ᠣᠪ ᠥᠭᠡᠢ᠌ᠭᠡᠨ ᠭᠦᠮᠦᠰ

ᠠᠭᠤᠳᠠᠮ ᠬᠤᠷᠸ᠎ᠠ ᠶᠢᠨ ᠡᠯᠢᠭᠡᠨ ᠳ᠋ᠤ

ᠣᠭᠢᠯᠠᠵᠤ ᠨᠢᠴᠦᠭᠦᠨ ᠢᠷᠡᠭ᠍ᠰᠡᠨ ᠵᠢᠠᠨ

ᠣᠷᠤ ᠬᠤᠭᠤᠰᠤᠨ ᠮᠠᠷᠳᠠᠳᠠᠭ

ᠣᠪ ᠥᠭᠡᠢ᠌ᠭᠡᠨ ᠭᠦᠮᠦᠰ ᠮᠢᠨᠢ ᠡ᠃


ᠡᠷᠭᠢᠮ ᠪᠠᠶᠠᠨ ᠭᠡᠳ ᠡᠷᠳᠡᠢ᠌ᠵᠤ

ᠡᠭᠡᠯ ᠠᠷᠠᠤᠨ ᠶᠢᠡᠨ ᠪᠠᠰᠤᠳᠠᠭ ᠴᠤ

ᠡᠭᠡᠭᠡ ᠨᠢᠭᠡ ᠯᠠ ᠪᠦᠮᠪᠦᠷᠴᠡᠭ᠌ ᠳᠡᠭᠡᠷ᠎ᠡ

ᠡᠳᠦᠷ ᠰᠦᠨᠢ ᠶᠢ ᠨᠥᠭ᠍ᠴᠢᠭᠡᠳᠡᠭ᠌ ᠶᠤᠮ᠃


ᠣᠯᠠᠨ ᠡᠴᠠ ᠣᠷᠣᠢ᠌ᠯᠠᠭᠰᠠᠨ ᠣᠬᠠᠭᠠᠨ ᠲᠡᠶ ᠭᠡᠳ

ᠥᠭᠡᠷ ᠭᠦᠯᠯᠡᠭ᠍ᠰᠡᠨ ᠶᠢᠡᠷ ᠳᠤᠭᠢᠯᠠᠳᠠᠭ ᠴᠤ

ᠦᠷᠭᠡᠨ ᠳᠡᠯᠡᠭᠡᠢ ᠶᠢᠨ ᠡᠪᠴᠢᠭᠦᠨ ᠳᠡᠭᠡᠷ᠎ᠡ

ᠦᠰᠦᠳ ᠥᠭᠡᠷ᠎ᠡ ᠭᠦᠮᠤᠨ ᠭᠡᠵᠤ ᠠᠯᠠᠭ᠎ᠠ᠃


ᠭᠦᠮᠤᠨ ᠨᠢ ᠭᠦᠮᠤᠨ ᠤ ᠪᠠᠨ ᠡᠮᠤᠨ᠎ᠡ

ᠭᠦᠭ᠍ᠳᠡᠢ ᠰᠦᠷᠡᠭᠡᠢ ᠳᠤᠭᠯᠠᠭᠴᠢ ᠪᠠᠢ᠌ᠵᠤ

ᠭᠦᠭᠯᠡᠭᠡᠳ ᠥᠩᠭᠡᠷᠡᠪᠠᠯ ᠭᠦᠭᠡᠷᠦᠭᠦᠢ

ᠬᠤᠶᠠᠷ ᠭᠦᠯᠳᠡᠨ ᠭᠡᠳᠡᠭ᠌ ᠶᠢᠡᠨ ᠣᠬᠠᠳᠠᠭ ᠶᠤᠮ᠃


ᠣᠭᠰᠣᠢ᠌ᠵᠤ ᠳᠤᠭᠰᠣᠢ᠌ᠵᠤ ᠶᠠᠪᠣᠭᠰᠠᠭᠠᠷ

ᠣᠬᠠᠭᠠᠷᠠᠵᠤ ᠨᠢᠭᠡ ᠰᠡᠷᠡᠭᠦ ᠳ᠋ᠤ

ᠣᠨ ᠨᠢᠭᠡᠨᠲᠡ ᠬᠤᠯᠠᠳᠠᠭᠠᠤᠨ

ᠣᠬᠤᠷᠢᠬᠤ ᠮᠦᠴᠡ ᠭᠡᠵᠤ ᠣᠯᠳᠠᠳᠠᠭ ᠦᠭᠡᠶ ᠶᠤᠮ᠃


ᠠᠯᠳᠠ ᠲᠡᠶ ᠪᠣᠯᠤᠯ᠎ᠠ ᠭᠡᠳ ᠶᠠᠭᠠᠭᠢᠬᠤᠪ

ᠠᠪᠣ ᠶᠢᠨ ᠠᠴᠢᠯᠠᠯ ᠲᠡᠶ ᠪᠦᠮᠪᠦᠷᠴᠡᠭ᠌ ᠵᠢᠠᠨ

ᠠᠭᠤᠷᠬᠠᠢ᠌ᠳᠠᠵᠤ ᠬᠤᠭᠤᠰᠤᠯᠠᠳᠠᠭ ᠨᠢ

ᠣᠪ ᠥᠭᠡᠢ᠌ᠭᠡᠨ ᠭᠦᠮᠦᠰ ᠮᠢᠨᠢ ᠪᠢᠰᠢᠤ︕


ᠭᠦᠳᠡᠷ ᠡᠷᠢᠯ᠎ᠡ ᠭᠡᠳ ᠶᠠᠭᠠᠭᠢᠬᠤᠪ

ᠬᠤᠷᠢᠨ ᠵᠠᠭᠤᠨ ᠢ ᠳᠠᠭᠤᠰᠳᠠᠯ᠎ᠠ

ᠬᠤᠤᠷ ᠳᠠᠷᠢᠭᠰᠠᠨ ᠶᠢᠡᠨ ᠣᠬᠠᠳᠠᠭ ᠦᠭᠡᠶ ᠨᠢ

ᠣᠪ ᠥᠭᠡᠢ᠌ᠭᠡᠨ ᠭᠦᠮᠦᠰ ᠮᠢᠨᠢ ᠪᠢᠰᠢᠤ︕


ᠣᠳᠤ ᠪᠣᠯᠢᠭᠠᠴᠢ

ᠣᠪ ᠥᠭᠡᠢ᠌ᠭᠡᠨ ᠭᠦᠮᠦᠰ ᠮᠢᠨᠢ ᠡ︕

ᠥᠭᠡᠳᠡ ᠲᠡᠶ ᠪᠦᠭᠦᠨ ᠶᠢᠡᠨ ᠥᠯᠡᠳᠡᠭᠡᠵᠤ

ᠦᠷ᠎ᠡ ᠬᠣᠢ᠌ᠴᠢᠰ ᠲᠠᠭᠠᠨ ᠥᠪᠯᠡᠭᠦᠯᠮᠤ︕


ᠵᠤᠬᠢᠶᠠᠭᠴᠢ ᠶᠢᠨ ᠬᠠᠶ‍ᠢᠭ ᠄ ᠣᠷᠳᠤᠰ

ᠵᠤᠬᠢᠶᠠᠭᠴᠢ᠄ ᠬᠠᠩᠭᠢᠴᠤᠳ ᠴᠤᠯᠮᠤᠨ‍ᠭᠡᠷᠡᠯ
ᠬᠠᠷᠢᠶ᠎ᠠ᠄ ᠰᠢᠯᠦᠭ
ᠳᠠᠷᠤᠮ᠄ 1856
ᠴᠠᠭ᠄ 2010 ᠤᠨ ᠤ 09 ᠰᠠᠷ᠎ᠠ ᠶᠢᠨ 16