ᠮᠤᠩᠭ᠋ᠤᠯ ᠬᠠᠰᠠᠭ

ᠭᠦᠰᠡᠯ ᠳᠠᠯᠠᠵᠤ ᠣᠷᠤᠭᠰᠢᠯᠠᠬᠤ ᠮᠤᠩᠭ᠋ᠤᠯ ᠬᠠᠰᠠᠭ ᠤᠨ ᠮᠢᠨᠢ

ᠬᠤᠯᠠ ᠵᠠᠮ ᠤᠨ ᠵᠠᠬ᠎ᠠ ᠶᠢ ᠳᠠ ᠭᠡᠯᠡᠭᠡᠴᠢ︕

ᠬᠤᠤᠰᠯᠠᠨ ᠨᠥᠭᠦᠷᠯᠡᠭ᠍ᠰᠡᠨ ᠪᠦᠮᠪᠦᠷᠭᠡᠨ ᠬᠤᠶᠠᠷ ᠭᠦᠷᠳᠤ ᠨᠢ

ᠬᠤᠷᠸ᠎ᠠ ᠳᠡᠯᠡᠭᠡᠢ ᠶᠢᠨ ᠨᠠᠷᠠᠨ ᠰᠠᠷᠠᠨ ᠪᠢᠯᠢᠤ ⁈

ᠠᠷᠠᠰᠳᠠᠨ ᠶᠠᠰᠤᠳᠠᠨ ᠤ ᠳᠠᠢ᠌ᠨ ᠤ ᠳᠤᠭᠤᠰᠤ ᠶᠢ ᠳᠠᠷᠤᠵᠤ

ᠠᠭᠤᠳᠠᠮ ᠳᠢᠪ ᠶᠢᠡᠷ ᠬᠠᠷᠠᠴᠠ ᠪᠠᠨ ᠭᠤᠶᠤᠭᠰᠠᠨ ᠬᠠᠰᠠᠭ ᠮᠢᠨᠢ

ᠣᠬᠠᠭᠠᠠᠳᠤ ᠳᠡᠭᠡᠳᠦᠰ ᠤᠨ ᠪᠠᠭᠠᠳᠤᠷᠯᠢᠭ ᠳᠤᠤᠯᠢ ᠪᠡᠨ ᠬᠠᠢ᠌ᠯᠠᠭᠰᠠᠭᠠᠷ

ᠣᠬᠠᠭᠠᠨ ᠪᠣᠳᠤᠯ ᠢ ᠰᠢᠮᠠᠯᠠᠵᠤ ᠬᠤᠨᠤᠭᠰᠠᠨ ᠳᠡᠦᠭᠡ ᠶᠢᠨ ᠭᠡᠪᠳᠡᠷᠢ ᠬᠠᠰᠠᠭ ᠮᠢᠨᠢ

ᠪᠣᠭᠤᠷᠤᠯ ᠳᠡᠦᠭᠡ ᠶᠢᠨ ᠦᠨᠡᠨ ᠤ ᠵᠠᠮ ᠢ ᠳᠤᠷᠠᠢ᠌ᠯᠭᠠᠨ

ᠪᠢᠳᠠᠭᠢ ᠬᠠᠯᠳᠠ ᠭᠡᠵᠤ ᠰᠢᠳᠤᠷᠭᠤ ᠶᠤᠰᠤ ᠪᠠᠷ ᠳᠠᠢ᠌ᠪᠣᠭᠤ ᠠᠶᠠᠠᠰᠢᠭᠰᠠᠨ

ᠪᠣᠷᠬᠠᠨ ᠬᠠᠯᠳᠤᠨ ᠤ ᠣᠤᠭᠠᠨ ᠬᠠᠢ᠌ᠯᠠᠰᠤ ᠪᠠᠷ ᠪᠠᠶᠡᠯᠡᠭ᠍ᠰᠡᠨ

ᠪᠣᠰᠤᠭ᠎ᠠ ᠭᠡᠯᠳᠡᠨ ᠤ ᠳᠤᠲ᠋ᠸᠮ ᠶᠢᠡᠷ ᠭᠦᠪᠴᠢᠯᠡᠭ᠍ᠰᠡᠨ ᠰᠤᠶᠤᠯ ᠤᠨ ᠳᠡᠮᠳᠡᠭ᠌ ᠬᠠᠰᠠᠭ ᠮᠢᠨᠢ

ᠬᠠᠨ᠎ᠠ ᠴᠢᠮᠠᠵᠤ ᠬᠠᠷᠠᠴᠠ ᠳᠠᠳᠠᠭᠤᠯᠠᠩᠬᠠᠨ ᠮᠤᠩᠭ᠋ᠤᠯ ᠬᠠᠰᠠᠭ ᠤᠨ ᠮᠢᠨᠢ

ᠬᠠᠢ᠌ᠷ᠎ᠠ ᠵᠤᠪᠠᠭᠤᠷᠢ ᠶᠢᠨ ᠪᠣᠭᠤᠷᠤᠯ ᠠᠮᠢᠰᠬᠤᠭ᠎ᠠ ᠶᠢ ᠳᠠ ᠰᠤᠨᠤᠷᠳᠠᠭᠠᠴᠢ︕

ᠬᠤᠰᠯᠠᠨ ᠨᠥᠭᠦᠷᠯᠡᠭ᠍ᠰᠡᠨ ᠬᠠᠳᠠᠭᠤ ᠬᠤᠶᠠᠷ ᠭᠦᠷᠳᠤ ᠨᠢ

ᠭᠦᠤ ᠶᠢᠨ ᠵᠢᠷᠦᠭᠡᠨ ᠳᠤ ᠨᠠᠷᠠ ᠰᠠᠷᠠ ᠪᠣᠯᠵᠤ ᠳᠤᠶᠠᠭᠠᠷᠠᠨ᠎ᠠ


ᠵᠤᠬᠢᠶᠠᠭᠴᠢ ᠶᠢᠨ ᠬᠠᠶ‍ᠢᠭ ᠄ ᠲᠦᠩᠯᠢᠶᠤᠤ ᠬᠤᠳᠠ ᠶᠢᠨ ᠰᠤᠷᠭᠠᠨ ᠭᠦᠮᠦᠵᠢᠯ ᠤᠨ ᠳᠤᠪᠴᠢᠶ᠎ᠠ

ᠵᠤᠬᠢᠶᠠᠭᠴᠢ᠄ ᠢᠯᠠᠯᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠳᠠᠷᠤᠮ᠄ 1268
ᠴᠠᠭ᠄ 2009 ᠤᠨ ᠤ 12 ᠰᠠᠷ᠎ᠠ ᠶᠢᠨ 12
ᠪᠢᠴᠢᠭ᠍‍ᠯᠡᠭᠴᠢ᠄ ᠪᠦᠬᠡᠡᠷᠳᠡᠨᠢ
ᠨᠠᠢ᠌ᠷᠠᠭᠤᠯᠤᠭᠴᠢ᠄ ᠪᠦᠬᠡᠡᠷᠳᠡᠨᠢ