ ᠨᠢ ᠭᠡᠯᠡᠭᠦ ᠪᠣᠶᠤ ᠥᠩᠭᠡᠷᠡᠤ ᠳᠤᠪᠣᠢ᠌ᠯᠭᠠᠵᠤ ᠢᠯᠡᠷᠡᠭᠦᠯᠭᠦ ᠶᠢ ᠣᠠᠴᠠᠯᠠᠨ ᠴᠡᠭᠡᠷᠯᠡᠳᠡᠭ᠌᠃ ᠪᠣᠯᠬᠤ ᠨᠥᠭᠦᠴᠡᠯ ᠳᠤᠤᠷ᠎ᠠ ᠪᠣᠰᠤᠳ ᠭᠦᠡᠳᠦᠯᠡᠪᠦᠷᠢ᠂ ᠴᠡᠭᠡᠷᠯᠡᠪᠦᠷᠢ ᠥᠭᠡ ᠪᠠᠷ ᠨᠢ ᠣᠷᠤᠯᠠᠭᠤᠯᠤᠨ ᠭᠡᠯᠡᠭᠦ ᠪᠣᠶᠤ ᠤᠳᠬ᠎ᠠ ᠶᠢ ᠨᠢ ᠣᠯᠠᠷᠢᠯᠠᠭᠤᠯᠵᠤ ᠨᠠᠮᠬᠠᠷᠠᠭᠤᠯᠤᠨ ᠴᠡᠭᠡᠷᠯᠡᠨ ᠢᠯᠡᠳᠭᠡᠭᠦ ᠶᠢ ᠭᠢᠴᠢᠶᠡᠳᠡᠭ᠌᠃ ᠰᠢᠭᠤᠳ ᠠᠯᠠᠵᠤ ᠭᠡᠵᠤ ᠭᠡᠯᠡᠪᠠᠯ᠂ ᠤᠳᠬ᠎ᠠ ᠨᠢ ᠳᠡᠩᠳᠡᠭᠦᠤ ᠥᠭᠡᠷᠡᠳᠡᠵᠤ ᠊᠊᠊᠊᠊᠊᠊᠊᠊᠊᠊᠊᠊᠊᠊ ᠭᠦᠡᠳᠦᠳᠴᠤ᠂ 《ᠢᠳᠠᠨ᠎ᠠ᠂ ᠵᠠᠷᠤᠨ᠎ᠠ》 ᠭᠡᠵᠤ ᠪᠠᠢ᠌ᠭ᠎ᠠ ᠪᠢᠰᠢ᠂ ᠠᠯᠠᠵᠤ ᠬᠤᠤᠷᠯᠠᠵᠤ ᠪᠣᠶᠤ ᠬᠤᠷᠤᠭᠠᠵᠤ ᠭᠦᠨᠦᠭᠡᠵᠤ ᠪᠠᠢ᠌ᠭ᠎ᠠ ᠭᠡᠰᠡᠨ ᠰᠢᠤ ᠳᠦᠷᠦᠭ᠍ᠳᠡᠯ ᠥᠭ᠍ᠳᠡᠭ᠌᠃

ᠮᠠᠯ ᠳᠦᠭᠦᠭᠡᠷᠴᠤ ᠪᠠᠵᠠᠭᠠᠬᠤ ᠪᠣᠯ ᠨᠢᠭᠡᠨ ᠳᠦᠷᠤᠯ ᠤᠨ ᠨᠠᠷᠢᠯᠢᠭ ᠠᠵᠢᠯ᠂ ᠮᠡᠷᠭᠡᠵᠢᠯ ᠤᠨ ᠠᠵᠢᠯ ᠪᠣᠯᠬᠤ ᠶᠤᠮ᠃ ᠵᠠᠷᠢᠮ ᠭᠦᠮᠤᠨ ᠬᠤᠨᠢ ᠮᠠᠯ ᠳᠦᠭᠦᠭᠡᠷᠴᠤ ᠪᠠᠵᠠᠭᠠᠬᠤ ᠳᠠᠭᠠᠨ ᠳᠤᠩ ᠱᠠᠯᠠᠮᠠᠭᠠᠢ᠂ ᠳᠦᠷᠭᠡᠨ ᠪᠠᠢ᠌ᠳᠠᠭ᠃ ᠳᠠᠮᠠᠢ ᠴᠠᠭ᠂ ᠭᠦᠴᠤ ᠭᠡᠷᠡᠭ᠍ᠰᠡᠭᠦ ᠦᠭᠡᠶ ᠪᠠᠷ ᠳᠤᠤᠷ᠎ᠠ ᠪᠠᠨ ᠳᠦᠭᠦᠭᠡᠷᠴᠤ ᠪᠠᠵᠠᠭᠠᠭᠠᠤᠨ ᠪᠠᠷᠠᠭᠠᠴᠢᠬᠠᠳᠠᠭ᠃ ᠵᠠᠷᠢᠮ ᠭᠦᠮᠤᠨ ᠮᠡᠷᠭᠡᠵᠢᠯ ᠠᠨᠠᠢ ᠶᠢᠨ ᠭᠢ ᠶᠤᠮ ᠦᠦ᠂ ᠭᠦᠳᠡᠯᠵᠤ ᠪᠠᠷᠢᠬᠤ ᠭᠦᠳᠡᠭ᠌᠂ ᠣᠳᠠᠭᠠᠨ ᠤ ᠭᠢ ᠶᠤᠮ ᠦᠦ᠂ ᠪᠣᠤ ᠮᠠᠳᠠ᠂ ᠨᠢᠭᠡ ᠬᠤᠨᠢ (ᠢᠮᠠᠭ᠎ᠠ) ᠶ᠋ᠢ ᠳᠦᠭᠦᠭᠡᠷᠴᠤ ᠪᠠᠵᠠᠭᠠᠵᠤ ᠪᠠᠷᠠᠳᠠᠯ᠎ᠠ ᠪᠠᠨ ᠳᠤᠩ ᠣᠳᠠᠳᠠᠭ᠂ ᠳᠤᠩ ᠭᠦᠴᠢᠷᠳᠡᠳᠡᠭ᠌᠂ ᠳᠡᠪᠠᠳᠡᠳᠡᠭ᠌᠃

ᠮᠠᠨ ᠤ ᠭᠢᠨ (ᠣᠯᠠᠩᠭᠢ ᠮᠤᠩᠭ᠋ᠤᠯᠴᠤᠳ)᠂ ᠡᠪᠦᠯ ᠤᠨ ᠢᠳᠠᠰᠢᠨ ᠤ ᠴᠠᠭ ᠢ ᠭᠠᠷᠭᠠᠪᠠᠯ᠂ ᠡᠩ ᠤᠨ ᠴᠠᠭ ᠲᠠᠭᠠᠨ ᠬᠤᠨᠢ᠂ ᠢᠮᠠᠭ᠎ᠠ ᠭᠤᠤᠯᠳᠠᠭᠤ ᠢᠳᠡᠳᠡᠭ᠌᠃ ᠥᠭᠡᠷ ᠳᠠᠮᠠᠢ ᠢᠳᠡᠳᠡᠭ᠌ ᠦᠭᠡᠶ᠃ ᠦᠨᠡᠨ ᠢ ᠭᠡᠯᠡᠭᠦ ᠳᠤ᠂ ᠡᠳᠦᠷ ᠡᠳᠦᠷ ᠥᠭᠡᠷ ᠠᠯᠠᠵᠤ ᠳᠦᠭᠦᠭᠡᠷᠴᠤ ᠢᠳᠠᠨ᠎ᠠ ᠭᠡᠵᠤ ᠴᠤ ᠬᠠᠮᠢᠭ᠎ᠠ ᠪᠠᠢ᠌ᠬᠤᠪ ᠳ᠋ᠠ ⁈᠁

ᠮᠢᠨᠤ ᠨᠠᠭᠠᠴᠤ ᠰᠤᠮᠢᠶ᠎ᠠ᠂ ᠤᠢ᠌ᠷᠤᠪ ᠪᠣᠯᠤᠨ ᠵᠢᠭᠡ ᠠᠬ᠎ᠠ ᠱᠤᠭᠠᠷ᠎ᠠ᠂ ᠢᠳᠠᠮ ᠨᠡᠷ ᠬᠤᠨᠢ᠂ ᠢᠮᠠᠭ᠎ᠠ ᠳᠦᠭᠦᠭᠡᠷᠴᠤ ᠪᠠᠵᠠᠭᠠᠬᠤ ᠳᠠᠭᠠᠨ ᠶᠡᠭᠡᠳᠡ ᠳᠠᠳᠮᠠᠭᠠᠢ᠂ ᠳᠦᠷᠭᠡᠨ᠂ ᠪᠣᠯᠪᠠᠰᠤᠷᠠᠩᠭ᠋ᠤᠢ ᠪᠠᠢ᠌ᠳᠠᠭ᠃ ᠨᠢᠭᠡ ᠬᠤᠨᠢ ᠢᠮᠠᠭ᠎ᠠ ᠶᠢ ᠭᠤᠤᠯ (ᠠᠮᠢ) ᠊ᠢ ᠨᠢ ᠳᠠᠰᠤᠯᠵᠤ᠂ ᠦᠪᠴᠢᠵᠤ ᠬᠠᠭᠤᠯᠠᠵᠤ ᠡᠪᠳᠡᠵᠤ ᠰᠠᠯᠭᠠᠵᠤ ᠠᠵᠢᠯᠯᠠᠵᠤ ᠪᠠᠷᠠᠳᠠᠯ᠎ᠠ ᠪᠠᠨ ᠪᠠᠷᠤᠭ ᠠᠷᠪᠠᠨ ᠳᠠᠪᠣ ᠵᠢᠷᠭᠤᠭᠠᠨ ᠮᠢᠨᠦ᠋ᠲ᠋ ᠪᠣᠶᠤ ᠬᠤᠷᠢ ᠣᠷᠴᠢᠮ ᠮᠢᠨᠦ᠋ᠲ᠋ ᠯᠠ ᠭᠡᠷᠡᠭ᠍ᠰᠡᠳᠡᠭ᠌᠃ ᠪᠢ ᠳᠠᠳᠠᠨᠤᠰ ᠤᠨ ᠬᠤᠨᠢ ᠢᠮᠠᠭ᠎ᠠ ᠶᠢ ᠢᠩᠭᠢᠵᠤ ᠬᠤᠷᠳᠤᠨ ᠳᠦᠭᠦᠭᠡᠷᠴᠤ ᠪᠠᠵᠠᠭᠠᠬᠤ ᠶᠢ ᠥᠵᠡᠭᠡᠳ ᠳᠤᠩ ᠪᠠᠬᠠᠷᠬᠠᠳᠠᠭ ᠪᠠᠢ᠌ᠭᠰᠠᠨ᠂᠃ ᠪᠢ ᠠᠯᠢ ᠨᠢᠭᠡ ᠦᠶ᠎ᠡ ᠳᠤ᠂ ᠡᠳᠡᠨᠡᠷ ᠠᠳᠠᠯᠢ ᠬᠤᠨᠢ ᠮᠠᠯ ᠢ ᠢᠩᠭᠢᠵᠤ ᠬᠤᠷᠳᠤᠨ ᠳᠦᠷᠭᠡᠨ ᠳᠦᠭᠦᠭᠡᠷᠴᠤ ᠪᠠᠵᠠᠭᠠᠴᠢᠬᠠᠳᠠᠭ ᠪᠣᠯ ︖ ᠳᠠᠢ᠌ᠮᠤ ᠪᠣᠯ ᠭᠡᠳᠦᠢ ᠰᠠᠢ᠌ᠬᠠᠨ ᠪᠣᠢ ᠭᠡᠵᠤ ᠪᠣᠳᠤᠳᠠᠭ ᠱᠤᠬᠤᠭᠤᠷᠬᠠᠳᠠᠭ ᠴᠤ ᠪᠠᠢ᠌ᠭᠰᠠᠨ᠃ ᠣᠳᠤ ᠡᠳᠡᠨᠡᠷ ᠮᠢᠨᠢ ᠵᠠᠷᠢᠮ ᠨᠢ ᠨᠢᠭᠡᠨᠲᠡ ᠪᠣᠷᠬᠠᠨ ᠪᠣᠯᠤᠭᠰᠠᠨ ᠪᠣᠶᠤ ᠠᠮᠢᠳᠤ ᠪᠠᠢ᠌ᠭ᠎ᠠ ᠨᠢᠭᠡ ᠨᠢ ᠴᠤ ᠨᠠᠰᠤ ᠦᠨᠳᠦᠷ ᠨᠢᠳᠤ ᠴᠢᠭᠢ ᠮᠠᠭᠤᠳᠠᠴᠢᠬᠠᠵᠠᠢ᠃ ᠬᠤᠨᠢ ᠮᠠᠯ ᠳᠠᠢ᠌ᠮᠤ ᠳᠦᠭᠦᠭᠡᠷᠴᠤ ᠪᠠᠵᠠᠭᠠᠵᠤ ᠳᠡᠢ᠌ᠯᠭᠦ ᠪᠠᠨ ᠪᠠᠢ᠌ᠴᠢᠬᠠᠵᠠᠢ᠃ ᠣᠳᠤ ᠳᠠᠳᠠᠨᠠᠷ ᠠᠳᠠᠯᠢ ᠬᠤᠨᠢ ᠮᠠᠯ ᠳᠦᠭᠦᠭᠡᠷᠴᠤ ᠪᠠᠵᠠᠭᠠᠬᠤ ᠳᠤ ᠳᠠᠢ᠌ᠮᠤ ᠳᠠᠳᠮᠠᠭᠠᠢ᠂ ᠪᠣᠯᠪᠠᠰᠤᠷᠠᠩᠭ᠋ᠤᠢ ᠭᠦᠮᠤᠨ ᠮᠠᠨ ᠤ ᠭᠢᠨ ᠳᠤ ᠳᠠᠮᠠᠢ ᠦᠭᠡᠶ ᠪᠣᠶᠤ ᠶᠠᠭ ᠦᠭᠡᠶ ᠪᠣᠯᠴᠢᠬᠠᠵᠠᠢ᠃᠂᠂᠂᠂

ᠪᠢ ᠪᠠᠭ᠎ᠠ ᠳᠠᠭᠠᠨ (ᠠᠷᠪᠠᠨ ᠳᠠᠪᠣ ᠵᠢᠷᠭᠤᠭᠠᠨ ᠨᠠᠰᠤ ᠲᠡᠶ ᠪᠠᠢ᠌ᠬᠤ ᠳᠠᠭᠠᠨ)᠂ ᠬᠤᠨᠢ ᠳᠦᠭᠦᠭᠡᠷᠴᠤ ᠪᠠᠵᠠᠭᠠᠬᠤ ᠮᠠᠰᠢ ᠳᠤᠷᠠᠳᠠᠢ᠂ ᠪᠠᠰᠠ ᠨᠠᠯᠢᠶᠠᠤᠨ ᠳᠦᠷᠭᠡᠨ ᠳᠦᠭᠦᠭᠡᠷᠴᠤ ᠪᠠᠵᠠᠭᠠᠳᠠᠭ ᠪᠠᠢ᠌ᠭᠰᠠᠨ᠃ ᠰᠡᠭᠦᠯᠡᠷ ᠨᠢ ᠪᠢ ᠰᠤᠷᠭᠠᠭᠤᠯᠢ ᠰᠤᠶᠤᠯ ᠤᠨ ᠮᠦᠷ ᠭᠦᠭᠡᠭᠡᠵᠤ ᠠᠵᠢᠯ ᠠᠯᠪᠠᠨ ᠳᠤ ᠭᠠᠷᠴᠤ ᠬᠤᠳᠠ ᠭᠠᠵᠠᠷ ᠠᠮᠢᠳᠤᠷᠠᠵᠤ ᠣᠷᠤᠩᠨᠠᠵᠤ ᠭᠦᠳᠡᠭᠡ ᠨᠤᠳᠤᠭ ᠡᠴᠡ ᠪᠠᠨ ᠳᠡᠩᠳᠡᠭᠦᠤ ᠰᠠᠯᠵᠤ ᠵᠠᠢ᠌ᠳᠠᠵᠤ ᠣᠳᠠᠭᠰᠠᠨ ᠡᠴᠡ᠂ ᠣᠳᠤ ᠬᠤᠨᠢ ᠳᠦᠭᠦᠭᠡᠷᠭᠦ ᠪᠠᠢ᠌ᠳᠤᠭᠠᠢ ᠳᠦᠭᠦᠭᠡᠷᠦᠭ᠍ᠰᠡᠨ ᠬᠤᠨᠢ ᠶᠢ ᠵᠥᠭ᠍ᠳᠡᠢ ᠠᠵᠢᠯᠯᠠᠵᠤ ᠪᠠᠵᠠᠭᠠᠵᠤ ᠡᠪᠳᠡᠵᠤ ᠰᠠᠯᠭᠠᠵᠤ ᠴᠢᠳᠠᠬᠤ ᠦᠭᠡᠶ ᠭᠡᠮᠡᠷ ᠪᠣᠯᠴᠢᠬᠠᠵᠠᠢ᠃ ᠨᠢᠭᠡ ᠪᠣᠳᠤᠪᠠᠯ᠂ ᠢᠴᠢᠮᠠᠷ ᠶᠤᠮ᠂ ᠭᠤᠳᠤᠮᠠᠷ ᠶᠤᠮ᠁

ᠪᠢᠳᠠᠨ ᠢ ᠪᠠᠭ᠎ᠠ ᠳᠤ᠂ ᠮᠠᠨ ᠤ ᠭᠢᠨ ᠡᠪᠦᠯ ᠤᠨ ᠢᠳᠠᠰᠢᠨ ᠳᠡᠭᠡᠨ᠂ ᠠᠯᠢ ᠨᠢᠭᠡ ᠠᠢ᠌ᠯ (ᠭᠡᠷ) ᠨᠢ ᠪᠣᠯᠤᠭᠰᠠᠨ ᠴᠤ᠂ ᠠᠷᠪᠠ ᠬᠤᠷᠢᠨ ᠬᠤᠨᠢ᠂ ᠨᠢᠭᠡ ᠥᠭᠡᠷ ᠲᠡᠶ ᠳᠦᠭᠦᠭᠡᠷᠴᠤ ᠪᠠᠵᠠᠭᠠᠵᠤ᠂ ᠪᠦᠭᠡᠮ ᠭᠦᠯ ᠪᠣᠯᠳᠠᠭ᠃ ᠠᠯᠢ ᠨᠢᠭᠡ ᠭᠡᠷ (ᠠᠢ᠌ᠯ) ᠊ᠤᠨ ᠭᠢᠨ ᠢᠳᠠᠰᠢ ᠢᠳᠡᠭᠦ ᠪᠣᠯᠪᠠᠯ᠂ ᠠᠢ᠌ᠯ ᠠᠢ᠌ᠮᠠᠭ ᠤᠨ ᠭᠢᠨ ᠪᠦᠷ ᠭᠦᠷᠦᠯᠴᠡᠨ ᠢᠷᠠᠵᠤ ᠬᠠᠪᠰᠤᠷᠴᠤ ᠥᠭ᠍ᠳᠡᠭ᠌᠃ ᠦᠭᠡᠶ ᠪᠣᠯ ᠥᠪᠠᠷᠳᠡᠭᠡᠨ ᠳᠠᠢ᠌ᠮᠤ ᠣᠯᠠᠨ ᠬᠤᠨᠢ ᠮᠠᠯ ᠢ ᠳᠦᠭᠦᠭᠡᠷᠴᠤ ᠪᠠᠵᠠᠭᠠᠬᠤ ᠳᠤ ᠭᠦᠴᠢᠷᠳᠡᠳᠡᠭ᠌᠃ ᠪᠠᠰᠠ ᠵᠠᠷᠢᠮ ᠠᠢ᠌ᠯ ᠨᠢ ᠢᠳᠠᠰᠢ ᠢᠳᠡᠭᠦ ᠪᠣᠯᠪᠠᠯ᠂ 《ᠮᠠᠨ ᠤ ᠭᠢ ᠠᠯᠢ ᠠᠯᠢ ᠡᠳᠦᠷ ᠢᠳᠠᠰᠢ ᠢᠳᠠᠨ᠎ᠠ᠂ ᠳᠠᠨᠠᠷ ᠢᠷᠠᠵᠤ ᠬᠠᠪᠰᠤᠷᠴᠤ ᠦᠭ‍ᠭᠦ ᠪᠣᠯᠪᠠ ᠦᠦ》 ᠭᠡᠵᠤ ᠠᠢ᠌ᠯ ᠠᠢ᠌ᠮᠠᠭ ᠤᠨ ᠭᠢᠨ ᠳᠠᠭᠠᠨ ᠭᠡᠯᠡ ᠥᠭ᠍ᠴᠤ ᠵᠠᠯᠠᠯᠭ᠎ᠠ ᠳᠠᠯᠪᠢᠳᠠᠭ᠃ ᠢᠩᠭᠢᠪᠠᠯ ᠣᠯᠠᠨ ᠶᠢᠡᠷ ᠶᠢᠡᠨ ᠪᠦᠷ ᠳᠠᠷᠣᠢ᠌ᠬᠠᠨ ᠭᠦᠷᠦᠯᠴᠡᠨ ᠢᠷᠡᠳᠡᠭ᠌᠃ ᠵᠠᠯᠠᠯᠭ᠎ᠠ ᠡᠰᠡ ᠳᠠᠯᠪᠢᠭᠰᠠᠨ ᠴᠤ᠂ 《ᠭᠡᠨ ᠭᠡᠨ ᠤ ᠭᠢ ᠦᠨᠦᠳᠤᠷ ᠬᠤᠨᠢ ᠳᠦᠭᠦᠭᠡᠷᠴᠤ ᠢᠳᠠᠰᠢ ᠪᠠᠨ ᠢᠳᠠᠵᠤ ᠪᠠᠢ᠌ᠬᠤ ᠶᠠᠩᠵᠤ ᠲᠡᠶ᠂ ᠣᠴᠢᠵᠤ ᠬᠠᠪᠰᠤᠷᠴᠤ ᠦᠭ‍ᠭᠦᠶ᠎ᠡ》 ᠭᠡᠳ ᠭᠦᠷᠦᠭᠡᠳ ᠴᠤ ᠢᠷᠡᠳᠡᠭ᠌᠃ ᠠᠢ᠌ᠯ ᠢᠳᠠᠰᠢ ᠢᠳᠠᠵᠤ ᠪᠠᠢ᠌ᠬᠤ ᠳᠤ᠂ ᠭᠦᠮᠤᠨ ᠬᠠᠪᠰᠤᠷᠴᠤ ᠦᠭ‍ᠭᠦ ᠪᠠᠷ ᠢᠷᠠᠪᠠᠯ᠂ ᠳᠠᠷᠠ ᠠᠢ᠌ᠯ ᠨᠢ ᠮᠠᠰᠢᠳᠠ ᠪᠠᠶᠠᠷᠬᠠᠳᠠᠭ᠃

ᠮᠠᠨ ᠤ ᠨᠤᠳᠤᠭ ᠤᠨ ᠭᠢᠨ (ᠦᠨᠡᠨ ᠳᠡᠭᠡᠨ ᠪᠦᠭᠦᠳᠡ ᠮᠤᠩᠭ᠋ᠤᠯᠴᠤᠳ)᠂ ᠬᠤᠨᠢ ᠮᠠᠯ (ᠥᠭᠡᠷ ᠴᠤ ᠪᠠᠭᠳᠠᠨ᠎ᠠ) ᠊ᠢ ᠶᠠᠷᠤ ᠨᠢ ᠦᠷᠤᠴᠡᠯᠠᠵᠤ ᠠᠯᠠᠳᠠᠭ᠃ ᠭᠦᠵᠦᠭᠦᠤ ᠪᠠᠭᠠᠯᠵᠤᠤᠷ ᠢ ᠨᠢ ᠣᠭᠳᠤᠯᠠᠬᠤ ᠪᠣᠶᠤ ᠰᠢᠯᠢ ᠣᠷᠤᠭᠤ ᠨᠢ ᠰᠢᠭᠠᠵᠤ ᠊᠊᠊᠊᠊᠊᠊᠊᠊᠊᠊᠊᠊᠊᠊ ᠭᠢᠳᠤᠭᠠᠯᠠᠵᠤ᠂ ᠰᠢᠯᠢᠳᠠᠵᠤ᠂ ᠨᠤᠭᠤᠰᠤᠯᠠᠵᠤ ᠶᠠᠷᠤ ᠠᠯᠠᠳᠠᠭ ᠦᠭᠡᠶ᠃ ᠢᠩᠭᠢᠵᠤ ᠠᠯᠠᠵᠤ ᠨᠢᠳᠤᠯᠬᠤ ᠶᠢ ᠳᠤᠩ ᠵᠢᠭ᠍ᠰᠢᠳᠡᠭ᠌᠃ ᠵᠢᠭ᠍ᠰᠢᠭᠦᠷᠢᠳᠡᠢ ᠠᠯᠠᠯᠭ᠎ᠠ ᠨᠢᠳᠤᠯᠯᠠᠭ᠎ᠠ ᠭᠡᠵᠤ ᠥᠵᠡᠳᠡᠭ᠌᠃

ᠮᠠᠯ ᠳᠦᠭᠦᠭᠡᠷᠴᠤ ᠪᠠᠵᠠᠭᠠᠬᠤ ᠳᠤ᠂ ᠭᠤᠤᠯ ᠨᠢ ᠠᠮᠢ (ᠭᠤᠤᠯ) ᠶ᠋ᠢ ᠨᠢ ᠳᠠᠰᠤᠯᠠᠬᠤ᠂ ᠠᠮᠢ ᠶᠢ ᠨᠢ ᠳᠠᠰᠤᠯᠠᠵᠤ ᠪᠠᠷᠠᠪᠠᠯ (ᠠᠮᠢᠰᠬᠤᠭ᠎ᠠ ᠨᠢ ᠳᠠᠰᠤᠷᠠᠪᠠᠯ) ᠠᠷᠠᠰᠤ ᠶᠢ ᠨᠢ ᠢᠷᠠᠵᠤ ᠥᠪᠴᠢᠭᠦ᠂ ᠭᠡᠳᠡᠰᠤ ᠳᠤᠳᠤᠷ᠎ᠠ ᠶᠢ ᠨᠢ ᠠᠭᠤᠳᠠᠯᠠᠵᠤ ᠭᠠᠷᠭᠠᠬᠤ᠂ ᠴᠢᠰᠤ ᠥᠭᠡᠭᠦ ᠶᠢ ᠨᠢ ᠢᠯᠭᠠᠵᠤ ᠠᠷᠢᠯᠭᠠᠬᠤ᠂ ᠮᠢᠬ᠎ᠠ ᠶᠠᠰᠤ ᠶᠢ ᠨᠢ ᠡᠪᠳᠡᠵᠤ ᠰᠠᠯᠭᠠᠬᠤ ᠵᠡᠷᠭᠡ ᠦᠨᠳᠦᠰᠦᠨ ᠭᠡᠳᠤᠨ ᠶᠠᠪᠣᠴᠠ ᠪᠠᠷ ᠶᠠᠪᠣᠭᠳᠠᠳᠠᠭ᠃ ᠡᠳᠡᠭᠡᠷ ᠦᠨᠳᠦᠰᠦᠨ ᠭᠡᠳᠤᠨ ᠶᠠᠪᠣᠴᠠ ᠶᠢ ᠨᠢ ᠮᠡᠳᠡᠭ᠍ᠰᠡᠨ ᠭᠦᠮᠤᠨ ᠪᠣᠯ ᠬᠤᠨᠢ ᠮᠠᠯ ᠳᠦᠭᠦᠭᠡᠷᠴᠤ ᠪᠠᠵᠠᠭᠠᠵᠤ ᠡᠪᠳᠡᠵᠤ ᠰᠠᠯᠭᠠᠬᠤ ᠳᠤ ᠳᠤᠩ ᠳᠠᠳᠮᠠᠭᠠᠢ᠂ ᠪᠣᠯᠪᠠᠰᠤᠷᠠᠩᠭ᠋ᠤᠢ ᠪᠠᠢ᠌ᠳᠠᠭ᠃

ᠮᠠᠯ ᠳᠦᠭᠦᠭᠡᠷᠴᠤ ᠪᠠᠵᠠᠭᠠᠬᠤ ᠳᠤ᠂ ᠭᠡᠨ ᠪᠣᠯᠤᠭᠰᠠᠨ ᠴᠤ ᠭᠢᠳᠤᠭ᠎ᠠ ᠰᠢᠪᠦᠭᠡ ᠡᠷᠭᠢᠭᠦᠯᠤᠨ ᠬᠤᠨᠢ ᠮᠠᠯ ᠤᠨ ᠠᠮᠢ ᠶᠢ ᠳᠠᠰᠤᠯᠵᠤ ᠬᠤᠷᠤᠭᠠᠵᠤ ᠪᠣᠯᠳᠠᠭ ᠦᠭᠡᠶ᠃ ᠳᠦᠭᠦᠭᠡᠷᠴᠤ ᠪᠠᠵᠠᠭᠠᠵᠤ ᠪᠣᠯᠬᠤ ᠭᠦᠮᠤᠨ ᠪᠠ ᠪᠣᠯᠬᠤ ᠦᠭᠡᠶ ᠭᠦᠮᠤᠨ ᠭᠡᠵᠤ ᠪᠠᠢ᠌ᠳᠠᠭ᠃ ᠥᠩᠭᠡᠷᠡᠭ᠍ᠰᠡᠨ ᠳᠤ ᠶᠡᠭᠡᠰ ᠳᠡᠭᠡᠳᠦᠰ᠂ ᠬᠠᠭᠠᠳ ᠨᠤᠶᠠᠤᠨ᠂ ᠯᠠᠮᠠ ᠬᠤᠸᠠᠷᠠᠭ ᠭᠦᠮᠤᠨ ᠪᠠ ᠨᠠᠰᠤ ᠥᠳᠡᠯᠦᠭ᠍ᠰᠡᠨ ᠭᠦᠮᠤᠨ᠂ ᠨᠢᠯᠬ᠎ᠠ ᠪᠠᠭ᠎ᠠ ᠬᠡᠦᠬᠡᠳ᠂ ᠵᠢᠴᠢ ᠡᠮᠡᠭ᠍ᠳᠡᠢ ᠭᠦᠮᠤᠨ ᠬᠤᠨᠢ ᠮᠠᠯ ᠳᠦᠭᠦᠭᠡᠷᠴᠤ ᠪᠠᠵᠠᠭᠠᠬᠤ ᠶᠢ ᠴᠢᠩᠭ᠎ᠠ ᠬᠤᠷᠢᠭᠯᠠᠨ ᠴᠡᠭᠡᠷᠯᠡᠳᠡᠭ᠌᠃ ᠣᠠᠴᠠᠭᠠᠢ᠌ᠯᠠᠨ ᠡᠪᠡᠳᠴᠢᠨ ᠬᠠᠭᠤᠴᠢᠨ ᠲᠡᠶ ᠭᠦᠮᠤᠨ ᠪᠣᠶᠤ ᠮᠠᠯ ᠤᠨ ᠠᠮᠢ ᠶᠢ ᠬᠤᠷᠤᠭᠠᠬᠤ ᠶᠢ ᠴᠡᠭᠡᠷᠯᠡᠨ ᠬᠤᠷᠢᠭᠯᠠᠭᠰᠠᠨ ᠭᠦᠮᠦᠰ ᠬᠤᠨᠢ ᠮᠠᠯ ᠳᠦᠭᠦᠭᠡᠷᠴᠤ ᠪᠠᠵᠠᠭᠠᠬᠤ ᠶᠢ ᠴᠢᠩᠭ᠎ᠠ ᠡᠴᠡ ᠴᠢᠩᠭ᠎ᠠ ᠴᠡᠭᠡᠷᠯᠡᠨ ᠬᠤᠷᠢᠭᠯᠠᠳᠠᠭ᠃ ᠣᠴᠢᠷ ᠡᠢ᠌ᠮᠤ ᠡᠴᠡ ᠵᠠᠷᠢᠮ ᠦᠶ᠎ᠡ ᠳᠤ᠂ ᠵᠠᠷᠢᠮ ᠠᠢ᠌ᠯ ᠳᠤ ᠮᠠᠯ ᠳᠦᠭᠦᠭᠡᠷᠴᠤ ᠪᠠᠵᠠᠭᠠᠬᠤ ᠭᠦᠮᠤᠨ ᠦᠭᠡᠶ ᠪᠣᠯᠵᠤ᠂ ᠪᠣᠰᠤᠳ ᠢ ᠵᠠᠯᠠᠨ ᠳᠦᠭᠦᠭᠡᠷᠭᠦ ᠭᠡᠵᠤ ᠪᠠᠢ᠌ᠭ᠎ᠠ ᠮᠠᠯ ᠤᠨ ᠶᠢᠡᠨ ᠠᠮᠢ ᠶᠢ ᠳᠠᠰᠤᠯᠠᠭᠤᠯᠵᠤ᠂ ᠥᠭᠡᠷ᠎ᠡ ᠭᠦᠮᠤᠨ ᠢ ᠭᠤᠶᠤᠵᠤ ᠥᠪᠴᠢᠭᠦᠯᠵᠤ ᠰᠠᠯᠭᠠᠭᠤᠯᠳᠠᠭ᠃ ᠵᠠᠷᠢᠮ ᠳᠠᠭᠠᠨ ᠦᠪᠡᠷ ᠲᠡᠭᠡᠨ ᠦᠪᠴᠢᠵᠤ ᠰᠠᠯᠭᠠᠬᠤ ᠣᠴᠢᠷ ᠴᠤ ᠭᠠᠷᠳᠠᠭ᠃

ᠮᠤᠩᠭ᠋ᠤᠯᠴᠤᠳ ᠮᠠᠯ ᠳᠦᠭᠦᠭᠡᠷᠴᠤ ᠪᠠᠵᠠᠭᠠᠬᠤ ᠳᠤ᠂ ᠬᠤᠷᠳᠤᠨ᠂ ᠳᠦᠷᠭᠡᠨ ᠪᠠᠢ᠌ᠬᠤ ᠶᠢ ᠶᠡᠭᠡᠳᠡ ᠴᠢᠬᠤᠯᠠᠴᠢᠯᠠᠳᠠᠭ᠃ ᠳᠠᠷᠤᠢ ᠠᠮᠢ ᠶᠢ ᠨᠢ ᠳᠦᠷᠭᠡᠨ ᠳᠠᠰᠤᠯᠵᠤ᠂ ᠠᠷᠠᠰᠤ ᠭᠦᠷᠦᠰᠤ᠂ ᠭᠡᠳᠡᠰᠤ ᠳᠤᠳᠤᠷ᠂ ᠶᠠᠰᠤ ᠮᠢᠬ᠎ᠠ ᠶᠢ ᠨᠢ ᠳᠦᠷᠭᠡᠨ ᠡᠪᠳᠡᠵᠤ ᠰᠠᠯᠭᠠᠬᠤ᠃ ᠮᠠᠯ ᠤᠨ ᠠᠮᠢ ᠶᠢ ᠳᠠᠰᠤᠯᠬᠤ ᠳᠤ ᠳᠠᠩᠴᠢ ᠣᠳᠠᠪᠠᠯ᠂ ᠮᠠᠯ (ᠳᠦᠭᠦᠭᠡᠷᠦᠭ᠍ᠳᠡᠵᠤ ᠪᠠᠢ᠌ᠭ᠎ᠠ ᠮᠠᠯ) ᠵᠤᠪᠠᠨ᠎ᠠ᠂ ᠳᠦᠭᠦᠭᠡᠷᠴᠤ ᠪᠠᠢ᠌ᠭ᠎ᠠ ᠭᠦᠮᠤᠨ ᠳᠤ ᠭᠤᠮᠤᠳᠠᠨ᠎ᠠ ᠭᠡᠵᠤ ᠥᠵᠡᠳᠡᠭ᠌᠃ ᠠᠷᠠᠰᠤ ᠭᠦᠷᠦᠰᠤ᠂ ᠭᠡᠳᠡᠰᠤ ᠳᠤᠳᠤᠷ᠂ ᠶᠠᠰᠤ ᠮᠢᠬ᠎ᠠ ᠶᠢ ᠨᠢ ᠡᠪᠳᠡᠵᠤ ᠰᠠᠯᠭᠠᠬᠤ ᠳᠤ᠂ ᠥᠩᠭᠡᠷᠡᠤ ᠣᠳᠠᠪᠠᠯ᠂ ᠮᠢᠬᠠᠨ ᠤ ᠣᠤᠯ ᠦᠨᠦᠷ ᠠᠮᠳᠠ ᠨᠢ ᠠᠷᠢᠯᠵᠤ᠂ ᠠᠮᠳᠠ ᠰᠢᠮ᠎ᠠ ᠪᠠᠷ ᠠᠨᠠᠢ ᠪᠣᠯᠳᠠᠭ᠃

ᠳᠡᠭᠡᠷᠡᠭᠢ ᠪᠣᠯ ᠮᠠᠯ ᠳᠦᠭᠦᠭᠡᠷᠴᠤ ᠪᠠᠵᠠᠭᠠᠬᠤ ᠳᠤ᠂ ᠠᠩᠬᠠᠷᠬᠤ ᠵᠣᠢ᠌ᠯᠠᠰ᠃ ᠡᠭᠦᠨ ᠡᠴᠡ ᠠᠰᠳᠠᠭᠠᠨ ᠪᠠᠰᠠ ᠳᠤᠤᠷᠠᠭᠢ ᠮᠠᠳᠤ ᠠᠩᠬᠠᠷᠬᠤ ᠴᠢᠬᠤᠯᠠ ᠲᠡᠶ ᠵᠣᠢ᠌ᠯᠠᠰ ᠪᠣᠢ᠃ ᠳᠦᠭᠦᠭᠡᠷᠴᠤ ᠪᠠᠵᠠᠭᠠᠬᠤ ᠭᠠᠵᠠᠷ᠂ ᠣᠷᠴᠢᠨ ᠳᠤᠭᠤᠷᠢᠨ ᠠᠷᠢᠭᠤᠨ ᠴᠠᠪᠠᠷ ᠪᠠᠢ᠌ᠬᠤ ᠭᠡᠷᠡᠭ᠍ᠳᠡᠢ᠃ ᠪᠣᠵᠠᠷ ᠪᠣᠷᠳᠤᠭ᠂ ᠨᠣᠢ᠌ᠳᠠᠨ ᠴᠢᠭᠢᠭ᠌ ᠲᠡᠶ᠂ ᠬᠤᠭ ᠳᠤᠭᠤᠰᠤ᠂ ᠰᠢᠷᠤᠢ ᠰᠢᠪᠠᠷ ᠶᠡᠭᠡ ᠭᠠᠵᠠᠷ ᠪᠠᠢ᠌ᠵᠤ ᠪᠣᠯᠬᠤ ᠦᠭᠡᠶ᠃ ᠦᠪᠴᠢᠵᠤ ᠰᠠᠯᠭᠠᠬᠤ ᠳᠤ᠂ ᠦᠰᠦ ᠭᠢᠯᠭᠠᠰᠤ ᠨᠢ ᠨᠠᠭᠠᠯᠳᠤᠵᠤ ᠪᠠᠭᠠᠰᠤ ᠰᠢᠭᠡᠰᠤ ᠨᠢ ᠪᠢᠯᠳᠠᠵᠤ ᠪᠣᠵᠠᠷᠳᠠᠭᠤᠯᠬᠤ ᠡᠴᠡ ᠣᠠᠴᠠᠯᠠᠨ ᠭᠢᠴᠢᠶᠡᠭᠦ᠂ ᠰᠡᠷᠭᠡᠢ᠌ᠯᠡᠭᠦ ᠴᠢᠬᠤᠯᠳᠠᠢ᠃ ᠬᠠᠮᠤᠭ ᠰᠠᠢ᠌ᠨ ᠨᠢ ᠭᠡᠷ ᠲᠤ ᠪᠣᠶᠤ ᠭᠦᠷᠦᠰᠤ ᠰᠠᠢ᠌ᠳᠠᠢ ᠵᠥᠯᠭᠡᠷᠭᠡᠭ᠌ (ᠡᠪᠠᠰᠦᠯᠢᠭ᠌᠂ ᠭᠦᠷᠦᠰᠦᠯᠢᠭ᠌) ᠭᠠᠵᠠᠷ ᠪᠣᠯ ᠰᠠᠢ᠌ᠨ᠃ ᠡᠢ᠌ᠮᠤ ᠭᠠᠵᠠᠷ ᠪᠣᠯ ᠠᠷᠢᠭᠤᠨ ᠴᠠᠪᠠᠷ ᠪᠦᠭᠡᠳ ᠬᠤᠭ ᠰᠢᠷᠤᠢ᠂ ᠰᠠᠯᠭᠢ ᠳᠤᠭᠤᠰᠤ ᠳᠠᠮᠠᠢ ᠳᠡᠭ᠍ᠳᠡᠭᠦ ᠦᠭᠡᠶ ᠭᠦᠳᠡᠯᠭᠦ ᠦᠭᠡᠶ ᠪᠠᠢ᠌ᠳᠠᠭ᠃ ᠭᠢᠵᠤ ᠰᠠᠪᠠᠯᠠᠬᠤ ᠰᠠᠪᠠ ᠰᠠᠭᠤᠯᠭ᠎ᠠ ᠨᠢ ᠴᠤ ᠠᠷᠢᠭᠤᠨ ᠴᠠᠪᠠᠷ ᠰᠠᠪᠠ ᠰᠠᠭᠤᠯᠭ᠎ᠠ ᠪᠠᠢ᠌ᠬᠤ ᠭᠡᠷᠡᠭ᠍ᠳᠡᠢ ᠪᠦᠭᠡᠳ ᠪᠦᠳᠤᠨ ᠪᠦᠭᠡᠯᠢᠭ᠌ ᠰᠠᠪᠠ ᠰᠠᠭᠤᠯᠭ᠎ᠠ ᠪᠠᠢ᠌ᠬᠤ ᠭᠡᠷᠡᠭ᠍ᠳᠡᠢ᠃ ᠡᠪᠳᠡᠷᠡᠭᠡᠢ᠂ ᠣᠩᠭ᠋ᠤᠷᠬᠠᠢ᠂ ᠴᠤᠭᠤᠷᠠᠬᠠᠢ᠂ ᠭᠤᠭᠤᠵᠢᠷᠬᠠᠢ ᠰᠠᠪᠠ ᠰᠠᠭᠤᠯᠭ᠎ᠠ ᠪᠠᠢ᠌ᠵᠤ ᠪᠣᠯᠬᠤ ᠦᠭᠡᠶ᠃ ᠡᠪᠳᠡᠷᠭᠡᠢ᠂ ᠣᠩᠭ᠋ᠤᠷᠬᠠᠢ᠂ ᠴᠤᠭᠤᠷᠠᠬᠠᠢ᠂ ᠭᠤᠭᠤᠵᠢᠷᠬᠠᠢ ᠰᠭᠤᠯᠭᠠᠨ ᠳᠤ ᠳᠦᠭᠦᠭᠡᠷᠦᠭ᠍ᠰᠡᠨ ᠮᠠᠯ ᠤᠨ ᠮᠢᠬ᠎ᠠ ᠪᠠᠨ ᠭᠢᠵᠤ ᠰᠠᠪᠠᠯᠠᠪᠠᠯ᠂ ᠴᠢᠰᠤ ᠣᠰᠤ᠂ ᠱᠦᠯᠦ ᠳᠤᠰᠤ ᠨᠢ ᠭᠤᠭᠤᠵᠢᠵᠤ ᠣᠷᠤᠰᠴᠤ᠂ ᠪᠣᠰᠤᠳ ᠡᠳ᠋ ᠶᠢ ᠪᠣᠶᠤ ᠣᠷᠴᠢᠨ ᠳᠤᠭᠤᠷᠢᠨ ᠢ ᠪᠢᠯᠳᠠᠵᠤ ᠪᠣᠵᠠᠷᠳᠠᠭᠤᠯᠳᠠᠭ᠃

ᠮᠠᠨ ᠤ ᠮᠤᠩᠭ᠋ᠤᠯᠴᠤᠳ ᠳᠦᠭᠦᠭᠡᠷᠴᠤ ᠪᠠᠵᠠᠭᠠᠬᠤ ᠮᠠᠯ ᠢ ᠳᠦᠭᠦᠭᠡᠷᠴᠤ ᠪᠠᠵᠠᠭᠠᠬᠤ ᠡᠴᠡ ᠨᠢ ᠡᠮᠤᠨ᠎ᠡ ᠥᠩᠭᠡᠷᠡᠤ ᠳᠠᠮᠤᠯᠠᠵᠤ ᠵᠤᠪᠭᠠᠬᠤ ᠶᠢ ᠣᠠᠴᠠᠯᠠᠨ ᠭᠢᠴᠢᠶᠡᠳᠡᠭ᠌᠃ ᠭᠦᠯ ᠨᠢᠷᠤᠭᠤ ᠶᠢ ᠨᠢ ᠭᠡᠮᠳᠦᠭᠡᠵᠤ ᠰᠢᠷᠬᠠᠳᠠᠭᠤᠯᠬᠤ᠂ ᠨᠢᠳᠤ ᠠᠮᠠ ᠶᠢ ᠨᠢ ᠰᠠᠪᠳᠠᠭᠡᠵᠤ ᠰᠡᠨᠳᠡᠯᠡᠭᠦ᠂ ᠦᠰᠦ ᠨᠤᠤᠰᠤ ᠶᠢ ᠨᠢ ᠵᠤᠯᠭᠠᠵᠤ ᠥᠭᠡᠳᠡᠭᠡᠭᠦ᠂ ᠡᠪᠠᠷ ᠴᠢᠭᠢ ᠶᠢ ᠨᠢ ᠳᠠᠭᠠᠷᠢᠵᠤ ᠣᠭᠳᠤᠯᠠᠬᠤ ᠵᠡᠷᠭᠡ ᠶᠢ ᠣᠠᠴᠠᠯᠠᠨ ᠭᠢᠴᠢᠶᠡᠳᠡᠭ᠌᠃ ᠳᠦᠭᠦᠭᠡᠷᠴᠤ ᠢᠳᠡᠭᠦ (ᠪᠠᠵᠠᠭᠠᠬᠤ) ᠮᠠᠯ ᠢ ᠳᠠᠮᠤᠯᠠᠵᠤ ᠵᠤᠪᠠᠭᠠᠬᠤ ᠶᠢ ᠮᠠᠭᠤ ᠶᠤᠷᠤ ᠲᠡᠶ ᠣᠴᠢᠷ᠂ ᠨᠢᠭᠦᠯ ᠲᠡᠶ ᠶᠠᠪᠣᠳᠠᠯ ᠭᠡᠵᠤ ᠥᠵᠡᠳᠡᠭ᠌᠃ ᠳᠦᠭᠦᠭᠡᠷᠴᠤ ᠪᠠᠵᠠᠭᠠᠬᠤ ᠮᠠᠯ ᠢ ᠳᠦᠭᠦᠭᠡᠷᠴᠤ ᠪᠠᠵᠠᠭᠠᠬᠤ ᠡᠴᠡ ᠨᠢ ᠡᠮᠤᠨ᠎ᠡ ᠥᠩᠭᠡᠷᠡᠤ ᠳᠠᠮᠤᠯᠠᠵᠤ ᠵᠤᠪᠠᠭᠠᠪᠠᠯ᠂ ᠨᠢᠭᠦᠯ ᠢᠷᠠᠨ᠎ᠡ᠂ ᠬᠣᠢ᠌ᠳᠤ ᠮᠦᠷ ᠦᠭᠡᠶ ᠪᠣᠯᠤᠨ᠎ᠠ᠂ ᠬᠤᠵᠢᠮ ᠰᠠᠢ᠌ᠨ ᠰᠠᠢ᠌ᠬᠠᠨ ᠶᠢᠡᠷ ᠶᠠᠪᠣᠵᠤ ᠰᠠᠭᠤᠵᠤ ᠴᠢᠳᠠᠬᠤ ᠦᠭᠡᠶ᠂ ᠰᠠᠨᠠᠭᠠᠨ ᠠᠶ᠎ᠠ ᠪᠠᠷ ᠶᠢᠡᠨ ᠥᠭᠡᠳᠡᠯᠡᠵᠤ ᠳᠠᠪᠰᠢᠵᠤ ᠴᠢᠳᠠᠬᠤ ᠦᠭᠡᠶ ᠪᠣᠯᠤᠨ᠎ᠠ ᠭᠡᠵᠤ ᠴᠤ ᠥᠵᠡᠳᠡᠭ᠌᠃ ᠨᠢᠭᠡᠯᠡ ᠥᠭᠡ ᠪᠠᠷ ᠭᠡᠯᠡᠪᠠᠯ᠂ ᠮᠠᠯ ᠢ ᠳᠦᠭᠦᠭᠡᠷᠴᠤ ᠪᠠᠵᠠᠭᠠᠬᠤ ᠡᠴᠡ ᠨᠢ ᠡᠮᠤᠨ᠎ᠡ ᠳᠠᠮᠤᠯᠠᠵᠤ ᠵᠤᠪᠠᠭᠠᠵᠤ ᠪᠣᠯᠬᠤ ᠦᠭᠡᠶ ᠯᠠ ᠭᠡᠰᠡᠨ ᠥᠭᠡ ︕

ᠮᠠᠨ ᠤ ᠨᠤᠳᠤᠭ ᠤᠨ ᠭᠢᠨ᠂ ᠬᠤᠨᠢ ᠢᠮᠠᠭ᠎ᠠ ᠶᠢ ᠥᠪᠴᠢᠭᠦ ᠳᠤ᠂ ᠶᠠᠷᠤ ᠳᠡᠭᠡᠨ ᠨᠦᠳᠤᠷᠴᠤ (ᠨᠢᠳᠤᠷᠭᠠᠭᠳᠠᠵᠤ) ᠥᠪᠴᠢᠳᠡᠭ᠌᠂ ᠭᠢᠳᠤᠭ᠎ᠠ ᠪᠠᠢ ᠵᠦᠰᠤᠵᠤ ᠥᠪᠴᠢᠳᠡᠭ᠌ ᠦᠭᠡᠶ᠃ ᠭᠢᠳᠤᠭ᠎ᠠ ᠪᠠᠷ ᠵᠦᠰᠤᠵᠤ ᠥᠪᠴᠢᠭᠦ ᠨᠢ ᠠᠷᠠᠰᠤ ᠮᠢᠬ᠎ᠠ ᠶᠢ ᠨᠢ ᠰᠠᠢ᠌ᠬᠠᠨ ᠢᠯᠭᠠᠵᠤ ᠰᠠᠯᠭᠠᠵᠤ ᠴᠢᠳᠠᠬᠤ ᠦᠭᠡᠶ ᠮᠦᠷᠳᠡᠭᠡᠨ ᠵᠠᠷᠢᠮ ᠦᠶ᠎ᠡ ᠳᠤ ᠠᠷᠠᠰᠤ ᠭᠦᠷᠦᠰᠤ ᠶᠢ ᠨᠢ ᠵᠦᠰᠤᠵᠤ ᠰᠠᠪᠳᠠᠭᠡᠳᠡᠭ᠌᠃ ᠶᠠᠰᠤ ᠮᠢᠬ᠎ᠠ ᠶᠢ ᠨᠢ ᠡᠪᠳᠡᠵᠤ ᠰᠠᠯᠭᠠᠬᠤ ᠳᠤ᠂ ᠨᠢᠭᠡ ᠨᠢᠭᠡ ᠦᠶ᠎ᠡ ᠭᠡᠰᠢᠭᠦᠤ ᠪᠠᠷ ᠨᠢ ᠡᠪᠳᠡᠵᠤ ᠰᠠᠯᠭᠠᠳᠠᠭ᠃ ᠬᠤᠭᠤᠯᠠᠵᠤ ᠰᠠᠯᠪᠠᠯᠠᠬᠤ ᠪᠣᠶᠤ ᠠᠯᠤᠬ᠎ᠠ ᠰᠥᠭᠡ ᠪᠠᠷ ᠴᠢᠪᠴᠢᠯᠠᠵᠤ ᠰᠠᠯᠭᠠᠬᠤ᠂ ᠭᠢᠷᠦᠭᠡ ᠳᠠᠭᠠᠷᠢᠳᠠᠭᠤᠷ ᠶᠢᠡᠷ ᠭᠢᠷᠦᠭᠡᠳᠡᠵᠤ ᠳᠠᠭᠠᠷᠢᠬᠤ ᠵᠡᠷᠭᠡ ᠶᠢ ᠡᠷᠡᠰ ᠴᠡᠭᠡᠷᠯᠡᠳᠡᠭ᠌᠃ ᠨᠦᠳᠤᠷᠴᠤ ᠥᠪᠴᠢᠭ᠍ᠰᠡᠨ ᠪᠣᠶᠤ ᠨᠢᠭᠡ ᠨᠢᠭᠡ ᠦᠶ᠎ᠡ ᠭᠡᠰᠢᠭᠦᠤ ᠪᠠᠷ ᠨᠢ ᠡᠪᠳᠡᠵᠤ ᠰᠠᠯᠭᠠᠭᠰᠠᠨ ᠮᠠᠯ ᠤᠨ ᠮᠢᠬ᠎ᠠ ᠨᠢ ᠠᠷᠪᠢᠴᠠ ᠰᠠᠢ᠌ᠳᠠᠢ ᠮᠦᠷᠳᠡᠭᠡᠨ ᠠᠷᠢᠭᠤᠨ ᠴᠠᠪᠠᠷ᠂ ᠱᠦᠯᠦ ᠣᠰᠤ ᠶᠡᠭᠡᠳᠡᠢ᠂ ᠢᠳᠡᠭᠦ ᠳᠤ ᠠᠮᠳᠠᠳᠠᠢ᠂ ᠱᠠᠩᠳᠠᠭᠤᠨ ᠰᠢᠮ᠎ᠠ ᠰᠢᠭᠦᠰᠤ ᠪᠦᠷᠢᠨ ᠪᠦᠳᠤᠨ᠂ ᠳᠡᠵᠢᠭᠡᠯ ᠳᠠᠮᠢᠷ ᠭᠦᠢᠴᠡᠳ ᠭᠦᠷᠦᠯᠴᠡᠭᠦᠢᠴᠡ ᠪᠠᠢ᠌ᠳᠠᠭ᠃

ᠮᠠᠯ ᠳᠦᠭᠦᠭᠡᠷᠴᠤ ᠪᠠᠵᠠᠭᠠᠬᠤ ᠪᠣᠯ ᠪᠠᠰᠠ ᠨᠢᠭᠡᠨ ᠳᠦᠷᠤᠯ ᠤᠨ ᠨᠠᠷᠢᠯᠢᠭ ᠠᠵᠢᠯ᠂ ᠮᠡᠷᠭᠡᠵᠢᠯ ᠤᠨ ᠠᠵᠢᠯ ᠪᠣᠯᠬᠤ ᠶᠤᠮ᠃ ᠮᠠᠳᠠᠵᠤ ᠠᠪᠣᠪᠠᠯ ᠮᠠᠳᠠᠵᠤ ᠠᠪᠴᠤ ᠪᠠᠰᠠ ᠪᠣᠯᠬᠤ ᠵᠣᠢ᠌ᠯᠠᠰ ᠶᠤᠮ᠃

ᠮᠠᠯᠴᠢᠨ ᠣᠳᠤᠮ ᠤᠨ ᠬᠣᠢ᠌ᠴᠢᠰ᠂ ᠮᠤᠩᠭ᠋ᠤᠯ ᠭᠦᠮᠤᠨ ᠤ ᠦᠷᠠᠰ ᠪᠣᠯᠤᠭᠰᠠᠨ ᠮᠤᠩᠭ᠋ᠤᠯ ᠬᠡᠦᠬᠡᠳ ᠤᠳ ᠮᠠᠯᠴᠢᠨ ᠣᠳᠤᠮ ᠤᠨ ᠵᠠᠩᠰᠢᠯ᠂ ᠮᠤᠩᠭ᠋ᠤᠯ ᠭᠦᠮᠤᠨ ᠤ ᠶᠤᠰᠤ ᠪᠠᠨ ᠭᠡᠵᠢᠶᠡᠳᠡ ᠮᠠᠳᠠᠵᠤ ᠣᠢ᠌ᠯᠠᠭᠠᠵᠤ ᠴᠡᠭᠡᠵᠢᠯᠡᠵᠤ ᠳᠤᠭᠳᠠᠭᠠᠵᠤ ᠶᠠᠪᠣᠬᠤ ᠨᠢ ᠴᠢᠬᠤᠯᠠ ᠶᠤᠮ᠃ ᠭᠡᠷᠡᠭ᠍ᠴᠡᠭᠡ ᠵᠠᠷᠤᠯᠭ᠎ᠠ ᠯᠠᠪ ᠪᠠᠢ᠌ᠬᠤ ᠶᠤᠮ ︕ ᠭᠡᠵᠢᠶ᠎ᠡ ᠨᠢᠭᠡ ᠡᠳᠦᠷ ᠭᠡᠷᠡᠭᠯᠡᠭ᠍ᠳᠡᠵᠤ ᠵᠠᠷᠤᠭᠳᠠᠵᠤ ᠮᠡᠳᠡᠭᠦ ᠶᠤᠮ ︕

ᠮᠠᠯᠴᠢᠨ ᠣᠳᠤᠮ ᠤᠨ ᠵᠠᠩᠰᠢᠯ᠂ ᠮᠤᠩᠭ᠋ᠤᠯ ᠭᠦᠮᠤᠨ ᠤ ᠶᠤᠰᠤ ᠪᠠᠨ ᠭᠡᠵᠢᠶᠡᠳᠡ ᠮᠠᠳᠠᠵᠤ ᠣᠢ᠌ᠯᠠᠭᠠᠵᠤ ᠴᠡᠭᠡᠵᠢᠯᠡᠵᠤ ᠳᠤᠭᠳᠠᠭᠠᠵᠤ ᠶᠠᠪᠣᠭᠠᠷᠠᠢ ︕ ᠮᠤᠩᠭ᠋ᠤᠯ ᠬᠡᠦᠬᠡᠳ ᠪᠠᠭᠠᠴᠤᠳ ᠤᠳ ᠮᠢᠨᠢ ︕᠁


2011.10.10 ᠊ᠤ ᠦᠳᠡᠰᠢ ᠊᠊᠊᠊᠊᠊᠊᠊᠊᠊᠊᠊᠊᠊᠊ 10.14 ᠊ᠤ ᠦᠳᠡ ᠶᠢᠨ ᠬᠣᠢ᠌ᠨ᠎ᠠ᠂ ᠬᠦᠬᠡᠬᠤᠲᠠᠨ᠎ᠡ᠃


ᠵᠤᠬᠢᠶᠠᠭᠴᠢ ᠶᠢᠨ ᠬᠠ‍‌ᠶᠢᠭ ᠄ ᠬᠦᠬᠡᠬᠤᠲᠠ ᠶᠢᠨ ᠦᠨᠳᠦᠰᠦᠳᠠᠨ ᠤ ᠳᠤᠷᠰᠢᠯᠳᠠ ᠶᠢᠨ ᠰᠤᠷᠭᠠᠭᠤᠯᠢ

ᠵᠤᠬᠢᠶᠠᠭᠴᠢ᠄ ᠭᠦᠷᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠵᠠᠩ ᠤᠢ᠌ᠯᠠ
ᠳᠠᠷᠤᠮ᠄ 7336
ᠴᠠᠭ᠄ 2011 ᠤᠨ ᠤ 12 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ