《ᠴᠢᠯᠠᠭᠤᠨ ᠪᠤᠷᠬᠠᠨ ᠢ ᠤᠶᠠᠷᠠᠭᠤᠯᠳᠠᠭ》 ᠮᠤᠩᠭᠤᠯᠵᠢᠨ ᠵᠤᠷᠢᠭ ᠰᠠᠨᠠᠭ᠎ᠠ

《ᠮᠤᠩᠭ᠋ᠤᠯᠵᠢᠨ ᠤ ᠵᠤᠷᠢᠭ ᠰᠠᠨᠠᠭ᠎ᠠ》 ᠭᠡᠳᠡᠭ᠌ ᠭᠡᠯᠡᠯᠭᠡ ᠭᠡᠵᠢᠶ᠎ᠡ ᠶᠠᠭᠠᠭᠢᠵᠤ ᠡᠭᠦᠰᠦᠭ᠍ᠰᠡᠨ ᠢ ᠮᠡᠳᠡᠭᠦ ᠦᠭᠡᠶ᠂ ᠣᠳᠤ ᠡᠨᠡ ᠥᠭᠡ ᠣᠯᠠᠮ ᠶᠠᠪᠣᠬᠤ ᠳᠤᠳᠤᠮ ᠶᠢᠡᠨ ᠠᠮᠠᠨ ᠣᠩᠰᠢᠯᠭ᠎ᠠ ᠪᠣᠯᠤᠨ ᠨᠠᠷᠠᠰᠢᠵᠤ ᠪᠠᠢ᠌ᠨ᠎ᠠ᠃ ᠦᠨᠡᠨ ᠳᠡᠭᠡᠨ ᠡᠨᠡ ᠨᠢ ᠶᠠᠮᠠᠷ ᠨᠢᠭᠡ ᠭᠦᠮᠤᠨ ᠤ ᠡᠭᠦᠳᠦᠯᠳᠡ ᠪᠢᠰᠢ᠂ ᠬᠠᠷᠢᠨ ᠣᠠᠴᠠᠭᠠᠢ ᠴᠠᠭ ᠦᠶ᠎ᠡ ᠶᠢᠨ ᠣᠠᠴᠠᠭᠠᠢ ᠣᠷᠴᠢᠨ ᠳ᠋ᠠᠭᠢ ᠠᠶᠠᠠᠳᠠᠭᠠᠨ ᠤ ᠥᠵᠡᠭ᠍ᠳᠡᠯ ᠶᠤᠮᠰᠠᠨ᠃ ᠳᠦᠷᠦᠭᠦᠴᠢ ᠭᠡᠳᠤᠨ ᠵᠢᠯ ᠳᠤ 《ᠮᠤᠩᠭ᠋ᠤᠯ ᠰᠤᠶᠤᠯ ᠳᠠᠭᠠᠨ ᠬᠠᠢ᠌ᠷᠠᠳᠠᠢ ᠭᠦᠮᠤᠨ》 ᠭᠡᠳᠡᠭ᠌ ᠡᠪ ᠡᠡᠭ᠌ ᠤᠨ ᠭᠡᠯᠡᠯᠭᠡ ᠭᠡᠵᠢᠶ᠎ᠡ ᠬᠠᠮᠢᠭ᠎ᠠ ᠡᠴᠡ ᠡᠭᠢᠯᠡᠵᠤ ᠳᠡᠯᠭᠡᠷᠡᠭᠡᠤᠨ ᠡᠳᠦᠭᠡ ᠮᠤᠩᠭ᠋ᠤᠯ ᠰᠤᠨᠢᠨ ᠰᠡᠳᠭᠦᠯ ᠳᠡᠭᠡᠷ᠎ᠡ ᠭᠠᠷᠴᠠᠭ ᠴᠤ ᠶᠤᠮ ᠦᠦ ᠳᠤᠰᠬᠠᠢ ᠪᠤᠯᠦᠡᠭ᠌ ᠤᠨ ᠨᠠᠷ᠎ᠠ ᠪᠠᠷ ᠭᠡᠷᠡᠭᠯᠡᠭ᠍ᠳᠡᠵᠤ᠂ ᠮᠤᠩᠭ᠋ᠤᠯ ᠰᠤᠶᠤᠯ ᠶᠢᠡᠨ ᠭᠡᠭᠦ ᠰᠡᠳᠬᠢᠯᠭᠡ ᠲᠡᠶ ᠭᠦᠮᠦᠰ ᠲᠤ 《ᠮᠠᠨᠢ ᠶᠢᠨ ᠳᠠᠪᠤᠨ ᠥᠰᠦᠭ᠌》 ᠪᠣᠯᠤᠨ ᠰᠢᠳᠦᠭ᠍ᠳᠡᠵᠤ ᠪᠠᠢ᠌ᠨ᠎ᠠ᠃ ᠳᠡᠭᠡᠭᠦ ᠮᠥᠷᠳᠡᠭᠡᠨ ᠮᠤᠩᠭ᠋ᠤᠯ ᠰᠤᠶᠤᠯ ᠳᠠᠭᠠᠨ ᠥᠴᠦᠭᠡᠨ ᠴᠤ ᠶᠠᠭᠠᠮᠠᠢ ᠭᠦᠴᠤ ᠪᠠᠨ ᠡᠷᠭᠦᠭ᠍ᠰᠡᠨ ᠯᠠ ᠶᠤᠮ ᠪᠣᠯ ᠡᠨᠡ ᠨᠠᠷ᠎ᠠ ᠶᠢᠨ ᠳᠤᠤᠷ᠎ᠠ ᠵᠢᠱᠢᠶ᠎ᠠ ᠪᠣᠯᠤᠨ ᠣᠬᠠᠭᠤᠯᠤᠭᠳᠠᠵᠤ ᠪᠣᠢ᠃ ᠡᠨᠡ ᠠᠷᠭ᠎ᠠ ᠦᠭᠡᠶ᠂ ᠣᠷᠴᠢᠨ ᠬᠤᠪᠢᠷᠠᠬᠤ ᠳᠡᠦᠭᠡ ᠶᠢᠨ ᠴᠠᠭ ᠵᠠᠢ᠂ ᠣᠳᠤᠬᠠᠨ᠎ᠠ ᠳᠤᠯᠭᠠᠷᠠᠭᠰᠠᠨ ᠪᠣᠳᠠᠳᠤ ᠪᠠᠢ᠌ᠳᠠᠯ 《ᠢᠩᠭᠢᠵᠤ ᠯᠠ ᠭᠢᠵᠤ ᠦᠵᠡᠨ᠎ᠠ ᠳ᠋ᠠ》 ᠭᠡᠵᠤ ᠮᠠᠨ ᠳᠤ ᠵᠢᠭᠠᠵᠤ ᠦᠭ‍ᠭᠦᠭ᠍ᠰᠡᠨ ᠶᠤᠮ᠃ ᠣᠴᠢᠷ ᠨᠢ ᠮᠤᠩᠭ᠋ᠤᠯ ᠳᠤᠭᠠᠳᠠᠨ ᠪᠣᠯᠭᠠᠨ ᠮᠤᠩᠭ᠋ᠤᠯ ᠰᠤᠶᠤᠯ ᠳᠠᠭᠠᠨ ᠬᠠᠢ᠌ᠷᠠᠳᠠᠢ ᠪᠢᠰᠢ᠂ ᠴᠢᠨᠠᠭᠰᠢᠯᠠᠪᠠᠯ ᠮᠤᠩᠭ᠋ᠤᠯ ᠪᠢᠴᠢᠭ᠌ ᠤᠨ ᠠᠵᠢᠯ ᠶᠢᠡᠷ ᠴᠠᠯᠢᠩ ᠳᠤᠰᠴᠤ ᠠᠮᠢ ᠵᠢᠭᠤᠳᠠᠭ ᠭᠦᠮᠦᠰ ᠤᠨ ᠳᠤᠳᠤᠷ᠎ᠠ ᠴᠤ ᠡᠢ᠌ᠮᠤ ᠭᠦᠮᠤᠨ ᠬᠤᠪᠣᠷᠳᠠᠵᠤ ᠪᠠᠢ᠌ᠭ᠎ᠠ ᠡᠴᠡ ᠡᠢ᠌ᠮᠤ ᠪᠠᠢ᠌ᠳᠠᠯ ᠳᠤ ᠭᠦᠷᠦᠭ᠍ᠰᠡᠨ ᠪᠣᠶᠤ᠃ 《ᠮᠤᠩᠭ᠋ᠤᠯᠵᠢᠨ ᠤ ᠵᠤᠷᠢᠭ ᠰᠠᠨᠠᠭ᠎ᠠ》 ᠭᠡᠳᠡᠭ᠌ ᠨᠢ ᠴᠤ ᠡᠢ᠌ᠮᠦᠷᠭᠦᠤ ᠪᠠᠢ᠌ᠳᠠᠯ ᠳᠤ ᠪᠣᠢ ᠪᠣᠯᠤᠭᠰᠠᠨ ᠪᠣᠯᠤᠯᠳᠠᠢ᠃

ᠮᠤᠩᠭ᠋ᠤᠯ ᠰᠤᠶᠤᠯ ᠤᠨ ᠡᠢ᠌ᠮᠦᠷᠭᠦᠤ ᠭᠢᠮᠤᠷᠠᠯᠳᠤ ᠪᠠᠢ᠌ᠳᠠᠯ ᠮᠠᠨ ᠳᠤ ᠡᠳᠦᠷ ᠢᠷᠡᠭᠦᠶ᠎ᠡ ᠭᠦᠡᠳᠤ ᠨᠤᠴᠢᠳᠠᠢ ᠳᠤᠯᠭᠠᠷᠠᠵᠤ ᠪᠠᠢ᠌ᠨ᠎ᠠ᠃ 2000 ᠣᠨ ᠤ ᠨᠠᠮᠤᠷ ᠪᠢ ᠬᠦᠬᠡᠬᠤᠲᠠ ᠡᠴᠡ ᠬᠠᠢ᠌ᠯᠠᠷ ᠭᠦᠷᠭᠦ ᠭᠠᠯᠳᠤ ᠳᠡᠷᠭᠡᠨ ᠳᠡᠭᠡᠷ᠎ᠡ᠂ ᠮᠤᠩᠭ᠋ᠤᠯ ᠪᠠᠭᠰᠢ ᠶᠢᠨ ᠰᠤᠷᠭᠠᠭᠤᠯᠢ ᠳᠤ ᠳᠠᠳ᠋ ᠵᠠᠭᠢᠷᠤᠯ ᠤᠨ ᠠᠯᠪᠠ ᠲᠡᠶ ᠨᠢᠭᠡᠨ ᠳᠦᠴᠢ ᠡᠷᠭᠢᠮ᠎ᠡ ᠨᠠᠰᠤᠨ ᠤ ᠪᠦᠰᠡᠭᠦᠢ ᠲᠡᠶ ᠳᠠᠨᠢᠯᠴᠠᠪᠠ᠃

ᠳᠡᠭᠦᠨ ᠲᠡᠶ ᠬᠠᠮᠳᠤ ᠵᠤᠭᠤᠭᠳᠠᠵᠤ ᠬᠤᠭᠤᠯᠠ ᠢᠳᠡᠭᠦ ᠵᠠᠭᠤᠷ᠎ᠠ᠂ ᠳᠠᠷᠠ ᠮᠠᠨᠢ ᠭᠦᠨᠡᠰᠤᠨ ᠤ ᠠᠷᠢᠭᠢᠨ ᠡᠴᠡ ᠮᠢᠨᠢ ᠭᠡᠳᠤ ᠪᠠᠯᠭᠤᠵᠤ ᠠᠪᠣᠭᠰᠠᠨ ᠶᠢᠡᠨ ᠭᠡᠨᠡᠳᠲᠡ 《ᠠᠯᠠᠭ ᠬᠤᠶᠠᠷ ᠨᠢᠳᠤᠨ ᠡᠴᠡ ᠪᠠᠨ ᠰᠤᠪᠣᠤᠨ ᠤᠨ ᠭᠡᠯᠭᠢᠶ᠎ᠡ ᠳᠠᠰᠤᠷᠠᠭᠤᠯᠴᠢᠬᠠᠯ᠎ᠠ》᠃ ᠳᠡᠭᠡᠭᠦ ᠳᠤ ᠭᠡᠳᠤᠨ ᠪᠠᠯᠭᠤ ᠠᠷᠢᠭᠢᠨ ᠳᠤ ᠰᠤᠭᠳᠤᠭᠰᠠᠨ ᠳᠠᠭᠠᠨ ᠪᠢᠰᠢ ᠬᠠᠷᠢᠨ ᠭᠢᠵᠤ ᠪᠦᠳᠦᠭᠡᠨ᠎ᠡ ᠭᠡᠰᠡᠨ ᠶᠠᠪᠣᠳᠠᠯ ᠨᠢ ᠰᠠᠭᠠᠳᠠᠭᠰᠠᠨ ᠳᠠᠭᠠᠨ᠃ ᠮᠤᠩᠭ᠋ᠤᠯ ᠰᠤᠷᠭᠠᠭᠤᠯᠢ ᠶᠢᠨ ᠭᠢᠨᠢ ᠫᠠᠢ᠌ᠰᠠ ᠨᠢ ᠮᠤᠯᠳᠤᠯᠤᠭᠳᠠᠬᠤ ᠪᠣᠯᠬᠤ ᠳᠤ ᠴᠢᠳᠠᠪᠠᠯ ᠥᠯᠡᠳᠠᠭᠡᠵᠤ ᠠᠪᠬᠤ ᠭᠡᠵᠤ ᠬᠦᠬᠡᠬᠤᠲᠠ ᠣᠷᠤᠵᠤ ᠬᠠᠮᠢᠶ᠎ᠠ ᠪᠦᠭᠦᠢ ᠪᠠᠢ᠌ᠭᠤᠯᠭ᠎ᠠ ᠨᠢᠭᠡᠴᠢ ᠶᠢ ᠪᠠᠳᠠᠷᠢᠵᠤ ᠭᠦᠶ‍ᠦᠭᠡᠤᠨ ᠭᠦᠰᠡᠭ᠍ᠰᠡᠨ ᠭᠦᠰᠡᠯ ᠨᠢ ᠭᠦᠭᠡᠰᠤ ᠪᠣᠯᠤᠨ ᠵᠠᠮᠬᠠᠷᠠᠭᠰᠠᠨ ᠳᠤ ᠳᠠᠷᠠ ᠭᠡᠷᠭᠢᠨ ᠭᠠᠴᠢᠭᠳᠠᠬᠤ ᠦᠭᠡᠶ ᠪᠠᠢ᠌ᠵᠤ ᠴᠢᠳᠠᠨ᠎ᠠ᠃ ᠳᠡᠭᠦᠨ ᠤ ᠰᠤᠷᠭᠠᠭᠤᠯᠢ ᠳᠤ ᠡᠢ᠌ᠮᠤ 《ᠮᠤᠩᠭ᠋ᠤᠯ ᠰᠤᠶᠤᠯ ᠳᠠᠭᠠᠨ ᠬᠠᠢ᠌ᠷᠠᠳᠠᠢ ᠭᠦᠮᠤᠨ》 ᠡᠨᠡ ᠪᠦᠰᠡᠭᠦᠢ ᠭᠠᠭᠴᠠᠬᠠᠨ ᠪᠠᠢ᠌ᠭᠰᠠᠨ ᠠᠵᠢ᠃ ᠬᠠᠢ᠌ᠯᠠᠷ ᠲᠠᠭᠠᠨ ᠬᠠᠷᠢᠵᠤ ᠢᠷᠡᠭᠡᠤᠨ ᠪᠢ ᠵᠤᠯ ᠶᠢᠡᠷ ᠮᠠᠨ ᠤ ᠠᠢ᠌ᠮᠠᠭ ᠤᠨ ᠮᠤᠩᠭ᠋ᠤᠯ ᠪᠠᠭᠰᠢ ᠶᠢᠨ ᠰᠤᠷᠭᠠᠭᠤᠯᠢ ᠮᠢᠨᠢ ᠥᠯᠡᠳᠡᠴᠢᠭᠡᠯ᠎ᠡ ᠳ᠋ᠠ》 ᠭᠡᠵᠤ ᠣᠯᠵᠠᠷᠬᠠᠵᠤ ᠪᠠᠢ᠌ᠭᠰᠠᠨ ᠮᠢᠨᠢ ᠳᠠᠷᠠᠭ᠎ᠠ ᠵᠢᠯ ᠳ᠋ᠤᠨᠢ ᠦᠨᠦ ᠰᠤᠷᠭᠠᠭᠤᠯᠢ ᠮᠠᠨᠢ ᠡᠭᠦᠳᠡᠨ ᠫᠠᠢ᠌ᠰᠠ ᠶᠢᠨ ᠶᠢᠡᠨ 《ᠮᠤᠩᠭ᠋ᠤᠯ》 ᠥᠰᠦᠭ᠌ ᠢ ᠠᠪ ᠠᠮᠷᠬᠠᠨ ᠬᠤᠰᠤᠭᠤᠯᠤᠭᠰᠠᠨ ᠶᠤᠮ᠃ ᠳᠠᠷᠠ ᠭᠦᠭᠡᠷᠦᠭᠦᠢ ᠪᠦᠰᠡᠭᠦᠢ ᠰᠢᠭ᠌ ᠪᠠᠳᠠᠷᠢᠵᠤ ᠭᠦᠶ‍ᠦᠮᠡᠷ ᠭᠠᠭᠴᠠ ᠭᠦᠮᠤᠨ ᠡᠨᠡ ᠰᠤᠷᠭᠠᠭᠤᠯᠢ ᠳᠤ ᠪᠠᠢ᠌ᠭᠰᠠᠨ ᠪᠣᠯ ᠦᠦ︖ ᠳᠠᠷᠠ ᠵᠢᠯ ᠨᠤᠳᠤᠭ ᠲᠠᠭᠠᠨ ᠬᠠᠷᠢᠬᠤ ᠳᠤ᠂ 《ᠮᠠᠨ ᠤ ᠬᠤᠰᠢᠭᠤᠨ ᠤ ᠭᠤᠷᠪᠠᠨ ᠮᠤᠩᠭ᠋ᠤᠯ ᠪᠠᠭ᠎ᠠ ᠰᠤᠷᠭᠠᠭᠤᠯᠢ ᠪᠠᠰᠠ ᠡᠭᠦᠳᠡ ᠪᠠᠨ ᠬᠠᠭᠠᠴᠢᠬᠠᠯ᠎ᠠ》 ᠭᠡᠵᠤ ᠪᠠᠭᠰᠠᠢ ᠶᠢᠨ ᠠᠵᠢᠯ ᠲᠡᠶ ᠭᠦᠷᠭᠡᠨ ᠳᠡᠭᠦᠤ ᠮᠢᠨᠢ ᠰᠠᠤᠠᠭᠢᠯ ᠰᠢᠮᠰᠢᠷᠠᠨ ᠶᠠᠷᠢᠵᠤ ᠪᠠᠢ᠌ᠪᠠ᠃ 《ᠳᠡᠭᠡᠭ᠍ᠰᠢ ᠡᠨᠡ ᠳᠠᠷᠠ ᠪᠠᠢ᠌ᠭᠤᠯᠭ᠎ᠠ ᠶᠢ ᠡᠷᠢᠵᠤ ᠥᠵᠡᠭᠦ ᠦᠭᠡᠶ ᠶᠤᠮ ᠦᠦ》 ᠭᠡᠭᠦ ᠳᠤ᠂ ᠰᠤᠷᠤᠭᠴᠢ ᠶᠢᠨ ᠢᠷᠠᠯᠳᠠ ᠨᠢ ᠴᠥᠭᠡᠷᠡᠭ᠍ᠰᠡᠨ ᠶᠤᠮ ᠴᠢᠨᠢ ᠶᠠᠮᠠᠷ ᠰᠢᠯᠳᠠᠭ ᠶᠢᠡᠷ ᠡᠷᠢᠨ᠎ᠡ ᠳ᠋ᠠ ᠭᠡᠨ᠎ᠡ᠃ 《ᠥᠪᠠᠷᠳᠡᠭᠡᠨ ᠵᠠᠰᠠᠬᠤ ᠬᠠᠤᠯᠢ》 ᠂ ᠨᠠᠮ ᠤᠨ ᠲᠦᠷᠦ ᠶᠢᠨ ᠪᠣᠳᠤᠯᠭ᠎ᠠ ᠳᠤ ᠦᠨᠳᠦᠰᠦᠳᠠᠨ ᠤ ᠥᠰᠦᠭ᠌ ᠪᠢᠴᠢᠭ᠌ ᠶᠢᠡᠨ ᠰᠤᠷᠴᠤ ᠭᠡᠷᠡᠭᠯᠡᠭᠦ ᠶᠢ ᠵᠦᠪᠰᠢᠶᠠᠷᠠᠵᠤ ᠪᠠᠢ᠌ᠳᠠᠯ᠎ᠠ ᠦᠪᠡᠷ ᠶᠢᠡᠨ ᠳᠤᠳᠤᠷ᠎ᠠ ᠡᠴᠡ ᠪᠠᠨ ᠰᠤᠷᠬᠤ ᠳᠤᠷ᠎ᠠ ᠦᠭᠡᠶ ᠶᠤᠮ ᠴᠢᠨᠢ ᠭᠡᠨ ᠳᠤ ᠰᠢᠯᠳᠠᠨ᠎ᠠ︖ ᠳᠠᠭᠢᠭᠠᠤᠨ ᠨᠢᠭᠡ ᠣᠳᠠᠭ᠎ᠠ ᠨᠤᠳᠤᠭ ᠲᠠᠭᠠᠨ ᠭᠦᠷᠡᠭᠦ ᠳᠤ᠂ ᠬᠠᠮᠤᠭ ᠠᠩᠬ᠎ᠠ ᠬᠤᠭᠤᠴᠠᠭᠠᠨ ᠤ ᠭᠢᠨᠢ ᠦᠨᠳᠦᠷ ᠳᠤᠮᠳᠠᠳᠤ ᠶᠢᠨ ᠠᠩᠭᠢ ᠶᠢ ᠳᠡᠭᠦᠰᠭᠡᠭ᠍ᠰᠡᠨ ᠰᠤᠷᠤᠭᠴᠢ ᠶᠢᠨ ᠬᠤᠪᠢ ᠪᠠᠷ ᠣᠮᠤᠭᠰᠢᠵᠤ ᠶᠠᠪᠣᠳᠠᠭ ᠡᠭᠡ ᠰᠤᠷᠭᠠᠭᠤᠯᠢ ᠮᠢᠨᠢ ᠬᠤᠷᠢᠨ ᠳᠤᠯᠤᠳᠤᠭᠠᠷ ᠵᠢᠯ ᠳᠡᠭᠡᠷ᠎ᠡ ᠪᠠᠨ 《ᠦᠨᠳᠦᠷ ᠳᠤᠮᠳᠠᠳᠤ》 ᠮᠠᠯᠭᠠᠢ ᠪᠠᠨ 《ᠠᠩᠬ᠎ᠠ ᠳᠤᠮᠳᠠᠳᠤ》 ᠪᠠᠷ ᠰᠤᠯᠢᠴᠢᠬᠠᠭᠠᠤᠨ ᠪᠠᠢ᠌ᠯ᠎ᠠ᠃ 《ᠵᠤᠤ ᠣᠳᠠ》 ᠂ 《ᠶᠡᠭᠡ ᠵᠤᠤ》 ᠂ 《ᠵᠢᠷᠢᠮ》 ᠮᠠᠳᠤ ᠶᠢᠨ ᠳᠡᠦᠭᠡᠨ ᠨᠠᠷᠠᠰ ᠬᠣᠢ᠌ᠰᠢᠳᠠ ᠶᠢᠨ ᠳᠡᠮᠳᠡᠭᠯᠡᠯ ᠳᠤ ᠠᠪ ᠠᠮᠷᠬᠠᠨ ᠪᠠᠯᠠᠷᠠᠭᠰᠠᠨ ᠰᠢᠭ᠌ ᠶᠢᠡᠨ ᠭᠡᠴᠢᠨᠡᠭᠡᠨ ᠣᠯᠠᠨ 《ᠮᠤᠩᠭ᠋ᠤᠯ》 ᠢᠮ ᠳᠠᠮᠠᠭᠠᠳᠤ ᠨᠠᠷᠠᠰ ᠦᠳᠡᠰᠢ ᠶᠢᠨ ᠣᠳᠤᠨ ᠮᠠᠳᠤ ᠰᠤᠪᠣᠷᠠᠨ ᠣᠤᠠᠬᠤ ᠶᠢ ᠭᠡᠨ ᠳᠤᠭᠠᠯᠠᠵᠤ ᠠᠮᠵᠢᠬᠤ ᠪᠢᠯᠠ᠃ ᠮᠤᠩᠭ᠋ᠤᠯ ᠰᠤᠶᠤᠯ ᠶᠢᠡᠨ ᠪᠢᠳᠠ ᠨᠢᠭᠡᠨ ᠠᠪᠣᠷᠭᠤ ᠨᠤᠭᠤᠭᠠᠨ ᠱᠠᠩᠰᠢ ᠮᠤᠳᠤ ᠪᠠᠷ ᠥᠯᠢᠦᠡᠭᠡᠳᠡᠭ᠌ ᠪᠣᠯ᠂ ᠰᠤᠷᠤᠭᠴᠢ ᠶᠢᠨ ᠢᠷᠠᠯᠳᠠ ᠪᠠᠭᠠᠰᠴᠤ ᠰᠤᠷᠭᠠᠭᠤᠯᠢ ᠶᠢᠨ ᠳᠤᠭ᠎ᠠ ᠬᠠᠰᠤᠭᠳᠠᠵᠤ ᠪᠠᠢ᠌ᠬᠤ ᠨᠢ ᠳᠠᠷᠤᠢ ᠡᠨᠡ ᠮᠤᠳᠤ ᠴᠢᠨᠢ ᠦᠨᠳᠦᠰᠦ ᠡᠴᠡ ᠪᠠᠨ ᠬᠠᠳᠠᠵᠤ ᠡᠭᠢᠯᠡᠯ᠎ᠡ ᠭᠡᠰᠡᠨ ᠥᠭᠡ᠃ ᠰᠤᠨᠤᠰᠬᠠᠯᠳᠠ ᠪᠠᠷ ᠰᠤᠷᠭᠠᠨ ᠭᠦᠮᠦᠵᠢᠯ ᠤᠨ ᠭᠡᠪᠯᠡᠯ ᠤᠨ ᠬᠤᠷᠢᠶ᠎ᠠ ᠣᠤᠯ ᠨᠢ 8 ᠲᠦᠮᠡᠨ ᠢᠵᠢ ᠮᠤᠩᠭ᠋ᠤᠯ ᠭᠢᠴᠢᠶᠠᠯ ᠤᠨ ᠳᠠᠪᠳᠠᠷ ᠭᠡᠪᠯᠡᠭᠦᠯᠳᠡᠭ᠌ ᠪᠠᠢ᠌ᠭᠰᠠᠨ ᠶᠢᠡᠨ ᠣᠳᠤ ᠬᠤᠶᠠᠷᠬᠠᠨ ᠲᠦᠮᠡᠨ ᠢᠵᠢ ᠭᠡᠪᠯᠡᠭᠦᠯᠭᠦ ᠯᠠ ᠪᠣᠯᠤᠯ᠎ᠠ ᠭᠡᠳᠡᠭ᠌᠃ ᠡᠨᠡ ᠴᠢᠨᠢ ᠮᠤᠩᠭ᠋ᠤᠯ ᠰᠤᠷᠤᠭᠴᠢ ᠶᠢᠨ ᠢᠷᠠᠯᠳᠠ ᠳᠦᠷᠪᠡᠨ ᠤ ᠭᠤᠷᠪᠠ ᠪᠠᠷ ᠬᠠᠰᠤᠭᠳᠠᠯ᠎ᠠ ᠭᠡᠰᠡᠨ ᠥᠭᠡ᠃ ᠡᠨᠡ ᠳᠤᠭ᠎ᠠ ᠭᠦᠮᠤᠨ ᠢ ᠰᠤᠴᠢᠭᠠᠨ᠎ᠠ᠃ ᠮᠤᠩᠭ᠋ᠤᠯ ᠰᠤᠷᠤᠭᠴᠢ ᠭᠦᠮᠦᠵᠢᠭ᠍ᠳᠡᠭᠦ ᠦᠭᠡᠶ᠂ ᠮᠤᠩᠭ᠋ᠤᠯ ᠣᠩᠰᠢᠠᠠᠴᠢᠳ ᠪᠠᠢ᠌ᠬᠤ ᠦᠭᠡᠶ ᠪᠣᠯ᠂ ᠡᠨᠡ ᠠᠪᠣᠷᠭᠤ ᠱᠠᠩᠰᠢ ᠶᠢᠨ ᠰᠤᠷᠭᠤᠭ ᠨᠤᠭᠤᠭᠠᠨ ᠨᠠᠮᠠᠭ᠎ᠠ ᠰᠠᠯᠠᠭ᠎ᠠ ᠨᠢ ᠪᠣᠯᠤᠭᠰᠠᠨ ᠮᠤᠩᠭ᠋ᠤᠯ ᠰᠤᠨᠢᠨ ᠰᠡᠳᠭᠦᠯ᠂ ᠪᠠᠷ ᠭᠡᠪᠯᠡᠯ ᠴᠢᠨᠢ ᠳᠤᠤᠷ᠎ᠠ ᠡᠴᠡ ᠪᠠᠨ ᠬᠠᠳᠠᠵᠤ ᠬᠤᠪᠠᠬᠠᠢ᠌ᠷᠠᠬᠤ ᠬᠤᠪᠢ ᠵᠠᠶᠠᠭ᠎ᠠ ᠡᠴᠡ ᠮᠤᠯᠳᠤᠷᠠᠵᠤ ᠴᠢᠳᠠᠬᠤ ᠪᠠᠷ ᠦᠭᠡᠶ᠃ ᠰᠠᠢ᠌ᠨ ᠳᠠᠭᠠᠨ ᠵᠠᠷᠢᠮ ᠭᠡᠪᠯᠡᠯ ᠤᠨ ᠬᠤᠷᠢᠶ᠎ᠠ ᠠᠷᠪᠠᠬᠠᠨ ᠲᠦᠷᠦᠯ ᠤᠨ ᠮᠤᠩᠭ᠋ᠤᠯ ᠨᠤᠮ ᠭᠠᠷᠠᠭᠠᠭᠠᠤᠨ ᠠᠮᠢ ᠪᠠᠨ ᠳᠡᠵᠢᠭᠡᠵᠤ᠂ ᠵᠠᠷᠢᠮ ᠮᠤᠩᠭ᠋ᠤᠯ ᠰᠡᠳᠭᠦᠯ ᠨᠢ ᠮᠢᠩᠭ᠋ᠠᠨ ᠳᠠᠪᠳᠠᠷ ᠳᠠᠷᠬᠠᠭᠠᠵᠤ ᠳᠡᠢ᠌ᠯᠭᠦ ᠦᠭᠡᠶ ᠮᠠᠩᠳᠠᠵᠤ ᠰᠠᠭᠤᠳᠠᠭ ᠦᠦ︖ ᠳᠡᠭᠡᠭᠦ ᠳᠡᠭᠡᠨ ᠰᠠ‍‌ᠶᠢ 《ᠮᠤᠩᠭ᠋ᠤᠯᠵᠢᠨ ᠤ ᠵᠤᠷᠢᠭ ᠰᠠᠨᠠᠭ᠎ᠠ》 ᠪᠢᠳᠠ ᠪᠦᠭᠦᠨ ᠤ ᠦᠵᠡᠯ ᠳᠡᠭᠡᠨ ᠰᠢᠳᠦᠭᠦ ᠳᠤᠭ ᠪᠣᠯᠵᠤ᠂ ᠦᠪᠡᠷ ᠢ ᠪᠠᠨ ᠬᠤᠷᠣᠢ᠌ᠯᠠᠬᠤ ᠳᠠᠯᠠᠯᠠᠭ᠎ᠠ ᠪᠣᠯᠵᠤ ᠳᠠᠭᠠᠷᠠᠨ᠎ᠠ᠃

ᠪᠣᠰᠤᠭ᠎ᠠ ᠮᠤᠩᠭ᠋ᠤᠯ ᠰᠤᠶᠤᠯ ᠶᠢᠡᠨ ᠠᠯᠳᠠᠬᠤ ᠰᠠᠤᠠᠭᠢᠯ ᠤᠨ ᠰᠢᠨᠠᠯᠭᠠᠯ ᠢ ᠬᠠᠮᠤᠭ ᠡᠷᠳᠡ ᠠᠮᠰᠠᠭᠰᠠᠨ ᠭᠦᠮᠦᠰ ᠪᠣᠯ ᠮᠤᠩᠭ᠋ᠤᠯ ᠭᠡᠯᠡᠨ ᠤ ᠳᠤᠭᠤᠷᠢᠭ ᠤᠨ ᠡᠮᠦᠨ᠎ᠡ ᠬᠠᠷᠠᠭᠤᠯ ᠳᠤ ᠳᠤᠯᠭᠠᠭᠳᠠᠭᠰᠠᠨ ᠮᠤᠩᠭ᠋ᠤᠯᠴᠤᠳ ᠶᠤᠮ᠃ ᠭᠡᠭᠦ ᠳᠤ ᠳᠠᠳᠠᠨᠤᠰ ᠮᠠᠯᠵᠢᠬᠤ ᠠᠮᠢᠳᠤᠷᠠᠯ ᠡᠴᠡ ᠬᠤᠯᠠᠤᠠᠴᠤ ᠮᠤᠩᠭ᠋ᠤᠯ ᠵᠠᠩᠰᠢᠯ ᠡᠴᠡ ᠪᠠᠨ ᠠᠷᠭ᠎ᠠ ᠦᠭᠡᠶ ᠵᠠᠢ᠌ᠳᠠᠵᠤ ᠪᠠᠢ᠌ᠪᠠᠴᠤ ᠦᠨᠳᠦᠰᠦᠳᠠᠨ ᠤ ᠳᠤᠭ ᠳᠡᠮᠳᠡᠭ᠌ ᠪᠣᠯᠤᠭᠰᠠᠨ ᠥᠰᠦᠭ᠌ ᠪᠢᠴᠢᠭ᠌ ᠶᠢᠡᠨ ᠬᠠᠷᠠᠯᠠᠭᠤᠯᠬᠤ ᠦᠭᠡᠶ ᠭᠡᠵᠤ ᠴᠥᠭᠦᠷᠡᠯ ᠦᠭᠡᠶ ᠴᠢᠷᠮᠠᠢ᠌ᠵᠤ ᠨᠤᠭᠤᠷᠠᠯ ᠦᠭᠡᠶ ᠵᠢᠦᠡᠭᠦᠵᠤ ᠢᠷᠡᠭ᠍ᠰᠡᠨ ᠶᠤᠮᠰᠠᠨ᠃ 1990 ᠣᠨ ᠤ ᠡᠭᠢ ᠪᠠᠷ ᠪᠢ ᠪᠠᠭᠡᠵᠢᠩ ᠳᠤ ᠬᠤᠷᠠᠯ ᠳᠤ ᠣᠷᠤᠯᠴᠠᠭᠠᠤᠨ ᠪᠣᠴᠠᠭᠠᠨ ᠳᠠᠭᠠᠨ ᠮᠠᠨ ᠤ ᠭᠡᠪᠯᠡᠯ ᠤᠨ ᠬᠤᠷᠢᠶᠠᠨ ᠳᠤ ᠣᠯᠠᠠᠳᠠ ᠨᠤᠮ ᠭᠡᠪᠯᠡᠭᠦᠯᠵᠤ ᠣᠴᠢᠳᠠᠭ ᠮᠤᠩᠭ᠋ᠤᠯᠵᠢᠨ ᠨᠠᠢ᠌ᠵᠠ ᠨᠡᠷ ᠶᠢᠡᠨ ᠡᠷᠭᠢᠵᠤ ᠥᠵᠡᠭᠦ ᠪᠠᠷ ᠹᠦᠰᠢᠨ ᠳᠤ ᠪᠠᠭᠤᠯᠤᠭ᠎ᠠ᠃ ᠳᠡᠭᠡᠭᠡᠤᠨ ᠹᠦᠰᠢᠨ ᠳᠤ ᠪᠠᠢ᠌ᠭᠰᠠᠨ ᠭᠡᠳᠤᠨ ᠡᠳᠦᠷ ᠬᠠᠯᠠᠭᠤᠨ ᠳᠠᠢ᠌ᠯᠠᠯᠭ᠎ᠠ ᠳ᠋ᠤᠨᠢ ᠬᠠᠩᠬᠤᠯᠤᠭᠤᠨ ᠶᠠᠪᠣᠭᠰᠠᠨ ᠳᠠᠳᠤᠢ ᠪᠢᠰᠢ ᠬᠠᠳᠠᠭᠤ ᠶᠠᠭᠤᠳᠠᠯᠳᠠᠢ ᠵᠤᠷᠢᠭ ᠰᠦᠰᠦ ᠶᠢ ᠨᠢ ᠰᠤᠨᠤᠰᠤᠨ ᠦᠵᠡᠨ ᠪᠢᠰᠢᠷᠡᠭᠦ ᠳᠡᠭᠡᠨ ᠬᠠᠭᠠᠰ ᠬᠤᠭᠤᠰ ᠳᠡᠮᠳᠡᠭᠯᠡᠯ ᠭᠢᠵᠤ ᠠᠪᠣᠭᠰᠠᠨ ᠪᠢᠯᠠ᠃

ᠮᠤᠩᠭ᠋ᠤᠯᠵᠢᠨ ᠤ ᠵᠤᠷᠢᠭ ᠰᠠᠨᠠᠭ᠎ᠠ ᠭᠡᠵᠤ ᠭᠡᠯᠡᠭᠦ ᠳᠤ ᠡᠡᠭ᠌ ᠳᠡᠷᠢᠭᠦᠨ ᠳᠤ ᠡᠨᠡ ᠵᠤᠷᠢᠭ ᠰᠠᠨᠠᠭ᠎ᠠ ᠶᠢᠨ ᠡᠭᠢ ᠰᠤᠷᠪᠣᠯᠵᠢ ᠨᠢᠷᠤᠭᠤᠪᠴᠢ ᠳᠤᠯᠭᠠᠭᠤᠷᠢ ᠪᠣᠯᠤᠭᠰᠠᠨ 《ᠡᠪᠦᠭᠡᠤᠨ ᠤᠨ ᠬᠤᠷᠠᠯ》 ᠢ ᠳᠤᠷᠠᠤᠠᠬᠤ ᠦᠭᠡᠶ ᠪᠠᠢ᠌ᠵᠤ ᠪᠣᠯᠬᠤ ᠦᠭᠡᠶ᠃ ᠠᠯᠢ ᠡᠷᠳᠡ ᠳᠠᠢ᠌ᠴᠢᠩ ᠭᠦᠷᠤᠨ ᠤ ᠦᠶ᠎ᠡ ᠡᠴᠡ ᠬᠠᠭᠤᠷᠮᠠᠭ ᠮᠠᠠᠵᠤ ᠮᠥᠭᠦᠳᠡᠯ᠎ᠡ ᠮᠤᠩᠭ᠋ᠤᠯᠵᠢᠨ ᠳᠤ 《ᠡᠪᠦᠭᠡᠤᠨ ᠤᠨ ᠬᠤᠷᠠᠯ》 ᠭᠡᠵᠤ ᠪᠠᠢ᠌ᠭᠰᠠᠨ ᠪᠦᠭᠡᠤᠨ ᠳᠠᠷᠠ ᠨᠢ ᠳᠤᠬᠠᠢ ᠶᠢᠨ ᠦᠶ᠎ᠡ ᠳᠤ ᠬᠤᠰᠢᠭᠤ ᠨᠤᠳᠤᠭ ᠤᠨ ᠶᠢᠡᠨ ᠠᠰᠢᠭ ᠳᠤᠰᠠ ᠶᠢ ᠬᠠᠮᠭᠠᠯᠠᠬᠤ ᠪᠠ ᠰᠤᠶᠤᠯ ᠰᠤᠷᠭᠠᠨ ᠭᠦᠮᠦᠵᠢᠯ ᠶᠢᠡᠨ ᠭᠦᠭ᠍ᠵᠢᠭᠦᠯᠭᠦ ᠳᠤ ᠶᠡᠭᠡᠭᠡᠨ ᠢᠳᠠᠪᠭᠢᠳᠠᠢ ᠣᠢ᠌ᠯᠠᠳᠤᠯ ᠥᠵᠡᠭᠦᠯᠵᠤ ᠪᠠᠢ᠌ᠯ᠎ᠠ ᠭᠡᠳᠡᠭ᠌᠃ ᠦᠨᠦ ᠡᠨᠡ ᠪᠠᠢ᠌ᠭᠤᠯᠤᠮᠵᠢ ᠪᠠᠢ᠌ᠬᠤ ᠦᠭᠡᠶ᠂ ᠬᠠᠷᠢᠨ ᠠᠵᠢᠯ ᠡᠴᠡ ᠪᠠᠨ ᠠᠮᠠᠷᠠᠭᠰᠠᠨ ᠭᠡᠳᠤᠨ ᠡᠪᠦᠭᠡᠤᠨ ᠶᠢᠡᠷ ᠪᠦᠷᠢᠯᠳᠦᠭ᠍ᠰᠡᠨ᠂ ᠮᠠᠨ ᠤ ᠦᠪᠣᠷ ᠮᠤᠩᠭ᠋ᠤᠯ ᠳᠤ ᠪᠠᠢ᠌ᠮ᠎ᠠ ᠦᠭᠡᠶ ᠨᠢᠭᠡ ᠰᠤᠨᠢᠬᠠᠨ ᠪᠠᠢ᠌ᠭᠤᠯᠭ᠎ᠠ ᠪᠠᠢ᠌ᠳᠠᠭ ᠳᠤᠨᠢ ᠪᠢ ᠢᠩᠭᠢᠵᠤ ᠨᠡᠷᠡᠯᠡᠭ᠍ᠰᠡᠨ ᠭᠡᠷᠡᠭ᠌᠃ ᠰᠢᠶᠠᠨ ᠤ ᠵᠠᠰᠠᠭ ᠤᠨ ᠣᠷᠳᠤᠨ ᠤ ᠶᠡᠭᠡ ᠠᠰᠠᠷ ᠤᠨ ᠠᠷᠤ ᠳ᠋ᠠᠭᠢ ᠨᠢᠭᠡᠨ ᠬᠠᠭᠤᠴᠢᠨ ᠪᠠᠢ᠌ᠰᠢᠩ ᠳᠤ ᠪᠠᠢ᠌ᠷᠢᠯᠠᠭ᠎ᠠ ᠡᠨᠡ ᠪᠠᠢ᠌ᠭᠤᠯᠭ᠎ᠠ ᠶᠢᠨ ᠡᠭᠦᠳᠡᠨ ᠫᠠᠢ᠌ᠰᠠ ᠳᠡᠭᠡᠷᠡᠭᠢ ᠴᠤᠬᠤᠮ ᠨᠠᠷ᠎ᠠ ᠨᠢ 《ᠦᠨᠳᠦᠰᠦᠳᠠᠨ ᠤ ᠥᠪᠠᠷᠳᠡᠭᠡᠨ ᠵᠠᠰᠠᠬᠤ ᠬᠠᠤᠯᠢ ᠳᠦᠷᠢᠮ ᠢ ᠭᠡᠷᠡᠭ᠍ᠵᠢᠭᠦᠯᠭᠦ ᠶᠢ ᠰᠤᠳᠤᠯᠬᠤ ᠨᠡᠢ᠌ᠭᠡᠮᠯᠢᠭ᠌》 ᠂ 《ᠮᠤᠩᠭ᠋ᠤᠯᠵᠢᠨ ᠭᠡᠯᠡ ᠰᠤᠶᠤᠯ ᠶᠢᠡᠨ ᠭᠦᠭ᠍ᠵᠢᠭᠦᠯᠭᠦ ᠰᠠᠭᠤᠷᠢ ᠮᠥᠩᠭᠦᠨ ᠤ ᠨᠡᠢ᠌ᠭᠡᠮᠯᠢᠭ᠌》 ᠭᠡᠳᠡᠭ᠌᠃ ᠰᠤᠳᠤᠯᠬᠤ ᠭᠡᠷ ᠤᠨ ᠪᠦᠷᠢᠯᠳᠦᠭᠦᠨ ᠭᠡᠵᠤ 6 ᠡᠪᠦᠭᠡᠨ ᠪᠠᠢ᠌ᠬᠤ ᠳᠤᠳᠤᠷ᠎ᠠ ᠬᠠᠮᠤᠭ ᠠᠬᠠᠮᠠᠤᠨ ᠨᠢ ᠳᠠᠯᠠᠨ ᠳᠦᠷᠪᠡᠳᠠᠢ᠂ ᠬᠠᠮᠤᠭ ᠵᠠᠯᠠᠭᠤ ᠨᠢ ᠵᠢᠷᠠᠨ ᠬᠤᠶᠠᠷᠳᠠᠢ᠃ ᠡᠳᠡᠭᠡᠷ ᠨᠠᠰᠤᠳᠠᠤᠨ ᠤᠨ ᠭᠢᠳᠠᠤᠨ ᠮᠤᠩᠭ᠋ᠤᠯ ᠪᠢᠴᠢᠭ᠌ ᠤᠨ ᠭᠢᠷᠢ ᠭᠡᠮᠵᠢᠶ᠎ᠡ ᠦᠨᠳᠦᠷ ᠮᠥᠷᠳᠡᠭᠡᠨ ᠣᠳᠠᠭᠠᠨ ᠵᠢᠯ ᠵᠠᠰᠠᠭ ᠤ ᠠᠯᠪᠠᠨ ᠳᠤ ᠳᠤᠰᠢᠶᠠᠯ ᠡᠭᠦᠷᠭᠡᠯᠡᠵᠤ ᠶᠠᠪᠣᠭᠰᠠᠨ ᠪᠣᠯᠬᠤᠷ ᠲᠦᠷᠦ ᠶᠢᠨ ᠪᠣᠳᠤᠯᠭ᠎ᠠ ᠳᠤ ᠨᠡᠪᠳᠡᠷᠭᠡᠢ᠂ ᠠᠵᠢᠯ ᠤᠨ ᠳᠤᠷᠰᠢᠯᠭ᠎ᠠ ᠪᠠᠷ ᠪᠠᠶᠠᠯᠢᠭ᠃ ᠡᠨᠡ ᠭᠦ ᠬᠤᠶᠠᠷ ᠨᠠᠷ᠎ᠠ ᠲᠡᠶ ᠨᠢᠭᠡ ᠪᠠᠢ᠌ᠭᠤᠯᠭ᠎ᠠ ᠨᠢ ᠬᠤᠶᠠᠷ ᠡᠭᠦᠷᠭᠡ ᠴᠢᠳᠠᠪᠣᠷᠢ ᠲᠡᠶ᠃ ᠨᠢᠭᠡ ᠳᠤ᠂ ᠦᠨᠳᠦᠰᠦᠳᠠᠨ ᠤ ᠳᠤᠬᠠᠢ ᠬᠠᠤᠯᠢ ᠳᠦᠷᠢᠮ ᠪᠠ ᠲᠦᠷᠦ ᠶᠢᠨ ᠪᠣᠳᠤᠯᠭ᠎ᠠ ᠶᠢ ᠮᠦᠷ ᠪᠠᠳᠠᠭ ᠨᠢᠭᠳᠠᠯᠠᠨ ᠰᠤᠳᠤᠯᠵᠤ᠂ ᠬᠠᠤᠯᠢ ᠪᠣᠳᠤᠯᠭ᠎ᠠ ᠳᠤ ᠳᠤᠭᠳᠠᠭᠠᠭᠰᠠᠨ ᠶᠤᠰᠤᠭᠠᠷ ᠦᠨᠳᠦᠰᠦᠳᠠᠨ ᠤ ᠡᠷᠭᠡ ᠠᠰᠢᠭ ᠶᠢᠡᠨ ᠪᠦᠷᠢᠨ ᠡᠳ᠋ᠯᠡᠭᠦ ᠠᠷᠭ᠎ᠠ ᠭᠠᠷᠭᠠᠵᠤ ᠦᠭ‍ᠭᠦᠨ᠎ᠡ᠃ ᠬᠤᠶᠠᠷ ᠲᠤ᠂ ᠨᠡᠢ᠌ᠭᠡᠮ ᠤᠨ ᠳᠠᠯ᠎ᠠ ᠳᠠᠯ᠎ᠠ ᠶᠢᠨ ᠭᠦᠴᠤᠨ ᠢ ᠠᠰᠢᠭᠯᠠᠨ ᠪᠠᠳᠢᠷ ᠴᠤᠭᠯᠠᠭᠤᠯᠤᠨ ᠰᠠᠭᠤᠷᠢ ᠮᠥᠩᠭᠦ ᠴᠤᠭᠴᠠᠯᠠᠵᠤ᠂ ᠮᠤᠩᠭ᠋ᠤᠯ ᠥᠭᠡ ᠭᠡᠯᠡ᠂ ᠥᠰᠦᠭ᠌ ᠪᠢᠴᠢᠭ᠌ ᠶᠢᠡᠨ ᠰᠤᠷᠴᠤ ᠭᠡᠷᠡᠭᠯᠡᠭᠦ ᠶᠢ ᠭᠦᠭᠢᠭᠦᠯᠤᠨ ᠵᠤᠷᠢᠵᠢᠭᠤᠯᠤᠨ᠎ᠠ᠃ ᠡᠨᠡ ᠬᠤᠶᠠᠷ ᠨᠡᠢ᠌ᠭᠡᠮᠯᠢᠭ᠌ ᠨᠢ ᠪᠠᠢ᠌ᠭᠤᠯᠤᠭᠳᠠᠭᠰᠠᠨ ᠡᠴᠡ ᠨᠠᠰᠢ ᠭᠡᠳᠤᠨ ᠵᠢᠯ ᠳᠤ ᠪᠦᠭᠦ ᠰᠢᠶᠠᠨ ᠤ ᠪᠠᠨ ᠡᠳ᠋ ᠤᠨ ᠵᠠᠰᠠᠭ᠂ ᠰᠤᠶᠤᠯ ᠰᠤᠷᠭᠠᠨ ᠭᠦᠮᠦᠵᠢᠯ ᠳᠤ ᠯᠤᠳᠤ ᠶᠡᠭᠡ ᠭᠠᠪᠢᠶ᠎ᠠ ᠵᠢᠦᠡᠭᠦᠯ ᠥᠵᠡᠭᠦᠯᠦᠭ᠍ᠰᠡᠨ ᠶᠤᠮ᠃ ᠳᠠᠳᠠ ᠨᠡᠷ ᠮᠤᠵᠢ᠂ ᠬᠤᠳᠠ ᠶᠢᠨ ᠬᠠᠮᠢᠶ᠎ᠠ ᠪᠦᠭᠦᠢ ᠪᠠᠢ᠌ᠭᠤᠯᠭ᠎ᠠ ᠳᠤ 32 ᠬᠤᠪᠢ ᠮᠡᠳᠡᠭᠦᠯᠦᠯᠳᠡ ᠪᠢᠴᠢᠭᠡᠤᠨ᠂ 7 ᠬᠤᠪᠢ ᠨᠢ ᠭᠡᠷᠡᠭᠯᠡᠭ᠍ᠳᠡᠵᠤ ᠰᠢᠶᠠᠨ ᠤ ᠡᠳ᠋ ᠤᠨ ᠵᠠᠰᠠᠭ ᠲᠠᠭᠠᠨ ᠲᠦᠷᠦ ᠶᠢᠨ ᠪᠣᠳᠤᠯᠭ᠎ᠠ ᠶᠤᠰᠤᠭᠠᠷ ᠭᠦᠷᠳᠡᠭᠦ ᠶᠤᠰᠤᠳᠠᠢ 500 ᠢᠯᠡᠭᠦᠤ ᠲᠦᠮᠡᠨ ᠳᠦᠭᠦᠷᠢᠭ᠌ ᠤᠨ ᠵᠠᠷᠤᠳᠠᠯ ᠮᠥᠩᠭᠦ ᠣᠯᠵᠤ ᠠᠪᠴᠢᠷᠠᠭᠰᠠᠨ ᠪᠠᠢ᠌ᠨ᠎ᠠ᠃ ᠵᠠᠰᠠᠭ ᠤᠨ ᠣᠷᠳᠤᠨ ᠨᠢ ᠴᠤ ᠡᠳᠡᠭᠡᠷ ᠠᠬᠠᠮᠠᠤᠨ ᠺᠠᠳ᠋ᠷᠴᠤᠳ ᠢ ᠮᠠᠰᠢ ᠭᠦᠡᠳᠦᠦᠡᠭᠡᠨ ᠳᠠᠮᠵᠢᠵᠤ᠂ ᠵᠢᠯ ᠤᠨ ᠠᠵᠢᠯᠯᠠᠬᠤ ᠵᠠᠷᠤᠳᠠᠯ ᠭᠡᠵᠤ 5 ᠲᠦᠮᠡᠨ ᠳᠦᠭᠦᠷᠢᠭ᠌ ᠥᠭ᠍ᠳᠡᠭ᠌᠃

ᠳᠡᠭᠡᠷ᠎ᠡ ᠵᠠᠭᠤᠨ ᠤ ᠨᠠᠶᠠᠭᠠᠤᠨ ᠣᠨ ᠤ ᠰᠡᠭᠦᠯᠴᠢ ᠡᠴᠡ ᠨᠠᠭᠠᠰᠢ ᠡᠯ᠎ᠡ ᠳᠠᠯ᠎ᠠ ᠶᠢᠨ ᠰᠢᠯᠳᠠᠭᠠᠨ ᠡᠴᠡ ᠪᠣᠯᠵᠤ ᠹᠦᠰᠢᠨ ᠰᠢᠶᠠᠨ ᠤ ᠦᠨᠳᠦᠰᠦᠳᠠᠨ ᠤ ᠰᠤᠷᠭᠠᠨ ᠭᠦᠮᠦᠵᠢᠯ ᠭᠦᠡᠳᠤ ᠭᠡᠴᠡᠭᠦᠤ ᠭᠢᠮᠤᠷᠠᠯ ᠳᠤ ᠣᠴᠠᠷᠠᠵᠤ᠂ ᠴᠥᠭᠡᠨ ᠪᠣᠰᠤ ᠮᠤᠩᠭ᠋ᠤᠯ ᠰᠤᠷᠭᠠᠭᠤᠯᠢ ᠨᠢ ᠮᠤᠩᠭ᠋ᠤᠯ ᠭᠡᠯᠡ ᠪᠠᠨ ᠰᠤᠷᠬᠤ ᠶᠢ ᠵᠤᠭᠰᠤᠬᠤ ᠭᠡᠮᠵᠢᠶᠡᠨ ᠳᠤ ᠭᠦᠷᠴᠡᠢ᠃ 1995 ᠣᠨ ᠳᠤ ᠡᠨᠡ ᠭᠦ 《ᠰᠠᠭᠤᠷᠢ ᠮᠥᠩᠭᠦᠨ ᠤ ᠨᠡᠢ᠌ᠭᠡᠮᠯᠢᠭ᠌》 ᠨᠢ ᠪᠠᠢ᠌ᠭᠤᠯᠤᠭᠳᠠᠮᠠᠭᠴᠠ ᠨᠢᠭᠡ ᠳᠠᠯ᠎ᠠ ᠪᠠᠷ ᠳᠡᠭᠡᠭ᠍ᠰᠢ ᠡᠷᠭᠦᠳᠡᠯ ᠪᠢᠴᠢᠵᠤ᠂ ᠥᠪᠠᠷᠳᠡᠭᠡᠨ ᠵᠠᠰᠠᠬᠤ ᠬᠠᠤᠯᠢ ᠪᠠ ᠬᠠᠮᠢᠶ᠎ᠠ ᠪᠦᠭᠦᠢ ᠲᠦᠷᠦ ᠶᠢᠨ ᠪᠣᠳᠤᠯᠭ᠎ᠠ ᠶᠤᠰᠤᠭᠠᠷ ᠬᠠᠷᠠᠭᠠᠯᠵᠠᠯᠠᠯ ᠭᠦᠰᠡᠭᠦ ᠶᠢᠨ ᠬᠠᠮᠳᠤ ᠨᠥᠭᠦᠭᠡ ᠳᠠᠯ᠎ᠠ ᠪᠠᠷ ᠰᠠᠭᠤᠷᠢ ᠮᠥᠩᠭᠦ ᠴᠤᠭᠴᠠᠯᠠᠨ ᠮᠤᠩᠭ᠋ᠤᠯ ᠰᠤᠷᠭᠠᠨ ᠭᠦᠮᠦᠵᠢᠯ ᠶᠢᠡᠨ ᠳᠡᠳᠭᠦᠨ ᠱᠠᠩᠨᠠᠬᠤ ᠮᠠᠳᠤ ᠶᠢᠨ ᠠᠷᠭ᠎ᠠ ᠪᠦᠭᠦᠨ ᠢ ᠰᠥᠪᠠᠭ᠍ᠴᠢᠯᠡᠨ ᠴᠢᠷᠮᠠᠢ᠌ᠵᠠᠢ᠃ ᠢᠩᠭᠢᠭᠡᠤᠨ ᠮᠤᠩᠭ᠋ᠤᠯ ᠭᠢᠴᠢᠶᠠᠯ ᠶᠢᠡᠨ ᠰᠠᠢ᠌ᠨ ᠰᠤᠷᠤᠭᠰᠠᠨ 2400 ᠢᠯᠡᠭᠦᠤ ᠰᠤᠷᠤᠭᠴᠢ ᠳᠤᠰ ᠰᠠᠭᠤᠷᠢ ᠮᠥᠩᠭᠦᠨ ᠤ ᠱᠠᠩᠨᠠᠯ ᠢ ᠭᠦᠷᠳᠡᠵᠤ ᠪᠠᠢ᠌ᠭ᠎ᠠ ᠪᠦᠭᠡᠤᠨ ᠮᠤᠩᠭ᠋ᠤᠯ ᠶᠢᠡᠷ ᠶᠡᠭᠡ ᠳᠡᠭᠡᠳᠤ ᠰᠤᠷᠭᠠᠭᠤᠯᠢ ᠳᠤ ᠰᠢᠯᠭᠠᠵᠤ ᠣᠷᠤᠭᠰᠠᠤᠨ ᠲᠤ ᠪᠠᠰᠠ ᠳᠤᠰᠬᠠᠢ ᠱᠠᠩᠨᠠᠯ ᠤᠨ ᠮᠥᠩᠭᠦ ᠲᠡᠶ᠃ ᠴᠤᠯᠤ ᠮᠤᠩᠭ᠋ᠤᠯ ᠶᠢᠡᠷ ᠰᠤᠷᠬᠤ ᠨᠥᠭᠦᠴᠡᠯ ᠦᠭᠡᠶ ᠠᠢ᠌ᠯ ᠳᠤᠰᠬᠤᠨ ᠨᠢ ᠮᠤᠩᠭ᠋ᠤᠯ ᠭᠢᠴᠢᠶᠠᠯ ᠬᠠᠪᠰᠤᠷᠭᠠᠵᠤ ᠰᠤᠷᠤᠭᠰᠠᠨ ᠴᠤ ᠵᠤᠷᠢᠭᠵᠢᠭᠤᠯᠤᠯ ᠤᠨ ᠱᠠᠩᠨᠠᠯ ᠲᠡᠶ᠃ ᠪᠣᠢ᠌ᠳᠠ ᠪᠦᠭᠯᠡᠭᠦᠤ ᠮᠥᠷᠳᠡᠭᠡᠨ ᠵᠢᠷᠭᠤᠭᠠᠬᠠᠨ ᠮᠤᠩᠭ᠋ᠤᠯ ᠡᠷᠦᠭᠡ ᠲᠡᠶ ᠵᠠᠯᠠᠨ ᠠᠢ᠌ᠯ ᠤᠨ ᠮᠤᠩᠭ᠋ᠤᠯ ᠭᠡᠦᠭᠡᠤᠨ ᠭᠠᠷᠠᠭ ᠲᠤ ᠬᠤᠶᠠᠷᠬᠠᠨ ᠴᠠᠭ ᠤᠨ ᠮᠤᠩᠭ᠋ᠤᠯ ᠭᠡᠯᠡᠨ ᠤ ᠭᠢᠴᠢᠶᠠᠯ ᠨᠠᠮᠠᠵᠤ ᠣᠷᠤᠭᠰᠠᠨ ᠳᠤ ᠪᠠᠰᠠ ᠮᠢᠩᠭ᠋ᠠᠨ ᠳᠦᠭᠦᠷᠢᠭ᠌ ᠤᠨ ᠱᠠᠩᠨᠠᠯ ᠣᠯᠭᠤᠪᠠ᠃ ᠳᠠᠯᠠᠨ ᠭᠡᠳᠤᠨ ᠲᠦᠮᠡᠨ ᠭᠦᠮᠤᠨ ᠠᠮᠠ ᠲᠡᠶ ᠹᠦᠰᠢᠨ ᠰᠢᠶᠠᠨ ᠳᠤ ᠮᠤᠩᠭ᠋ᠤᠯ ᠦᠨᠳᠦᠰᠦᠳᠠᠨ ᠠᠷᠪᠠᠭᠠᠤᠨ ᠲᠦᠮᠡ ᠯᠠ ᠪᠣᠢ᠃ ᠪᠦᠭᠦ ᠭᠦᠮᠤᠨ ᠠᠮᠠ ᠶᠢᠨ ᠶᠢᠡᠨ 18 % ᠶᠢ ᠯᠠ ᠭᠦᠷᠭᠦ ᠮᠤᠩᠭ᠋ᠤᠯ ᠳᠤᠭᠠᠳᠠᠨ ᠲᠡᠶ ᠮᠤᠩᠭ᠋ᠤᠯᠵᠢᠨ 2000 ᠣᠨ ᠪᠣᠯᠳᠠᠯ᠎ᠠ 125 ᠮᠤᠩᠭ᠋ᠤᠯ ᠰᠤᠷᠭᠠᠭᠤᠯᠢ ᠲᠡᠶ (14ᠲ᠋ᠤᠮᠳᠠᠳᠤ ᠰᠤᠷᠭᠠᠭᠤᠯᠢ ᠪᠠᠭᠳᠠᠵᠤ ᠪᠣᠢ᠃ ) ᠡᠭᠦᠨ ᠳᠤ 23 ᠰᠤᠷᠭᠠᠭᠤᠯᠢ ᠨᠢ ᠴᠤᠯᠤ ᠮᠤᠩᠭ᠋ᠤᠯ ᠶᠢᠡᠷ ᠭᠢᠴᠢᠶᠠᠯᠯᠠᠵᠤ᠂ ᠪᠣᠰᠤᠳ ᠨᠢ ᠬᠤᠶᠠᠷ ᠭᠡᠯᠡ ᠪᠠᠷ ᠬᠠᠪᠰᠤᠷᠭᠠᠵᠤ ᠰᠤᠷᠬᠤ ᠪᠣᠶᠤ ᠳᠤᠰᠬᠠᠢ ᠠᠩᠭᠢ ᠲᠡᠶ᠃ ᠡᠳᠡᠭᠡᠷ ᠳᠤᠭ᠎ᠠ ᠶᠢ ᠪᠦᠷᠢᠦᠡᠭᠡᠭᠦ ᠳᠤ ᠠᠮᠠᠷ ᠴᠤ ᠡᠨᠡ ᠳᠤᠭ᠎ᠠ ᠪᠠᠨ ᠥᠯᠡᠳᠠᠭᠡᠵᠤ ᠠᠪᠬᠤ ᠪᠠᠷ ᠣᠷᠤᠰᠬᠠᠭᠰᠠᠨ ᠮᠤᠩᠭ᠋ᠤᠯᠵᠢᠠᠴᠤᠳ ᠤᠨ ᠭᠦᠴᠤ ᠭᠦᠯᠦᠰᠤ᠂ ᠥᠯᠢᠭᠡᠷ ᠵᠢᠱᠢᠶ᠎ᠠ ᠶᠢ ᠡ᠊ᠨᠳᠡ ᠭᠡᠳᠦᠭᠡᠨ ᠬᠠᠭᠤᠳᠠᠰᠤᠨ ᠳᠤ ᠪᠢᠴᠢᠵᠤ ᠪᠠᠷᠠᠬᠤ ᠦᠭᠡᠶ᠃ ᠨᠠᠩ ᠢᠯᠠᠩᠭᠤᠶ᠎ᠡ ᠭᠦᠡᠳᠤ ᠭᠡᠴᠡᠭᠦᠤ ᠭᠡᠯᠡᠨ ᠤ ᠬᠠᠢ᠌ᠯᠤᠭᠳᠠᠯ ᠳᠤ ᠪᠦᠰᠡᠯᠡᠭ᠍ᠳᠡᠵᠤ ᠪᠠᠢ᠌ᠭ᠎ᠠ ᠮᠤᠩᠭ᠋ᠤᠯᠵᠢᠨ ᠳᠤ ᠡᠢ᠌ᠮᠤ ᠶᠡᠭᠡ ᠣᠢ᠌ᠯᠠᠰ ᠢ ᠪᠦᠳᠦᠭᠡᠭᠦ ᠭᠡᠭ᠍ᠴᠢ ᠰᠤᠨᠤᠰᠬᠤ ᠳᠤ ᠠᠮᠠᠷ ᠴᠤ ᠪᠠᠶᠡᠯᠡᠭᠦᠯᠭᠦ ᠳᠤ ᠳᠠᠢ᠌ᠮᠤ ᠭᠢᠯᠪᠠᠷ ᠪᠢᠰᠢ ᠡ᠃

ᠹᠦᠰᠢᠨ ᠰᠢᠶᠠᠨ ᠳᠤ ᠮᠤᠩᠭ᠋ᠤᠯ ᠡᠮᠡᠨᠡᠯᠭᠡ ᠶᠢᠨ ᠬᠤᠷᠢᠶ᠎ᠠ᠂ ᠮᠤᠩᠭ᠋ᠤᠯ ᠰᠤᠨᠢᠨ᠂ ᠮᠤᠩᠭ᠋ᠤᠯ ᠷᠠᠳᠢᠤ᠋ ᠨᠡᠪᠳᠡᠷᠡᠭᠦᠯᠭᠡ᠂ ᠮᠤᠩᠭ᠋ᠤᠯ ᠵᠥᠴᠦᠭᠡ ᠶᠢᠨ ᠪᠦᠯᠭᠦᠮ᠂ ᠮᠤᠩᠭ᠋ᠤᠯ ᠭᠡᠯᠡ ᠪᠢᠴᠢᠭ᠌ ᠤᠨ ᠠᠯᠪᠠᠨ ᠭᠡᠷ ᠭᠡᠭᠦ ᠮᠠᠳᠤ ᠳᠤᠰᠬᠠᠢ ᠦᠨᠳᠦᠰᠦᠳᠠᠨ ᠤ ᠠᠵᠢᠯ ᠤᠨ ᠪᠠᠢ᠌ᠭᠤᠯᠭ᠎ᠠ ᠨᠢᠭᠡᠴᠢ 130 ᠪᠣᠢ᠃ ᠡᠭᠦᠨ ᠳᠤ ᠵᠠᠬ᠎ᠠ ᠳᠡᠯᠭᠡᠭᠦᠷ ᠤᠨ ᠳᠦᠷᠢᠯᠳᠠ ᠡᠴᠡ ᠪᠣᠯᠵᠤ ᠵᠠᠷᠢᠮ ᠮᠤᠩᠭ᠋ᠤᠯ ᠪᠠᠢ᠌ᠭᠤᠯᠭ᠎ᠠ ᠨᠢ ᠪᠠᠶ᠎ᠠ ᠪᠠᠨ ᠳᠡᠵᠢᠭᠡᠵᠤ ᠳᠡᠢ᠌ᠯᠭᠦ ᠦᠭᠡᠶ 《ᠪᠣᠳᠠᠭᠠᠨ ᠠᠶᠠᠭ᠎ᠠ ᠪᠠᠨ ᠬᠠᠭᠠᠯᠠᠭᠤᠯᠬᠤ》 ᠭᠡᠮᠵᠢᠶᠡᠨ ᠳᠤ ᠭᠦᠷᠴᠤ᠂ ᠵᠠᠷᠢᠮ ᠨᠢ 《ᠥᠭᠡᠷᠴᠢᠯᠡᠯᠳᠡ》 《ᠴᠡᠭ᠍ᠴᠡᠯᠡᠯᠳᠡ》 ᠳᠤ 《ᠳᠢᠳᠢᠮ》 ᠶᠢᠡᠨ ᠮᠤᠯᠳᠤᠯᠤᠭᠤᠯᠬᠤ ᠳᠦᠭ᠍ᠰᠢᠭᠦᠷᠢ ᠳᠤ ᠣᠢ᠌ᠷᠠᠤᠠᠴᠤ ᠪᠠᠢ᠌ᠵᠠᠢ᠃ ᠡᠨᠡ ᠦᠶ᠎ᠡ ᠳᠤ ᠮᠦᠨ ᠯᠠ 《ᠡᠪᠦᠭᠡᠤᠨ ᠤᠨ ᠬᠤᠷᠠᠯ》 ᠤᠨ ᠡᠷᠭᠦᠳᠡᠯ᠂ ᠰᠠᠨᠠᠯ ᠳᠤᠷᠠᠳᠤᠯᠭ᠎ᠠ ᠲᠤᠩ ᠶᠡᠭᠡ ᠣᠢ᠌ᠯᠠᠳᠤᠯ ᠭᠠᠷᠭᠠᠵᠤ᠂ ᠡᠳᠡᠭᠡᠷ ᠪᠠᠢ᠌ᠭᠤᠯᠭ᠎ᠠ ᠨᠤᠭᠤᠳ ᠶᠢᠡᠨ ᠬᠠᠮᠠᠭᠠᠯᠠᠵᠤ ᠠᠪᠴᠤ ᠴᠢᠳᠠᠭᠰᠠᠨ ᠮᠥᠷᠳᠡᠭᠡᠨ ᠵᠠᠷᠢᠮ ᠪᠠᠢ᠌ᠭᠤᠯᠭ᠎ᠠ ᠶᠢ ᠨᠢ ᠣᠯᠠᠮ ᠴᠢᠩᠭ᠋ᠠᠤᠠᠬᠠᠵᠤ ᠵᠠᠷᠤᠳᠠᠯ ᠰᠥᠢᠦᠡᠭᠡᠯ ᠢ ᠨᠢ ᠨᠠᠮᠠᠵᠤ ᠦᠭ‍ᠭᠦᠭ᠍ᠰᠡᠨ ᠪᠠᠢ᠌ᠨ᠎ᠠ᠃ ᠨᠢ᠋ᠮᠠᠨ ᠠᠵᠢᠯᠳᠠᠨ ᠲᠡᠶ ᠰᠢᠶᠠᠨ ᠤ ᠮᠤᠩᠭ᠋ᠤᠯ ᠭᠡᠯᠡ ᠪᠢᠴᠢᠭ᠌ ᠤᠨ ᠠᠯᠪᠠᠨ ᠭᠡᠷ (ᠡᠳᠦᠭᠡ ᠵᠦᠪᠯᠠᠯ ᠭᠡᠵᠤ ᠪᠣᠢ) ᠤᠨ ᠡᠳ᠋ ᠤᠨ ᠵᠠᠰᠠᠭ ᠡᠴᠡ ᠭᠦᠷᠳᠡᠭᠦ ᠨᠢᠭᠡ ᠵᠢᠯ ᠤᠨ ᠵᠠᠷᠤᠳᠠᠯ ᠨᠢ 78 ᠲᠦᠮᠡᠨ ᠳᠦᠭᠦᠷᠢᠭ᠌ ᠲᠤ ᠭᠦᠷᠴᠤ ᠡᠨᠡ ᠨᠢ ᠮᠠᠨ ᠤ ᠣᠷᠤᠨ ᠤ ᠳᠠᠰ ᠤᠨ ᠵᠠᠷᠢᠮ ᠭᠡᠪᠯᠡᠯ ᠤᠨ ᠬᠤᠷᠢᠶᠠᠤᠨ ᠤᠨ ᠵᠢᠯ ᠤᠨ ᠨᠥᠭᠦᠪᠦᠷᠢ ᠡᠴᠡ ᠴᠤ ᠳᠡᠭᠡᠭᠦᠷ ᠪᠠᠢ᠌ᠳᠠᠭ᠃ ᠳᠤᠰ ᠠᠯᠪᠠᠨ ᠭᠡᠷ ᠤᠨ ᠪᠣᠤ ᠡᠡᠭ᠍ᠭᠡ᠂ ᠰᠢᠶᠠᠩ ᠹᠦ᠋ ᠱᠸᠩ ᠵᠡᠷᠭᠡ ᠭᠡᠳᠤᠨ ᠦᠶ᠎ᠡ ᠶᠢᠨ ᠨᠥᠭᠦᠤᠨ ᠪᠣᠯ ᠮᠤᠩᠭ᠋ᠤᠯ ᠰᠤᠶᠤᠯ ᠶᠢᠡᠨ ᠭᠡᠤᠨ ᠭᠠᠭᠴᠠ ᠰᠠᠤᠠᠭᠢᠯ ᠶᠢᠡᠷ ᠵᠢᠦᠡᠭᠦᠵᠤ᠂ ᠮᠤᠩᠭ᠋ᠤᠯᠵᠢᠨ ᠰᠤᠶᠤᠯ ᠶᠢᠡᠨ ᠬᠠᠮᠠᠭᠠᠯᠠᠵᠤ ᠭᠦᠭ᠍ᠵᠢᠭᠦᠯᠭᠦ ᠳᠤ ᠣᠢ᠌ᠭ᠎ᠠ ᠦᠭᠡᠶ ᠭᠦᠴᠤ ᠭᠦᠳᠡᠯᠮᠦᠷᠢ ᠪᠠᠨ ᠡᠷᠭᠦᠭ᠍ᠰᠡᠨ ᠰᠠᠢ᠌ᠨ ᠡᠷᠡᠰ ᠶᠤᠮ᠃ ᠳᠠᠳᠠ ᠪᠦᠭᠦ ᠰᠢᠶᠠᠨ ᠤ ᠮᠤᠩᠭ᠋ᠤᠯ ᠭᠡᠯᠡ ᠪᠢᠴᠢᠭ᠌ ᠤᠨ ᠠᠵᠢᠯ ᠶᠢᠡᠨ ᠵᠢᠯᠤᠭᠤᠳᠤᠨ ᠳᠡᠮᠵᠢᠭᠦ ᠶᠢᠨ ᠬᠠᠮᠳᠤ ᠥᠪᠠᠷᠳᠡᠭᠡᠨ ᠮᠤᠩᠭ᠋ᠤᠯ ᠰᠡᠳᠭᠦᠯ ᠡᠷᠭᠢᠯᠡᠵᠤ᠂ ᠪᠠᠰᠠ ᠯᠢᠶᠤᠤᠨᠢᠩ ᠮᠤᠵᠢ ᠳᠠᠭᠠᠨ ᠳᠠᠳᠤᠢ ᠪᠢᠰᠢ ᠦᠪᠣᠷ ᠮᠤᠩᠭ᠋ᠤᠯ ᠤᠨ ᠮᠤᠩᠭ᠋ᠤᠯ ᠭᠡᠪᠯᠡᠯ ᠤᠨ ᠬᠤᠷᠢᠶᠠᠤᠨ ᠲᠡᠶ ᠨᠢᠠᠠᠳᠠ ᠬᠠᠷᠢᠴᠠᠭ᠎ᠠ ᠪᠠᠢ᠌ᠭᠤᠯᠵᠤ᠂ ᠣᠯᠠᠨ ᠠᠷᠪᠢᠨ ᠳᠡᠦᠭᠡ ᠰᠤᠶᠤᠯ ᠤᠨ ᠦᠨ᠎ᠡ ᠥᠷᠳᠡᠭ᠌ ᠪᠦᠭᠦᠢ ᠨᠤᠮ ᠳᠠᠪᠳᠠᠷ ᠭᠡᠪᠯᠡᠭᠦᠯᠵᠤ ᠪᠢᠯᠠ᠃ ᠭᠠᠭᠴᠠ ᠦᠪᠣᠷ ᠮᠤᠩᠭ᠋ᠤᠯ ᠤᠨ ᠰᠤᠶᠤᠯ ᠤᠨ ᠭᠡᠪᠯᠡᠯ ᠤᠨ ᠬᠤᠷᠢᠶᠠᠨ ᠳᠤ ᠡᠮᠦᠨ᠎ᠡ ᠬᠣᠢ᠌ᠨ᠎ᠠ 《ᠮᠤᠩᠭ᠋ᠤᠯᠵᠢᠨ ᠤ ᠱᠠᠰᠢᠨ ᠰᠤᠷᠳᠠᠬᠤᠨ》 ᠂ 《ᠮᠤᠩᠭ᠋ᠤᠯᠵᠢᠨ ᠤ ᠬᠤᠯᠪᠣᠭ᠎ᠠ》 ᠵᠡᠷᠭᠡ ᠠᠷᠪᠠᠭᠠᠤᠨ ᠳᠠᠪᠳᠠᠷ ᠭᠡᠪᠯᠡᠭᠦᠯᠦᠭ᠍ᠰᠡᠨ ᠨᠢ ᠡᠳᠦᠭᠡ ᠮᠢᠨᠤ ᠪᠢᠴᠢᠭ᠌ ᠤᠨ ᠵᠢᠶᠠᠰᠠᠨ ᠳᠤ ᠳᠠᠯᠪᠢᠭᠠᠰᠤᠳᠠᠢ᠃ ᠨᠠᠩ ᠴᠤ ᠳᠤᠰ ᠰᠢᠶᠠᠨ ᠤ 《ᠮᠤᠩᠭ᠋ᠤᠯ ᠠᠨᠠᠭᠠᠬᠤ ᠣᠬᠠᠭᠠᠨ ᠢ ᠰᠤᠳᠤᠯᠬᠤ ᠭᠠᠵᠠᠷ》 ᠪᠣᠯ ᠣᠯᠠᠮᠵᠢᠯᠠᠯᠳᠤ ᠮᠤᠩᠭ᠋ᠤᠯ ᠡᠮᠨᠡᠯᠭᠡ ᠶᠢᠨ ᠰᠤᠶᠤᠯ ᠶᠢᠡᠨ ᠬᠠᠮᠠᠭᠠᠯᠠᠬᠤ ᠳᠤ ᠭᠠᠪᠢᠶ᠎ᠠ ᠵᠢᠦᠡᠭᠦᠯ ᠲᠡᠶ ᠶᠤᠮ᠃ ᠳᠠᠷᠠ ᠨᠢ ᠣᠳᠤ ᠳᠤ ᠮᠤᠵᠢ ᠶᠢᠨ ᠬᠠᠷᠢᠶᠠᠳᠤ ᠡᠮᠨᠡᠯᠭᠡ ᠶᠢᠨ ᠬᠤᠷᠢᠶ᠎ᠠ ᠪᠣᠯᠤᠨ ᠠᠮᠸᠷᠢᠺᠠ᠂ ᠶᠠᠫᠣᠨ᠂ ᠣᠷᠤᠰ᠂ ᠬᠠᠩᠭ᠋ᠠᠷᠢ ᠵᠡᠷᠭᠡ ᠠᠷᠪᠠᠭᠠᠤᠨ ᠣᠯᠤᠰ ᠡᠴᠡ ᠢᠷᠡᠭ᠍ᠰᠡᠨ ᠡᠪᠠᠦᠡᠴᠢᠳᠡᠨ ᠢ ᠵᠠᠰᠠᠨ ᠡᠳᠡᠭᠡᠷᠡᠭᠦᠯᠦᠭᠡᠤᠨ ᠠᠨᠠᠭᠠᠬᠤ ᠣᠬᠠᠭᠠᠨ ᠤ ᠷᠢᠳᠢ ᠰᠢᠳᠢ ᠶᠢ ᠳᠡᠯᠡᠭᠡᠢ ᠳᠠᠶᠠᠭᠠᠷ ᠲᠤ ᠭᠠᠢ᠌ᠬᠠᠭᠤᠯᠵᠢ᠃ 1702 ᠣᠨ ᠳᠤ ᠪᠠᠢ᠌ᠭᠤᠯᠤᠭᠳᠠᠭᠰᠠ ᠭᠡᠭᠡᠨ ᠰᠦᠮ᠎ᠡ ᠶᠢᠨ ᡀᠠᠷᠠᠮᠪᠠ ᠷᠠᠰᠠᠩ ᠡᠴᠡ ᠣᠯᠠᠮᠵᠢᠯᠠᠵᠤ ᠢᠷᠡᠭ᠍ᠰᠡᠨ 300 ᠵᠢᠯ ᠤᠨ ᠳᠡᠦᠭᠡ ᠲᠡᠶ ᠡᠨᠡ ᠰᠤᠳᠤᠯᠬᠤ ᠭᠠᠵᠠᠷ ᠡᠳᠦᠭᠡ ᠪᠣᠯᠳᠠᠯ᠎ᠠ 4 ᠮᠢᠩᠭ᠋᠎ᠠ ᠢᠯᠡᠭᠦᠤ ᠮᠤᠩᠭ᠋ᠤᠯ ᠡᠮᠴᠢ ᠭᠦᠮᠦᠵᠢᠭᠦᠯᠵᠤ᠂ ᠭᠦᠨᠡᠪᠠᠳᠡᠷ᠎ᠡ᠂ ᠪᠠᠢ ᠴᠢᠩ ᠶᠦᠨ ᠵᠡᠷᠭᠡ ᠠᠯᠳᠠᠷᠳᠤ ᠣᠳᠠᠴᠢ ᠴᠦᠮ ᠡ᠊ᠨᠳᠡ ᠡᠴᠡ ᠨᠠᠷ᠎ᠠ ᠮᠠᠠᠳᠤᠭᠰᠠᠨ ᠶᠤᠮ᠃ ᠡ᠊ᠨᠳᠡ ᠮᠤᠩᠭ᠋ᠤᠯ ᠡᠮᠨᠡᠯᠭᠡ ᠶᠢᠨ ᠰᠤᠷᠭᠠᠭᠤᠯᠢ ᠲᠡᠶ ᠪᠦᠭᠡᠤᠨ ᠡᠭᠦᠨ ᠳᠡᠭᠡᠨ ᠳᠡᠭᠡᠳᠤ ᠵᠡᠷᠭᠡ ᠶᠢᠨ ᠳᠤᠰᠬᠠᠢ ᠮᠡᠷᠭᠡᠵᠢᠯ ᠤᠨ ᠠᠩᠭᠢ ᠲᠡᠶ᠃ ᠮᠤᠩᠭ᠋ᠤᠯᠵᠢᠠᠴᠤᠳ ᠪᠠᠰᠠ ᠨᠠᠮ ᠡᠴᠡ ᠳᠤᠷᠠᠳᠤᠭᠰᠠᠨ 《ᠦᠨᠳᠦᠰᠦᠳᠠᠨ ᠨᠤᠭᠦᠳ ᠡᠷᠭᠡ ᠳᠡᠭ᠍ᠰᠢ ᠪᠠᠢ᠌ᠬᠤ》 ᠬᠠᠤᠯᠢ ᠶᠤᠰᠤᠨ ᠤ ᠡᠷᠭᠡ ᠠᠰᠢᠭ ᠶᠢᠡᠨ ᠡᠳ᠋ᠯᠡᠭᠦ ᠶᠢᠨ ᠳᠦᠯᠦᠭᠡ᠂ ᠮᠤᠩᠭ᠋ᠤᠯ ᠠᠨᠠᠭᠠᠬᠤ ᠣᠬᠠᠭᠠᠨ ᠤ ᠪᠠᠨ ᠨᠠᠷ᠎ᠠ ᠭᠦᠡᠳᠤ ᠶᠢ ᠬᠠᠮᠠᠭᠠᠯᠠᠬᠤ ᠶᠢᠨ ᠳᠦᠯᠦᠭᠡ 《ᠳᠤᠮᠤ ᠡᠭᠦᠳᠡ ᠡᠷᠦᠭᠡ》 ᠭᠡᠮᠡᠭᠦ ᠳᠸᠯᠸᠢᠰ ᠵᠥᠴᠦᠭᠡ ᠳᠤ ᠮᠤᠩᠭ᠋ᠤᠯ ᠡᠮᠨᠡᠯᠭᠡ ᠶᠢ ᠭᠤᠳᠠᠭᠠᠨ ᠳᠤᠷᠤᠮᠵᠢᠯᠠᠭᠰᠠᠨ ᠬᠠᠵᠠᠭᠠᠢ ᠦᠵᠡᠯᠳᠠ ᠭᠠᠵᠢᠭᠤ ᠰᠠᠨᠠᠭ᠎ᠠ ᠶᠢ ᠢᠯᠠᠴᠢᠯᠠᠨ ᠵᠠᠭᠠᠯᠳᠤᠭᠠᠤᠨ ᠭᠡᠳᠤᠨ ᠠᠷᠪᠠᠨ ᠲᠦᠮᠡᠨ ᠳᠦᠭᠦᠷᠢᠭ᠌ ᠤᠨ 《ᠨᠠᠷ᠎ᠠ ᠭᠦᠡᠳᠤ ᠲᠡᠶ ᠬᠠᠯᠳᠠᠭᠰᠠᠨ》 ᠲᠦᠯᠦᠪᠣᠷᠢ ᠠᠪᠣᠯ᠎ᠠ ᠭᠡᠳᠡᠭ᠌᠃ ᠭᠡᠯᠡᠯᠭᠡᠨ ᠦᠭᠡᠶ ᠭᠡᠳᠤᠨ ᠠᠷᠪᠠᠨ ᠲᠦᠮᠡᠨ ᠳᠦᠭᠦᠷᠢᠩ ᠶᠢᠡᠷ ᠨᠢᠭᠡ ᠦᠨᠳᠦᠰᠦᠳᠠᠨ ᠤ ᠭᠤᠳᠠᠭᠠᠨ ᠳᠤᠷᠤᠮᠵᠢᠯᠠᠭᠳᠠᠭᠰᠠᠨ ᠰᠡᠳᠬᠢᠯᠭᠡ ᠶᠢᠨ ᠰᠢᠷᠬᠠᠯᠠᠭ᠎ᠠ ᠶᠢ ᠡᠨᠡᠭᠡᠨ ᠡᠳᠠᠭᠡᠵᠤ ᠴᠢᠳᠡᠰᠢ ᠥᠭᠡᠢ ᠶᠤᠮ᠃

ᠮᠤᠩᠭ᠋ᠤᠯᠵᠢᠨ ᠵᠤᠷᠢᠭ ᠰᠠᠨᠠᠭ᠎ᠠ ᠭᠡᠵᠤ ᠶᠠᠷᠢᠬᠤ ᠳᠤ 《ᠡᠪᠦᠭᠡᠤᠨ ᠤᠨ ᠬᠤᠷᠠᠯ》 ᠢ ᠳᠤᠷᠠᠤᠠᠬᠤ ᠦᠭᠡᠶ ᠪᠠᠢ᠌ᠵᠤ ᠴᠢᠳᠠᠬᠤ ᠦᠭᠡᠶ ᠲᠡᠶ ᠠᠳᠠᠯᠢ ᠪᠠᠷ 《ᠡᠪᠦᠭᠡᠤᠨ ᠤᠨ ᠬᠤᠷᠠᠯ》 ᠢ ᠶᠠᠷᠢᠬᠤ ᠳᠤ ᠳᠤᠰ 《ᠬᠤᠷᠠᠯ》 ᠤᠨ 《ᠳᠦᠷᠦᠭᠦᠤ ᠭᠠᠯᠠᠭᠤ》 ᠳᠤᠭᠳᠠᠠᠪᠠᠶᠠᠷ (ᠭᠢᠳᠠᠤᠨ ᠨᠠᠷ᠎ᠠ ᠨᠢ ᠳ᠋ᠠᠢ ᠸᠸᠢ ᠢᠤᠢ᠂ ᠪᠢᠷ ᠤᠨ ᠨᠠᠷ᠎ᠠ ᠳᠤᠤᠯᠠᠮᠠ) ᠭᠤᠸᠠᠢ ᠶᠢ ᠳᠤᠷᠠᠤᠠᠬᠤ ᠦᠭᠡᠶ ᠪᠠᠢ᠌ᠵᠤ ᠪᠣᠯᠬᠤ ᠦᠭᠡᠶ᠃ ᠰᠢᠶᠠᠨ ᠤ ᠠᠷᠠᠤᠨ ᠤᠨ ᠳᠦᠯᠦᠭᠡᠯᠡᠭ᠍ᠴᠢᠳ ᠤᠨ ᠪᠠᠢ᠌ᠩᠭ᠋ᠤ ᠬᠤᠷᠢᠶᠠᠨ ᠤ ᠳᠠᠳ᠋ ᠡᠷᠭᠢᠯᠡᠭ᠍ᠴᠢ ᠶᠢᠨ ᠳᠤᠰᠢᠶᠠᠯ ᠡᠴᠡ ᠵᠢᠷᠠᠨ ᠨᠢᠭᠡᠳᠡᠢ ᠠᠮᠠᠷᠠᠭᠰᠠᠨ ᠡᠴᠡ ᠠᠪᠣᠭᠠᠤᠨ ᠳᠠᠯᠠᠨ ᠳᠦᠷᠪᠡᠳᠠᠢ ᠦᠨᠡᠨ ᠤ ᠭᠠᠵᠠᠷ ᠶᠢᠡᠨ ᠮᠤᠷᠳᠠᠬᠤ ᠪᠣᠯᠳᠠᠯ᠎ᠠ ᠹᠦᠰᠢᠨ ᠠᠷᠠᠤᠨ ᠲᠦᠮᠡᠨ ᠳᠤ ᠪᠦᠳᠦᠭᠡᠭ᠍ᠰᠡᠨ ᠭᠠᠪᠢᠶ᠎ᠠ ᠵᠢᠦᠡᠭᠦᠯ ᠢ ᠮᠤᠩᠭ᠋ᠤᠯᠵᠢᠠᠴᠤᠳ ᠮᠠᠷᠳᠠᠵᠤ ᠴᠢᠳᠠᠬᠤ ᠦᠭᠡᠶ᠃ ᠳᠡᠭᠦᠨ ᠢ ᠮᠠᠷᠳᠠᠵᠤ ᠴᠢᠳᠠᠬᠤ ᠦᠭᠡᠶ ᠰᠢᠯᠳᠠᠭᠠᠨ ᠢ ᠨᠢ ᠡᠳᠦᠭᠡ ᠨᠢᠭᠡ᠊ᠨᠳᠡ ᠭᠡᠪᠯᠡᠭ᠍ᠳᠡᠨ ᠳᠠᠷᠬᠠᠭᠠᠭᠳᠠᠭ᠎ᠠ ᠳᠤᠭᠳᠠᠠᠪᠠᠶᠠᠷ ᠭᠤᠸᠠᠢ ᠶᠢᠨ ᠨᠢᠭᠡ ᠨᠠᠰᠤ ᠶᠢ ᠥᠯᠢᠭᠡᠷᠴᠢᠯᠡᠨ ᠪᠢᠴᠢᠭ᠍ᠰᠡᠨ ᠪᠠᠷᠢᠮᠳᠠᠳᠤ ᠷᠤᠮᠠᠨ 《ᠵᠤᠯᠠ ᠰᠢᠭ ᠨᠤᠴᠤᠭᠰᠠᠨ ᠨᠢᠭᠡ ᠨᠠᠰᠤ》 ᠪᠠ ᠮᠦᠨ ᠳᠡᠭᠦᠨ ᠤ ᠳᠤᠬᠠᠢ ᠣᠯᠠᠨ ᠭᠦᠮᠤᠨ ᠤ ᠳᠤᠷᠰᠤᠮᠵᠢ ᠶᠢᠨ ᠡᠮᠭᠢᠦᠡᠭᠡᠯ 《ᠭᠡᠪ ᠳᠠᠭᠤᠷᠢᠶᠠᠯ》 ᠬᠤᠶᠠᠷ ᠨᠤᠮ ᠳᠠᠨ ᠳᠤ ᠳᠤᠭᠳᠤᠯᠵᠤ ᠪᠢᠰᠢᠷᠠᠳᠠᠯ᠎ᠠ ᠶᠠᠷᠢᠭᠠᠤᠨ ᠦᠭ‍ᠭᠦᠨ᠎ᠡ᠃

《ᠭᠡᠪ ᠳᠠᠭᠤᠷᠢᠶᠠᠯ》 ᠳᠤ ᠨᠡᠢ᠌ᠳᠡᠯᠡᠭ᠍ᠳᠡᠭ᠍ᠰᠡᠨ ᠳᠤᠰ ᠰᠢᠶᠠᠨ ᠤ ᠳᠠᠪᠤᠨ ᠣᠳᠤᠷᠢᠤᠠᠬᠤ ᠪᠠᠭ ᠤᠨ ᠬᠠᠷᠢᠭᠤᠴᠠᠯᠭᠠᠳᠠᠨ ᠪᠣᠯᠤᠨ ᠳᠤᠭᠳᠠᠠᠪᠠᠶᠠᠷ ᠡᠪᠦᠭᠡᠨ ᠲᠡᠶ ᠣᠳᠠᠭᠠᠨ ᠵᠢᠯ ᠬᠠᠮᠳᠤ ᠠᠵᠢᠯᠯᠠᠭᠰᠠᠨ ᠠᠬᠠᠮᠠᠤᠨ ᠨᠥᠭᠦᠤᠨ ᠵᠢᠴᠢ ᠳᠡᠭᠦᠨ ᠤ ᠭᠠᠷ ᠳᠤᠤᠷ᠎ᠠ ᠡᠴᠡ ᠭᠦᠮᠦᠵᠢᠭ᠍ᠳᠡᠨ ᠭᠠᠷᠤᠭᠰᠠᠨ ᠵᠠᠯᠠᠭᠤ ᠺᠠᠳ᠋ᠷ ᠵᠡᠷᠭᠡ ᠭᠦᠮᠦᠰ ᠤᠨ 27 ᠬᠤᠪᠢ ᠳᠤᠷᠠᠤᠠᠬᠠᠯ ᠵᠤᠬᠢᠶᠠᠯ ᠢ ᠣᠩᠰᠢᠭᠰᠠᠨ ᠪᠦᠭᠦᠨ ᠡᠨᠡ ᠭᠦᠮᠤᠨ ᠤ ᠨᠢᠭᠡ ᠨᠠᠰᠤ ᠪᠠᠷ ᠶᠢᠡᠨ ᠠᠷᠢᠭᠤᠨ ᠴᠢᠭ᠍ᠴᠢ ᠠᠵᠢᠯᠴᠢ ᠪᠣᠷᠤᠭᠵᠢᠭᠤᠨ ᠶᠢᠡᠷ ᠠᠷᠠᠤᠨ ᠲᠦᠮᠡᠨ ᠦᠨᠳᠦᠰᠦᠳᠠᠨ ᠤ ᠪᠠᠨ ᠳᠦᠯᠦᠭᠡ ᠭᠤᠶᠠᠴᠢ ᠦᠭᠡᠶ ᠵᠢᠦᠡᠭᠦᠭ᠍ᠰᠡᠨ ᠭᠡᠷᠡᠯ ᠰᠠᠴᠤᠷᠠᠩᠭ᠋ᠤᠢ ᠣᠢ᠌ᠯᠠ ᠠᠵᠢᠯᠯᠠᠭ᠎ᠠ ᠶᠢ ᠦᠪᠡᠷ ᠤᠨ ᠡᠷᠭᠡ ᠦᠭᠡᠶ ᠭᠦᠡᠳᠦᠦᠡᠭᠡᠨ ᠪᠢᠰᠢᠷᠠᠨ᠎ᠠ᠃ 《ᠳᠡᠭᠦᠨ ᠤ ᠨᠢᠭᠡ ᠨᠠᠰᠤ ᠪᠣᠯ ᠠᠷᠢᠭᠤᠨ ᠴᠢᠭ᠍ᠴᠢ ᠠᠰᠪᠣᠷᠢ ᠭᠤᠤᠯᠴᠢ᠂ ᠪᠣᠳᠤᠯᠭ᠎ᠠ ᠠᠭᠤᠵᠢᠭᠤ ᠪᠠᠶ᠎ᠠ ᠳᠡᠭᠡᠨ ᠴᠢᠩᠭ᠋᠎ᠠ ᠨᠢᠭᠡ ᠨᠠᠰᠤ᠃ ᠦᠨᠡᠨ ᠶᠤᠰᠤᠨ ᠤ ᠳᠦᠯᠦᠭᠡ ᠥᠵᠦᠭᠦᠷ ᠳᠤᠨᠢ ᠭᠠᠷᠬᠤ ᠪᠠᠷ ᠳᠡᠮᠡᠴᠡᠭ᠍ᠰᠡᠨ ᠨᠢᠭᠡ ᠨᠠᠰᠤ᠃ ᠦᠪᠡᠷ ᠶᠢᠡᠨ ᠬᠠᠢ᠌ᠬᠤᠷᠤᠯ ᠦᠭᠡᠶ ᠦᠨᠳᠦᠰᠦᠳᠠᠨ ᠤ ᠪᠠᠨ ᠳᠦᠯᠦᠭᠡ ᠴᠢᠷᠮᠠᠢ᠌ᠭᠰᠠᠨ ᠨᠢᠭᠡ ᠨᠠᠰᠤ᠃》 ᠊᠊᠊᠊᠊᠊᠊᠊᠊᠊᠊᠊᠊᠊᠊ ᠰᠢᠶᠠᠨ ᠤ ᠨᠠᠮ ᠤᠨ ᠬᠤᠷᠢᠶᠠᠨ ᠤ ᠱᠦᠵᠢ ᠪᠠᠢ ᠡᠢ ᠹᠧᠩ ᠢᠩᠭᠢᠵᠤ ᠦᠨᠡᠯᠪᠠ᠃ 《ᠳᠠᠷᠠ ᠭᠡᠵᠢᠶᠡᠳᠡ ᠦᠨᠳᠦᠰᠦᠳᠠᠨ ᠤ ᠣᠢ᠌ᠯᠠᠰ ᠢ ᠠᠮᠢᠨ ᠰᠦᠨᠠᠰᠤ ᠲᠡᠶ ᠪᠠᠨ ᠬᠤᠯᠪᠣᠵᠤ᠂ ᠦᠨᠳᠦᠰᠦᠳᠠᠨ ᠤ ᠢᠷᠡᠭᠡᠳᠦᠢ ᠳᠤ ᠰᠠᠨᠠᠭ᠎ᠠ ᠪᠣᠳᠤᠯ ᠶᠢᠡᠨ ᠰᠢᠪᠬᠠᠵᠤ᠂ ᠦᠪᠡᠷ ᠤᠨ ᠳᠦᠭ᠍ᠰᠢᠭᠦᠷᠢ ᠡᠪᠠᠦᠡᠴᠢᠨ ᠵᠤᠪᠠᠯᠠᠩ ᠢ ᠠᠷᠤ ᠳᠠᠭᠠᠨ ᠳᠠᠶᠠᠭᠳᠠᠨ ᠦᠨᠳᠦᠰᠦᠳᠠᠨ ᠤ ᠪᠠᠨ ᠳᠦᠯᠦᠭᠡ ᠠᠵᠢᠯᠯᠠᠭ᠎ᠠ ᠮᠠᠨᠤᠰ ᠤᠨ ᠬᠣᠢ᠌ᠴᠢᠰ ᠲᠤ ᠭᠡᠪ ᠳᠠᠭᠤᠷᠢᠶᠠᠯ ᠪᠣᠯᠵᠠᠢ᠃》 ᠊᠊᠊᠊᠊᠊᠊᠊᠊᠊᠊᠊᠊᠊᠊ ᠰᠢᠶᠠᠨ ᠤ ᠠᠷᠠᠤᠨ ᠤᠨ ᠳᠦᠯᠦᠭᠡᠯᠡᠭ᠍ᠴᠢᠳ ᠤᠨ ᠪᠠᠢ᠌ᠩᠭ᠋ᠤ ᠶᠢᠨ ᠬᠤᠷᠠᠯ ᠤᠨ ᠡᠷᠭᠢᠯᠡᠭ᠍ᠴᠢ ᠴᠧᠨ ᠢᠤᠢ ᠨᠢᠩ ᠢᠩᠭᠢᠵᠤ ᠳᠤᠷᠠᠤᠠᠬᠠᠪᠠ᠃ ᠠᠵᠢᠯ ᠡᠴᠡ ᠪᠠᠨ ᠠᠮᠠᠷᠠᠭᠠᠤᠨ ᠠᠷᠪᠠᠨ ᠭᠡᠳᠤᠨ ᠵᠢᠯ ᠪᠣᠯᠤᠭᠰᠠᠨ ᠳᠠᠯᠠᠨ ᠳᠦᠷᠪᠡᠳᠠᠢ ᠡᠨᠡ ᠨᠠᠰᠤᠳᠠᠨ ᠤ ᠣᠷᠤᠰᠢᠭᠤᠯᠭ᠎ᠠ ᠳᠤ ᠭᠦᠷᠭᠡᠭ᠍ᠳᠡᠨ ᠢᠷᠡᠭ᠍ᠰᠡᠨ 74 ᠴᠠᠭᠠᠷᠢᠭᠳᠤ ᠴᠡᠴᠡᠭ᠌ ᠪᠠ ᠴᠢᠠᠳᠠᠷ ᠢ ᠨᠢ ᠵᠠᠯᠠᠬᠤ ᠳᠤ ᠮᠤᠷᠳᠠᠭᠰᠠᠨ 46 ᠭᠦᠩᠭᠡᠨ ᠮᠠᠰᠢᠨ ᠤ ᠳᠤᠭ᠎ᠠ ᠡᠴᠡ ᠴᠤ ᠡᠳᠡᠭᠡᠷ ᠦᠨᠡᠯᠠᠯᠳᠠ᠂ ᠳᠤᠷᠤᠠᠬᠠᠯ ᠨᠢ ᠢᠯᠡᠭᠦᠤ ᠬᠠᠭᠤᠳᠠᠮ ᠪᠢᠰᠢ ᠭᠡᠳᠡᠭ᠌ ᠢ ᠭᠡᠷᠡᠴᠢᠯᠡᠭᠦ ᠮᠥᠷᠳᠡᠭᠡᠨ ᠡᠨᠡ ᠭᠦᠮᠤᠨ ᠹᠦᠰᠢᠨ ᠤ ᠠᠷᠠᠤᠨ ᠲᠦᠮᠡᠨ ᠤ ᠰᠠᠤᠠᠭᠢᠯ ᠵᠢᠷᠦᠭᠡᠨ ᠳ᠋ᠠᠭᠢ ᠪᠠᠢ᠌ᠷᠢ ᠶᠢ ᠳᠤᠳᠤᠬᠠᠨ ᠣᠯᠵᠤ ᠬᠠᠷᠠᠨ᠎ᠠ᠃ ᠳᠤᠭᠳᠠᠠᠪᠠᠶᠠᠷ ᠭᠤᠸᠠᠢ 1947 ᠣᠨ ᠳᠤ ᠬᠤᠪᠢᠰᠬᠠᠯ ᠳᠤ ᠣᠷᠤᠯᠴᠠᠭᠰᠠᠨ ᠡᠴᠡ ᠨᠠᠭᠠᠰᠢ ᠨᠠᠮ ᠠᠷᠠᠤᠨ ᠤᠨ ᠶᠢᠡᠨ ᠳᠦᠯᠦᠭᠡ ᠭᠤᠶᠠᠴᠢ ᠦᠭᠡᠶ ᠵᠢᠦᠡᠭᠦᠭ᠍ᠰᠡᠨ ᠣᠯᠠᠨ ᠠᠷᠪᠢᠨ ᠥᠯᠢᠭᠡᠷ ᠵᠢᠱᠢᠶ᠎ᠠ 《ᠵᠤᠯᠠ ᠰᠢᠭ ᠨᠤᠴᠤᠭᠰᠠᠨ ᠨᠢᠭᠡ ᠨᠠᠰᠤ》 ᠭᠡᠮᠡᠨ ᠨᠢᠭᠡ ᠳᠠᠪᠳᠠᠷ ᠳᠡᠪᠳᠡᠷᠯᠡᠭ᠍ᠳᠡᠭ᠍ᠰᠡᠨ ᠢ ᠡ᠊ᠨᠳᠡ ᠶᠠᠷᠢᠬᠤ ᠦᠭᠡᠶ ᠳᠤ᠂ ᠵᠥᠪᠭᠡᠨ ᠠᠵᠢᠯ ᠡᠴᠡ ᠪᠠᠨ ᠠᠮᠠᠷᠠᠭᠰᠠᠨ ᠤ ᠰᠡᠭᠦᠯᠡᠷᠭᠢ ᠠᠷᠪᠠᠭᠠᠤᠨ ᠵᠢᠯ ᠤᠨ ᠳᠤᠳᠤᠷ᠎ᠠ ᠳᠡᠭᠦᠨ ᠤ ᠭᠢᠵᠤ ᠪᠦᠳᠦᠭᠡᠭ᠍ᠰᠡᠨ ᠣᠯᠠᠨ ᠠᠷᠪᠢᠨ ᠠᠵᠢᠯ ᠡᠴᠡ ᠭᠡᠳᠦᠭᠡᠨ ᠳᠤᠭ᠎ᠠ ᠪᠦᠷᠢᠦᠡᠭᠡᠯ ᠨᠢ ᠮᠠᠨ ᠳᠤ ᠡᠨᠡ ᠭᠦᠮᠤᠨ ᠤ ᠳᠤᠬᠠᠢ ᠶᠠᠭᠤ ᠨᠢᠭᠡ ᠶᠢ ᠭᠡᠯᠡᠵᠤ ᠦᠭ‍ᠭᠦᠨ᠎ᠡ᠃ ᠳᠠᠷᠠ ᠰᠢᠶᠠᠨ ᠤ ᠦᠨᠳᠦᠰᠦᠳᠠᠨ ᠤ ᠵᠦᠪᠯᠠᠯ᠂ ᠮᠤᠩᠭ᠋ᠤᠯ ᠭᠡᠯᠡ ᠪᠢᠴᠢᠭ᠌ ᠤᠨ ᠠᠯᠪᠠᠨ ᠭᠡᠷ ᠲᠤ ᠣᠷᠢᠭᠳᠠᠨ ᠠᠵᠢᠯᠯᠠᠵᠤ ᠪᠠᠢ᠌ᠬᠤ ᠬᠤᠭᠤᠴᠠᠭᠠᠨ ᠳᠠᠭᠠᠨ 《ᠹᠦᠰᠢᠨ ᠰᠢᠶᠠᠨ ᠤ ᠦᠨᠳᠦᠰᠦᠳᠠᠨ ᠤ ᠣᠢ᠌ᠯᠠᠯᠭ᠎ᠠ》(50 ᠲᠦᠮᠡᠨ ᠥᠰᠦᠭ᠌) ᠂ 《ᠮᠤᠩᠭ᠋ᠤᠯᠵᠢᠨ ᠣᠪᠣᠭ ᠪᠠ ᠠᠢ᠌ᠯ ᠳᠤᠰᠬᠤᠨ ᠤ ᠨᠠᠷᠠᠰ ᠤᠨ ᠪᠠᠢ᠌ᠴᠠᠭᠠᠨ ᠳᠡᠮᠳᠡᠭᠯᠡᠯ》 (40 ᠲᠦᠮᠡᠨ ᠥᠰᠦᠭ᠌) ᠂ 《ᠮᠤᠩᠭ᠋ᠤᠯᠵᠢᠨ ᠤ ᠱᠠᠰᠢᠨ ᠰᠤᠷᠳᠠᠬᠤᠨ》 (21 ᠲᠦᠮᠡᠨ ᠥᠰᠦᠭ᠌) ᠂ 《ᠮᠤᠩᠭ᠋ᠤᠯᠵᠢᠨ ᠤ ᠵᠡᠪᠰᠡᠭ᠍ᠳᠤ ᠳᠠᠮᠠᠴᠠᠯ ᠤᠨ ᠳᠤᠷᠠᠰᠤᠮᠵᠢ》 (12 ᠲᠦᠮᠡᠨ ᠥᠰᠦᠭ᠌) ᠵᠡᠷᠭᠡ ᠨᠤᠮ ᠳᠠᠪᠳᠠᠷ ᠢ ᠭᠤᠤᠯᠯᠠᠨ ᠨᠠᠢ᠌ᠷᠠᠭᠤᠯᠵᠤ ᠭᠡᠪᠯᠡᠭᠦᠯᠦᠭ᠍ᠰᠡᠨ ᠪᠦᠭᠡᠤᠨ 《ᠮᠤᠩᠭ᠋ᠤᠯᠵᠢᠨ ᠤ ᠳᠡᠦᠭᠡ》 ᠂ 《ᠮᠤᠩᠭ᠋ᠤᠯᠵᠢᠨ ᠤ ᠵᠠᠩ ᠣᠢ᠌ᠯᠠ》 ᠂ 《ᠠᠯᠳᠠᠨ ᠰᠢᠷᠡᠭᠡᠳᠤ ᠠᠭᠤᠢ》 ᠂ 《ᠮᠤᠩᠭ᠋ᠤᠯᠵᠢᠨ ᠤ ᠬᠤᠯᠪᠣᠭ᠎ᠠ》 ᠵᠡᠷᠭᠡ ᠨᠤᠮ ᠢ ᠡᠮᠭᠢᠦᠡᠭᠡᠵᠤ ᠨᠠᠢ᠌ᠷᠠᠭᠤᠯᠬᠤ ᠳᠤ ᠢᠳᠠᠪᠭᠢᠯᠠᠨ ᠣᠷᠤᠯᠴᠠᠵᠠᠢ᠃ ᠪᠠᠰᠠ 《ᠹᠦᠰᠢᠨ ᠰᠢᠶᠠᠨ ᠤ ᠦᠨᠳᠦᠰᠦᠳᠠᠨ ᠤ ᠣᠢ᠌ᠯᠠᠯᠭ᠎ᠠ》 ᠶᠢ ᠭᠤᠤᠯᠯᠠᠨ ᠮᠤᠩᠭ᠋ᠤᠯᠴᠢᠯᠠᠪᠠ᠃ ᠳᠠᠷᠠ ᠡᠳᠡᠭᠡᠷ ᠨᠤᠮ ᠪᠢᠴᠢᠭ᠌ ᠢ ᠪᠢᠴᠢᠭᠦ ᠳᠡᠭᠡᠨ ᠪᠣᠳᠠᠳᠤ ᠮᠠᠲ᠋ᠸᠷᠢᠶᠠᠯ ᠢ ᠣᠯᠵᠤ ᠴᠤᠭᠯᠠᠭᠤᠯᠬᠤ ᠶᠢᠨ ᠳᠦᠯᠦᠭᠡ ᠥᠷᠭᠦᠯᠵᠢ ᠳᠤᠭᠤᠢ ᠪᠠᠷ ᠶᠠᠪᠠᠭᠠᠨ ᠶᠢᠡᠷ ᠭᠦᠳᠡᠭᠡ ᠭᠠᠳᠠᠭ᠎ᠠ ᠶᠠᠪᠣᠵᠤ ᠣᠯᠠᠨ ᠠᠷᠪᠢᠨ ᠠᠢ᠌ᠯ ᠳᠤᠰᠬᠤᠨ ᠪᠠ ᠳᠤᠬᠠᠢ ᠶᠢᠨ ᠭᠦᠮᠦᠰ ᠢ ᠰᠤᠷᠪᠣᠯᠵᠢᠯᠠᠵᠤ ᠭᠦᠷᠴᠡᠢ᠃ ᠳᠡᠭᠡᠭᠡᠤᠨ ᠬᠤᠯᠠ ᠵᠠᠮ ᠳᠤ ᠶᠠᠳᠠᠷᠠᠵᠤ ᠦᠯᠦᠰᠴᠤ ᠭᠦᠢᠳᠡᠨ ᠨᠣᠢ᠌ᠳᠠᠨ ᠳᠤ ᠭᠦᠯ ᠶᠢᠡᠨ ᠭᠦᠯᠳᠡᠭᠡᠭᠦ ᠪᠣᠶᠤ ᠵᠢᠷᠦᠭᠡᠨ ᠡᠪᠠᠦᠡᠴᠢᠨ ᠨᠢ ᠭᠦᠳᠡᠯᠦᠭᠡᠤᠨ ᠭᠡᠭᠡᠷ᠎ᠡ ᠮᠠᠨᠠᠷᠠᠵᠤ ᠣᠨᠠᠭᠰᠠᠨ ᠣᠳᠠᠭ᠎ᠠ ᠴᠤ ᠪᠣᠢ᠃ ᠳᠡᠭᠦᠨ ᠤ ᠬᠠᠮᠳᠤ ᠨᠥᠭᠦᠤᠨ ᠨᠢ ᠶᠡᠭᠡ ᠲᠦᠯᠦᠪᠴᠢᠯᠠᠨ ᠪᠣᠳᠤᠵᠤ ᠥᠵᠡᠭ᠍ᠰᠡᠨ ᠶᠢᠡᠷ ᠳᠠᠷᠠ ᠡᠨᠡ ᠭᠦ ᠨᠢ᠋ᠮᠠᠨ ᠵᠢᠯ ᠳᠤᠳᠤᠷ᠎ᠠ ᠳᠤᠭᠤᠢ ᠪᠠᠷ ᠪᠣᠶᠤ ᠶᠠᠪᠠᠭᠠᠨ ᠶᠢᠡᠷ ᠪᠠᠷᠤᠭ 3 ᠲᠦᠮᠡᠨ ᠭᠠᠵᠠᠷ ᠵᠠᠮᠨᠠᠵᠠᠢ᠃ 1995 ᠣᠨ ᠳᠤ᠂ ᠳᠠᠷᠠ ᠪᠣᠤ ᠡᠡᠭ᠍ᠭᠡ ᠵᠡᠷᠭᠡ ᠡᠪᠦᠭᠡᠤᠨ ᠲᠡᠶ ᠬᠠᠮᠳᠤ ᠪᠠᠷ 《ᠮᠤᠩᠭ᠋ᠤᠯᠵᠢᠨ ᠭᠡᠯᠡ ᠰᠤᠶᠤᠯ ᠤᠨ ᠰᠠᠭᠤᠷᠢ ᠮᠥᠩᠭᠦᠨ ᠤ ᠨᠡᠢ᠌ᠭᠡᠮᠯᠢᠭ᠌》 ᠂ 《ᠦᠨᠳᠦᠰᠦᠳᠠᠨ ᠤ ᠥᠪᠠᠷᠳᠡᠭᠡᠨ ᠵᠠᠰᠠᠬᠤ ᠬᠠᠤᠯᠢ ᠳᠦᠷᠢᠮ ᠶᠠᠪᠣᠭᠳᠠᠭᠤᠯᠬᠤ ᠶᠢ ᠰᠤᠳᠤᠯᠬᠤ ᠨᠡᠢ᠌ᠭᠡᠮᠯᠢᠭ᠌》 ᠢ ᠡᠭᠦᠰᠭᠡᠨ ᠪᠠᠢ᠌ᠭᠤᠯᠤᠭᠰᠠᠨ ᠡᠴᠡ ᠨᠠᠰᠢ ᠨᠠᠰᠤ ᠪᠠᠷᠠᠳᠠᠯ᠎ᠠ ᠪᠠᠨ ᠥᠪᠠᠷᠳᠡᠭᠡᠨ ᠵᠠᠰᠠᠬᠤ ᠰᠢᠶᠠᠨ ᠤ ᠠᠵᠤ ᠠᠬᠤᠢ ᠶᠢᠨ ᠭᠦᠭ᠍ᠵᠢᠯᠳᠡ ᠶᠢᠨ ᠳᠤᠬᠠᠢ ᠪᠠᠢ᠌ᠴᠠᠭᠠᠯᠳᠠ ᠶᠢᠨ ᠮᠡᠳᠡᠭᠦᠯᠦᠯᠳᠡ 9 ᠬᠤᠪᠢ᠂ ᠦᠨᠳᠦᠰᠦᠳᠠᠨ ᠤ ᠰᠤᠶᠤᠯ ᠰᠤᠷᠭᠠᠨ ᠭᠦᠮᠦᠵᠢᠯ᠂ ᠡᠮ ᠡᠮᠨᠡᠯᠭᠡ᠂ ᠦᠨᠳᠦᠰᠦᠳᠠᠨ ᠤ ᠺᠠᠳ᠋ᠷ ᠤᠨ ᠳᠤᠬᠠᠢ ᠪᠠᠢ᠌ᠴᠠᠭᠠᠯᠳᠠ ᠶᠢᠨ ᠮᠡᠳᠡᠭᠦᠯᠦᠯᠳᠡ 52 ᠬᠤᠪᠢ ᠪᠢᠴᠢᠵᠤ᠂ ᠳᠡᠭᠡᠭ᠍ᠰᠢ ᠪᠠᠨ ᠬᠤᠳᠠ ᠮᠤᠵᠢ᠂ ᠲᠦᠪ ᠤᠨ ᠬᠠᠮᠢᠶ᠎ᠠ ᠪᠦᠭᠦᠢ ᠪᠠᠢ᠌ᠭᠤᠯᠭ᠎ᠠ ᠳᠤ ᠰᠠᠨᠠᠯ ᠳᠤᠷᠠᠳᠤᠯᠭ᠎ᠠ ᠳᠡᠪᠰᠢᠭᠦᠯᠦᠭᠡᠤᠨ ᠰᠢᠶᠠᠨ ᠤ ᠠᠵᠤ ᠠᠬᠤᠢ ᠪᠠ ᠦᠨᠳᠦᠰᠦᠳᠠᠨ ᠤ ᠲᠦᠷᠦ ᠶᠢᠨ ᠪᠣᠳᠤᠯᠭ᠎ᠠ ᠶᠢ ᠨᠠᠢ᠌ᠳᠠᠪᠣᠷᠢᠵᠢᠭᠤᠯᠬᠤ ᠳᠤ ᠯᠤᠳᠤ ᠣᠢ᠌ᠯᠠᠳᠤᠯ ᠭᠠᠷᠭᠠᠪᠠ᠃ ᠰᠠᠭᠤᠷᠢ ᠮᠥᠩᠭᠦ ᠴᠤᠭᠯᠠᠭᠤᠯᠬᠤ ᠠᠵᠢᠯ ᠶᠢᠡᠨ ᠡᠭᠢᠯᠡᠭᠦᠯᠭᠦ ᠳᠡᠭᠡᠨ ᠦᠪᠡᠷ ᠶᠢᠡᠨ ᠳᠡᠷᠢᠭᠦᠯᠡᠨ᠂ ᠳᠦᠷᠦᠭ᠍ᠰᠡᠨ ᠠᠬ᠎ᠠ ᠳᠡᠭᠦᠤ᠂ ᠣᠢ᠌ᠷ᠎ᠠ ᠰᠠᠳᠤᠨ᠂ ᠦᠷ᠎ᠡ ᠭᠡᠦᠭᠡᠤᠨ ᠶᠢᠡᠨ ᠳᠠᠢ᠌ᠴᠢᠯᠠᠨ ᠮᠥᠩᠭᠦ ᠵᠤᠭᠤᠰ ᠨᠠᠮᠠᠷᠢᠯᠠᠪᠠ᠃ ᠳᠠᠷᠠ ᠡᠨᠡ ᠭᠦ ᠰᠠᠭᠤᠷᠢ ᠮᠥᠩᠭᠦᠨ ᠳᠡᠭᠡᠨ ᠳᠤᠰᠤᠯ ᠴᠤᠭᠯᠠᠭᠤᠯᠬᠤ ᠶᠢᠨ ᠳᠦᠯᠦᠭᠡ ᠪᠦᠭᠦ ᠰᠢᠶᠠᠨ ᠤ ᠣᠯᠠᠨ ᠰᠢᠶᠠᠩ ᠪᠠᠯᠭᠠᠰᠤ ᠪᠠᠷ ᠪᠠᠷᠠᠬᠤ ᠦᠭᠡᠶ ᠬᠦᠬᠡᠬᠤᠲᠠ᠂ ᠮᠥᠭ᠍ᠳᠡᠨ᠂ ᠪᠠᠭᠡᠵᠢᠩ ᠵᠡᠷᠭᠡ ᠭᠠᠵᠠᠷ ᠤᠳ ᠶᠢᠡᠷ ᠪᠠᠳᠢᠷᠯᠠᠨ ᠶᠠᠪᠣᠵᠤ᠂ ᠵᠥᠪᠭᠡᠨ ᠪᠠᠭᠡᠵᠢᠩ ᠳᠤ ᠮᠤᠩᠭ᠋ᠤᠯᠵᠢᠨ ᠨᠤᠳᠤᠭ ᠲᠡᠶ 80 ᠭᠠᠷᠤᠢ ᠭᠦᠮᠦᠰ ᠢ ᠡᠷᠢᠨ ᠠᠭᠤᠯᠵᠠᠵᠤ ᠳᠤᠰᠤᠯ ᠭᠤᠶᠤᠵᠤ ᠢᠷᠠᠵᠠᠢ᠃ ᠰᠤᠨᠢᠨ ᠰᠤᠨᠭᠦᠯ ᠤᠨ ᠴᠡᠭ᠍ᠴᠡᠯᠡᠯᠳᠡ ᠳᠤ ᠰᠢᠶᠠᠨ ᠤ ᠮᠤᠩᠭ᠋ᠤᠯ ᠰᠤᠨᠢᠨ ᠢ ᠵᠤᠭᠰᠤᠭᠠᠬᠤ ᠭᠡᠭᠦ ᠳᠤ ᠳᠤᠭᠳᠠᠠᠪᠠᠶᠠᠷ ᠨᠡᠷ ᠳᠤᠰ ᠰᠢᠶᠠᠨ ᠤ ᠵᠠᠭᠤ ᠢᠯᠡᠭᠦᠤ ᠭᠦᠮᠦᠰ ᠲᠡᠶ ᠨᠠᠷ᠎ᠠ ᠬᠤᠯᠪᠣᠭᠠᠯᠠᠨ ᠮᠤᠵᠢ ᠶᠢᠨ ᠰᠤᠨᠢᠨ ᠮᠡᠳᠡᠭᠡ ᠭᠡᠪᠯᠡᠯ ᠤᠨ ᠳᠤᠪᠴᠢᠶ᠎ᠠ ᠳᠤ ᠵᠠᠭᠢᠳᠠᠯ ᠪᠢᠴᠢᠵᠤ ᠱᠠᠭᠠᠷᠳᠠᠯᠭ᠎ᠠ ᠳᠠᠯᠪᠢᠭᠠᠤᠨ ᠮᠤᠩᠭ᠋ᠤᠯ ᠰᠤᠨᠢᠨ ᠶᠢᠡᠨ ᠥᠷᠭᠦᠯᠵᠢᠯᠡᠨ ᠡᠷᠭᠢᠯᠡᠵᠤ ᠴᠢᠳᠠᠪᠠ᠃ ᠦᠨᠳᠦᠰᠦᠳᠠᠨ ᠤ ᠺᠠᠳ᠋ᠷ ᠭᠦᠡᠳᠦᠦᠡᠭᠡᠭ᠍ᠳᠡᠭᠦ ᠦᠭᠡᠶ᠂ ᠡᠳᠦᠷ ᠢᠷᠡᠭᠦᠶ᠎ᠡ ᠴᠥᠭᠡᠷᠡᠵᠤ ᠪᠠᠢ᠌ᠭ᠎ᠠ ᠪᠠᠢ᠌ᠳᠠᠯ ᠳᠤ ᠳᠤᠭᠳᠠᠠᠪᠠᠶᠠᠷ ᠳᠡᠷᠢᠭᠦᠯᠡᠨ ᠠᠷᠪᠠᠭᠠᠤᠨ ᠡᠪᠦᠭᠡᠨ ᠮᠤᠵᠢ ᠶᠢᠨ ᠨᠠᠮ ᠤᠨ ᠬᠤᠷᠢᠶᠠᠨ ᠳᠤ ᠵᠠᠭᠢᠳᠠᠯ ᠪᠢᠴᠢᠵᠤ ᠳᠤᠰ ᠰᠢᠶᠠᠨ ᠤ ᠪᠠᠨ ᠦᠨᠳᠦᠰᠦᠳᠠᠨ ᠤ ᠺᠠᠳ᠋ᠷ ᠢ ᠳᠡᠪᠰᠢᠭᠦᠯᠵᠤ ᠭᠡᠷᠡᠭᠯᠡᠭᠦ ᠳᠤ ᠣᠷᠤᠰᠢᠵᠤ ᠪᠠᠢ᠌ᠭ᠎ᠠ ᠪᠣᠳᠠᠳᠤ ᠠᠰᠠᠭᠤᠳᠠᠯ ᠢ ᠳᠤᠰᠬᠠᠭᠰᠠᠨ ᠡᠴᠡ ᠮᠤᠵᠢ ᠶᠢᠨ ᠨᠠᠮ ᠤ ᠬᠤᠷᠢᠶᠠᠨ ᠤ ᠣᠳᠤᠷᠢᠳᠤᠯᠭ᠎ᠠ ᠭᠦᠡᠳᠦᠦᠡᠭᠡᠨ ᠦᠵᠡᠵᠤ ᠳᠤᠰᠪᠣᠷᠢ ᠴᠤᠬᠤᠯᠪᠣᠷᠢ ᠪᠢᠴᠢᠭᠡᠤᠨ ᠰᠢᠶᠠᠨ ᠤ ᠭᠡᠳᠤᠨ ᠣᠳᠤᠷᠢᠤᠠᠬᠤ ᠪᠠᠭ ᠲᠤ ᠴᠦᠮ ᠮᠤᠩᠭ᠋ᠤᠯ ᠺᠠᠳ᠋ᠷ ᠨᠠᠮᠠᠨ ᠳᠤᠭᠢᠷᠠᠭᠤᠯᠵᠤ᠂ ᠡᠯ᠎ᠡ ᠳᠤᠪᠴᠢᠶ᠎ᠠ ᠵᠦᠪᠯᠠᠯ ᠳᠤ ᠴᠤ ᠦᠨᠳᠦᠰᠦᠳᠠᠨ ᠤ ᠺᠠᠳ᠋ᠷ ᠳᠤᠭᠢᠷᠠᠭᠤᠯᠬᠤ ᠶᠢ ᠭᠦᠡᠳᠦᠦᠡᠭᠡᠨ ᠥᠵᠡᠭᠦ ᠪᠣᠯᠪᠠ᠃ ᠵᠠᠷᠢᠮ ᠰᠤᠨᠢᠨ ᠰᠡᠳᠭᠦᠯ ᠳ᠋ᠠᠭᠢ ᠳᠡᠦᠭᠡ ᠶᠢᠨ ᠡ᠊ᠨᠳᠡᠭᠦᠤ ᠳᠠᠢ᠌ᠯᠪᠣᠷᠢ ᠶᠢ ᠵᠠᠯᠠᠷᠠᠭᠤᠯᠬᠤ ᠶᠢᠨ ᠳᠦᠯᠦᠭᠡ᠂ ᠳᠤᠭᠳᠠᠠᠪᠠᠶᠠᠷ ᠦᠪᠡᠷ ᠤᠨ ᠪᠠᠶ᠎ᠠ ᠪᠠᠷ ᠶᠢᠡᠨ ᠬᠤᠶᠠᠷ ᠵᠢᠯ ᠢᠯᠡᠭᠦᠤ ᠶᠢᠨ ᠴᠠᠭ ᠭᠡᠷᠡᠭ᠍ᠰᠡᠨ ᠪᠦᠭᠦ ᠰᠢᠶᠠᠨ ᠤ 19 ᠰᠢᠶᠠᠩ ᠪᠠᠯᠭᠠᠰᠤ ᠳᠤ ᠭᠦᠷᠴᠤ᠂ 200 ᠢᠯᠡᠭᠦᠤ ᠭᠦᠮᠤᠨ ᠢ ᠰᠤᠷᠪᠣᠯᠵᠢᠯᠠᠵᠤ ᠪᠠᠢ᠌ᠭᠠᠤᠨ ᠳᠡᠦᠭᠡ ᠶᠢᠨ ᠣᠯᠠᠨ ᠪᠣᠳᠠᠳᠤ ᠭᠡᠷᠡᠴᠢ ᠪᠠᠷ 3 ᠲᠦᠮᠡ ᠢᠯᠡᠭᠦᠤ ᠥᠰᠦᠭ᠌ ᠤᠨ ᠪᠠᠢ᠌ᠴᠠᠭᠠᠯᠳᠠ ᠶᠢᠨ ᠳᠡᠮᠳᠡᠭᠯᠡᠯ ᠪᠢᠴᠢᠵᠤ ᠳᠡᠭᠡᠭᠡᠰᠢ ᠵᠠᠷᠭᠤᠯᠳᠤᠭᠠᠤᠨ ᠦᠨᠡᠨ ᠵᠦᠪ ᠶᠢᠡᠨ ᠣᠯᠵᠠᠢ᠃

1999 ᠣᠨ ᠳᠤ ᠪᠢ ᠳᠤᠭᠳᠠᠠᠪᠠᠶᠠᠷ ᠨᠠᠰᠤᠳᠠᠨ ᠲᠡᠶ ᠠᠭᠤᠯᠵᠠᠬᠤ ᠳᠤ ᠳᠠᠷᠠ ᠮᠠᠨᠢ 《ᠰᠠᠭᠤᠷᠢ ᠮᠥᠩᠭᠦ ᠪᠠᠨ ᠵᠠᠪᠠᠯ ᠵᠠᠭᠤᠨ ᠲᠦᠮᠡ ᠳᠤ ᠭᠦᠷᠭᠡᠭᠦ ᠦᠭᠡᠶ ᠪᠣᠯ ᠮᠠᠨ ᠤ ᠭᠡᠳᠤᠨ ᠡᠪᠦᠭᠡᠤᠨ ᠨᠢᠳᠤ ᠠᠨᠢᠬᠤ ᠦᠭᠡᠶ》 ᠭᠡᠵᠤ ᠰᠢᠵᠠᠭᠤᠷᠠᠯᠵᠤ ᠪᠠᠢ᠌ᠭᠰᠠᠨ᠃ 《ᠳᠠᠨ ᠤ ᠭᠡᠳᠦᠭᠡᠨ ᠡᠪᠦᠭᠡᠨ ᠡᠨᠡ ᠶᠡᠭᠡ ᠳᠤᠭ᠎ᠠ ᠶᠢ ᠪᠠᠶᠡᠯᠡᠭᠦᠯᠭᠦ ᠭᠡᠭ᠍ᠴᠢ ᠳᠠᠢ᠌ᠮᠤ ᠭᠢᠯᠪᠠᠷ ᠠᠵᠤ ᠪᠢᠰᠢ ᠳ᠋ᠠ》 ᠭᠡᠵᠤ ᠨᠠᠮᠠᠶ᠋ᠢ ᠭᠡᠯᠡᠭᠦ ᠳᠤ᠂ ᠳᠠᠷᠠ 《ᠮᠠᠨ ᠤ ᠮᠤᠩᠭ᠋ᠤᠯᠵᠢᠠᠴᠤᠳ ᠳᠡᠭᠡᠳᠦᠰ ᠡᠴᠡ ᠪᠠᠨ ᠪᠠᠳᠢᠷ ᠭᠤᠶᠤᠵᠤ ᠣᠢ᠌ᠯᠠᠰ ᠪᠦᠳᠦᠭᠡᠭ᠍ᠰᠡᠨ ᠳᠡᠦᠭᠡ ᠲᠡᠶ ᠶᠤᠮ᠃ ᠮᠤᠩᠭ᠋ᠤᠯᠵᠢᠨ ᠭᠡᠭᠡᠨ ᠰᠦᠮ᠎ᠡ ᠶᠢ ᠪᠠᠢ᠌ᠭᠤᠯᠬᠤ ᠳᠤ ᠮᠠᠨ ᠤ ᠳᠡᠭᠡᠳᠦᠰ ᠪᠠᠳᠢᠷ ᠭᠤᠶᠤᠵᠤ ᠶᠠᠪᠣᠭᠠᠤᠨ᠂ ᠴᠢᠯᠠᠭᠤᠨ ᠪᠣᠷᠬᠠᠨ ᠢ ᠭᠦᠷᠳᠡᠯ᠎ᠡ ᠨᠢᠯᠪᠣᠰᠤ ᠣᠨᠠᠭᠠᠳᠠᠯ᠎ᠠ ᠮᠥᠷᠭᠦᠵᠤ ᠭᠤᠶᠤᠭᠰᠠᠨ ᠳᠤᠮᠤᠭ ᠲᠡᠶ ᠶᠤᠮ》 ᠭᠡᠵᠤ ᠪᠢᠯᠠ᠃ ᠴᠢᠯᠠᠭᠤᠨ ᠪᠣᠷᠬᠠᠨ ᠢ ᠭᠦᠷᠳᠡᠯ᠎ᠡ ᠣᠶᠠᠷᠠᠭᠤᠯᠴᠢᠬᠠᠨ᠎ᠠ ᠭᠡᠳᠡᠭ᠌ ᠶᠠᠮᠠᠷ ᠭᠡᠴᠡᠭᠦᠤ ᠰᠥᠵᠢᠭ᠌᠂ ᠶᠠᠮᠠᠷ ᠬᠠᠳᠠᠭᠤ ᠵᠠᠭᠤᠳᠠᠯ ᠲᠡᠶ ᠣᠯᠤᠰ ᠪᠣᠢ᠃ ᠳᠤᠭᠳᠠᠠᠪᠠᠶᠠᠷ ᠨᠠᠰᠤᠳᠠᠨ ᠨᠢᠳᠤ ᠠᠨᠢᠭᠠᠤᠨ ᠳᠦᠷᠪᠡᠨ ᠵᠢᠯ ᠪᠣᠯᠴᠢᠬᠠᠯ᠎ᠠ᠂ ᠳᠡᠭᠦᠨ ᠤ ᠭᠡᠯᠡᠳᠡᠭ᠌ 《ᠵᠠᠭᠤᠨ ᠲᠦᠮᠡ》 ᠪᠠᠶᠡᠯᠡᠭ᠍ᠳᠡᠭ᠍ᠰᠡᠨ ᠡᠰᠡᠭᠦ ᠶᠢ ᠮᠡᠳᠡᠭᠦ ᠦᠭᠡᠶ᠃ ᠭᠡᠪᠠᠴᠤ ᠳᠡᠭᠦᠨ ᠤ ᠣᠢ᠌ᠯᠠᠰ ᠢ ᠪᠣᠤ ᠡᠡᠭ᠍ᠭᠡ ᠳᠡᠷᠢᠭᠦᠳᠡᠢ ᠭᠡᠳᠤᠨ ᠡᠪᠦᠭᠡᠨ ᠵᠠᠯᠭᠠᠭᠠᠤᠨ ᠪᠦᠳᠦᠭᠡᠵᠤ ᠪᠠᠢ᠌ᠨ᠎ᠠ ᠭᠡᠭ᠍ᠴᠢ ᠶᠢ ᠰᠤᠨᠤᠰᠤᠭᠠᠤᠨ ᠮᠢᠨᠤ ᠳᠤᠳᠤᠷ᠎ᠠ ᠡᠷᠭᠡ ᠦᠭᠡᠶ ᠪᠠᠶᠠᠰᠴᠤ᠂ ᠴᠢᠯᠠᠭᠤᠨ ᠪᠣᠷᠬᠠᠨ ᠢ ᠣᠶᠠᠷᠠᠭᠤᠯᠳᠠᠭ ᠮᠤᠩᠭ᠋ᠤᠯᠵᠢᠨ ᠤ ᠵᠤᠷᠢᠭ ᠰᠠᠨᠠᠭ᠎ᠠ ᠦᠶ᠎ᠡ ᠶᠢᠨ ᠦᠶ᠎ᠡ ᠳᠡᠭᠡᠨ ᠣᠯᠠᠮᠵᠢᠯᠠᠭᠳᠠᠬᠤ ᠪᠣᠯᠳᠤᠭᠠᠢ ᠭᠡᠵᠤ ᠰᠠᠤᠠᠭᠢᠯ ᠵᠢᠷᠦᠭᠡᠨ ᠳᠡᠭᠡᠨ ᠳᠠᠭᠠᠤᠠᠬᠠᠨᠠᠮ᠃

(2003᠂ 11᠂ 16)

(ᠰ᠂ ᠵᠠᠮᠰᠤ ᠶᠢᠨ 《ᠲᠦᠮᠡᠨ ᠭᠠᠵᠠᠷ ᠤᠨ ᠬᠤᠯᠠᠭᠢ ᠨᠤᠳᠤᠭ ᠲᠤ》 ᠭᠡᠮᠡᠭᠦ ᠨᠤᠮ ᠡᠴᠡ ᠵᠤᠬᠢᠶᠠᠭᠴᠢ ᠶᠢᠨ ᠵᠦᠪᠰᠢᠶᠠᠷᠠᠯ ᠢ ᠣᠯᠵᠤ ᠰᠢᠯᠵᠢᠭᠦᠯᠪᠡ)

[ᠰ᠂ ᠵᠠᠮᠰᠤ ᠣᠩᠨᠢᠭᠤᠳ ᠤᠨ ᠬᠠᠢ᠌ᠯᠠᠰᠤ ᠶᠢᠨ ᠭᠦᠮᠤᠨ᠃ ᠰᠤᠶᠤᠯ ᠤᠨ ᠭᠡᠪᠯᠡᠯ ᠤᠨ ᠬᠤᠷᠢᠶᠠᠨ ᠤ ᠳᠠᠳ᠋ ᠭᠢᠨᠠᠨ ᠨᠠᠢ᠌ᠷᠠᠭᠤᠯᠤᠭᠴᠢ᠂ ᠭᠦᠯᠤᠨ ᠪᠣᠢ᠌ᠷ ᠤᠨ ᠣᠤᠠᠬ᠎ᠠ ᠣᠷᠯᠢᠭ ᠤᠨ ᠭᠢᠨ ᠤ ᠬᠤᠯᠪᠣᠭ᠎ᠠ ᠶᠢᠨ ᠳᠠᠳ᠋ ᠳᠡᠷᠢᠭᠦᠯᠡᠭ᠍ᠴᠢ᠂ ᠵᠤᠬᠢᠶᠠᠯᠴᠢᠳ ᠤᠨ ᠡᠪᠯᠡᠯ ᠤᠨ ᠳᠠᠳ᠋ ᠳᠡᠷᠢᠭᠦᠯᠡᠭ᠍ᠴᠢ ᠶᠢᠨ ᠠᠵᠢᠯ ᠠᠯᠪᠠ ᠲᠡᠶ᠃ 1974 ᠣᠨ ᠡᠴᠡ ᠰᠢᠯᠦᠭ᠌ ᠵᠤᠬᠢᠶᠠᠯ ᠪᠢᠴᠢᠨ ᠣᠯᠠᠨ ᠰᠤᠨᠢᠨ ᠰᠤᠨᠭᠦᠯ ᠳᠤ ᠨᠡᠢ᠌ᠳᠡᠯᠡᠭᠦᠯᠦᠭ᠍ᠰᠡᠨ ᠪᠦᠭᠡᠤᠨ 《ᠰᠤᠯᠤᠩᠭ᠋᠎ᠠ》 ᠵᠡᠷᠭᠡ ᠱᠠᠩᠨᠠᠯ ᠢ ᠣᠯᠠᠨ ᠳᠤᠰᠴᠠᠢ᠃ ᠳᠡᠭᠦᠨ ᠤ 《ᠴᠠᠭᠠᠨ ᠯᠢᠩᠬᠤᠸᠠᠠᠰ ᠤᠨ ᠪᠠᠭᠯᠠᠭ᠎ᠠ》 ᠂ 《ᠡᠷᠭᠦᠯ ᠴᠠᠭᠠᠨ ᠬᠠᠰᠭᠢᠷᠤᠯ》 ᠂ 《ᠭᠢᠩᠭ᠋ᠠᠨ ᠤ ᠣᠢ ᠶᠢᠨ ᠮᠤᠳᠤᠳ ᠨᠢ ᠱᠤᠤᠭᠢᠶᠠᠨ ᠦᠭᠡᠶ》 ᠂ 《ᠣᠩᠨᠢᠭᠤᠳ ᠤᠨ ᠰᠤᠳᠤᠨ ᠮᠤᠩᠭ᠋ᠤᠯᠴᠤᠳ》 ᠂ 《ᠣᠩᠨᠢᠭᠤᠳ ᠠᠷᠠᠤᠨ ᠤᠨ ᠠᠮᠠᠨ ᠥᠯᠢᠭᠡᠷ》 ᠂ 《ᠲᠦᠮᠡᠨ ᠭᠠᠵᠠᠷ ᠤᠨ ᠬᠤᠯᠠᠭᠢ ᠨᠤᠳᠤᠭ ᠲᠤ》 ᠭᠡᠮᠡᠭᠦ ᠨᠤᠮ ᠤᠳ ᠶᠢᠡᠨ ᠭᠡᠪᠯᠡᠭ᠍ᠳᠡᠨ ᠣᠩᠰᠢᠠᠠᠴᠢᠳ ᠲᠡᠶ ᠪᠠᠨ ᠵᠤᠯᠭᠠᠵᠤ ᠶᠠᠪᠣᠨ᠎ᠠ᠃ ]


ᠵᠤᠬᠢᠶᠠᠭᠴᠢ᠄ ᠰ·ᠵᠠᠮᠰᠤ
ᠬᠠᠷᠢᠶ᠎ᠠ᠄ ᠨᠠᠢᠷᠠᠭᠤᠯᠤᠯ
ᠳᠠᠷᠤᠮ᠄ 3620
ᠴᠠᠭ᠄ 2008 ᠤᠨ ᠤ 07 ᠰᠠᠷ᠎ᠠ ᠶᠢᠨ 18