ᠡᠵᠢ ᠨᠤᠳᠤᠭ ᠬᠤᠶᠠᠷ ᠲᠠᠭᠠᠨ ᠣᠴᠢᠨᠠᠮ

ᠣᠷᠭᠢᠯ ᠤᠨ ᠭᠢᠨᠢ ᠴᠢᠯᠠᠭᠤᠳ ᠢ ᠳᠠᠩᠭᠢᠨᠠᠭᠤᠯᠤᠨ ᠴᠤᠷᠭᠢᠭᠠᠵᠤ ᠪᠣᠰᠤᠭᠠᠤᠨ ᠣᠭᠳᠠᠷᠭᠤᠢ ᠶᠢᠨ ᠶᠢᠡᠨ ᠴᠡᠩᠭᠡᠷ ᠮᠠᠠᠳᠠᠯ ᠳᠤ ᠳᠤᠭᠳᠠᠬᠤ ᠣᠮᠤᠭᠳᠤ ᠭᠦᠷᠡᠩ ᠳᠠᠰ ᠶᠢᠡᠨ ᠠᠷᠭᠠᠳᠠᠨ ᠥᠮᠴᠢᠷᠭᠡᠭ᠍ᠰᠡᠨ ᠳᠤᠮᠤᠭ ᠲᠡᠶ ᠭᠦᠭᠡ ᠠᠭᠤᠯᠠ ᠊᠊᠊᠊᠊᠊᠊᠊᠊᠊᠊᠊᠊᠊᠊ ᠳᠤᠶ‍ᠢᠩ ᠬᠠᠢ᠌ᠷᠬᠠᠨ ᠤ ᠪᠠᠨ ᠮᠥᠩᠭᠡ ᠰᠦᠷᠯᠢᠭ᠌ ᠢ ᠪᠠᠷᠠᠭᠠᠳᠠᠨ᠂ ᠶ‍ᠢᠰᠤᠨ ᠮᠢᠩᠭ᠎ᠠ ᠶ‍ᠢᠰᠤᠨ ᠵᠠᠭᠤᠨ ᠶᠠᠷᠠ ᠶ‍ᠢᠰᠤᠨ ᠪᠣᠯᠠᠭ ᠤᠨ ᠶᠢᠡᠨ ᠣᠰᠤᠨ ᠢ ᠨᠠᠷᠠᠨ ᠵᠡᠷᠭᠡᠯᠭᠡᠨ ᠳᠤ ᠵᠠᠩᠭᠢᠳᠤᠭᠰᠠᠨ ᠡᠷᠭᠢᠮᠰᠦᠭ᠌ ᠶᠡᠭᠡ ᠬᠠᠳᠤᠨ ᠴᠠᠭᠠᠨ ᠨᠠᠭᠤᠷ ᠲᠠᠭᠠᠨ ᠳᠡᠷᠢᠭᠦᠨ ᠶᠢᠡᠨ ᠳᠤᠯᠢᠳᠠᠨ ᠣᠰᠤ ᠨᠤᠳᠤᠭ ᠤᠨ ᠶᠢᠡᠨ ᠭᠤᠴᠤ ᠰᠠᠢ᠌ᠬᠠᠨ ᠦᠵᠠᠮᠵᠢ ᠳᠤ ᠴᠢᠮᠡᠭ᠌ ᠪᠣᠯᠬᠤ ᠶᠢ ᠭᠢᠴᠢᠶᠠᠵᠤ ᠭᠡᠪᠳᠡᠭ᠍ᠰᠡᠨ ᠳᠤᠭᠰᠢᠨ ᠰᠢᠷ᠎ᠠ ᠪᠣᠤᠷ᠎ᠠ ᠰᠢᠭ ᠨᠥᠮᠵᠦᠭ᠌ ᠰᠦᠷᠯᠢᠭᠦᠨ 《ᠳᠡᠭᠡᠭᠡ ᠰᠢᠷ᠎ᠠ》 ᠮᠠᠩᠬᠠᠨ ᠤ ᠪᠠᠨ ᠡᠪᠦᠷ ᠲᠤ ᠢᠷᠡᠭᠡᠳ ᠣᠳᠤ ᠯᠠ ᠰᠠ‍‌ᠶᠢ ᠭᠦᠤ ᠴᠢᠨᠢ ᠣᠬᠠᠭᠠᠷᠠᠨᠠᠮ ︕

ᠳᠤᠯᠤᠭᠠᠤᠨ ᠪᠦᠭᠦᠨ ᠤ ᠣᠷᠤᠢ ᠶᠢ ᠳᠤᠰᠤᠨ ᠰᠢᠷ᠎ᠠ ᠥᠩᠭᠡ ᠪᠠᠷ ᠶᠢᠡᠨ ᠬᠤᠴᠢᠵᠤ ᠨᠠᠷᠠ ᠬᠤᠯᠠᠳᠠᠨ᠎ᠠ᠃ ᠣᠨᠠᠭᠠᠨ ᠬᠠᠢ᠌ᠷᠠᠳᠠᠢ ᠨᠤᠳᠤᠭ ᠲᠠᠭᠠᠨ ᠡᠷᠢᠭ᠍ᠳᠡᠨ ᠬᠤᠷᠭᠤᠳᠠᠨ ᠰᠢᠪᠠᠭᠤᠳ ᠶᠡᠭᠡ ᠳᠡᠭᠡᠭᠦᠷ ᠨᠡᠭᠦᠳᠡᠯᠯᠡᠨ᠎ᠡ᠃ 《ᠳᠡᠭᠡᠭᠡ ᠰᠢᠷ᠎ᠠ》 ᠮᠠᠩᠬᠠᠨ ᠤ ᠪᠠᠨ ᠳᠤᠷᠭᠠᠨ ᠡᠪᠦᠷ ᠳᠡᠭᠡᠷ᠎ᠡ ᠳᠤᠭᠯᠠᠵᠤ ᠦᠰᠦᠭ᠍ᠰᠡᠨ ᠪᠣᠢ᠌ᠳᠤᠭ ᠲᠡᠶ ᠪᠠᠭ᠎ᠠ ᠶᠢᠨ ᠨᠠᠰᠤ ᠪᠠᠨ ᠡᠷᠢᠭᠡᠳ ᠣᠯᠤᠭᠰᠠᠨ ᠦᠭᠡᠶ᠃

ᠭᠦᠤ ᠪᠠᠨ ᠭᠦᠯᠢᠶᠡᠵᠤ ᠰᠠᠷᠠᠪᠴᠢᠯᠠᠭᠰᠠᠨ ᠡᠵᠢ ᠶᠢᠨ ᠮᠢᠨᠢ ᠬᠤᠷᠮᠤᠢ ᠳᠤ ᠰᠠᠯᠭᠢ ᠨᠢᠯᠬᠠᠷᠠᠵᠤ᠂ ᠳᠤᠯᠤᠭᠠᠤᠨ ᠳᠤᠯᠤᠭᠠᠤᠨ ᠤᠨ ᠳᠤᠮᠳᠠ ᠡᠴᠠ 《ᠳᠡᠭᠡᠭᠡ ᠰᠢᠷ᠎ᠠ》 ᠯᠠ ᠳᠡᠩᠭᠡᠢ᠌ᠨ᠂ ᠪᠦᠦᠳᠡᠢ᠌ᠵᠤ ᠵᠤᠭᠰᠤᠬᠤ ᠡᠵᠢ ᠶᠢᠨ ᠮᠢᠨᠢ ᠰᠡᠳᠭᠢᠯ ᠳᠤ ᠳᠠᠢ᠌ᠤᠠᠬᠤᠷᠠᠯ ᠦᠭ‍ᠭᠦᠨ᠎ᠡ᠃

᠁ ᠣᠨ ᠵᠢᠯ ᠤᠳ ᠤᠨ ᠬᠠᠳᠠᠭᠤ ᠰᠢᠯᠭᠠᠯᠳᠠ ᠳᠤ ᠡᠩᠭᠡᠷ ᠳᠤᠬᠤᠢ ᠡᠴᠠ ᠪᠠᠨ ᠡᠯᠡᠭ᠍ᠳᠡᠨ ᠴᠤᠴᠠᠷᠠᠵᠤ ᠪᠠᠢ᠌ᠭ᠎ᠠ ᠮᠠᠩᠬ᠎ᠠ ᠳᠤᠯᠤᠭᠠᠤᠨ ᠶᠢᠡᠨ ᠬᠠᠷᠠᠬᠤ ᠡᠴᠠ ᠯᠠ ᠦᠷᠤ ᠣᠷᠠᠭᠳᠠᠨ᠎ᠠ᠃ ᠠᠷᠠᠮᠠᠭ ᠳᠠᠷᠠᠮᠠᠭ ᠭᠡᠳᠤᠨ ᠪᠦᠭ᠍ᠳᠦᠷ ᠬᠠᠢ᠌ᠯᠠᠰᠤ ᠭᠦᠴᠢᠷᠳᠡᠢ᠌ᠭᠡᠨ ᠱᠤᠤᠭᠢᠨ᠎ᠠ᠃

《ᠣᠳᠤ ᠴᠢᠨᠢ ᠰᠠᠯᠭᠢ ᠪᠠᠭ᠎ᠠ ᠯᠠ ᠭᠦᠳᠡᠯᠪᠠᠯ 〈ᠳᠡᠭᠡᠭᠡ ᠰᠢᠷ᠎ᠠ〉 ᠮᠢᠨᠢ ᠳᠤᠭᠤᠰᠤ ᠳᠤᠷᠳᠤᠭ ᠶᠢᠡᠨ ᠪᠣᠰᠬᠠᠵᠤ᠂ ᠡᠯᠡᠰᠤ ᠬᠠᠢ᠌ᠷ ᠶᠢᠡᠷ ᠶᠢᠡᠨ ᠨᠢᠳᠤ ᠨᠢᠭᠤᠷ ᠦᠭᠡᠶ ᠴᠤᠭᠢᠯᠠᠬᠤ ᠶᠤᠮ᠂ ᠶᠠᠮᠠᠷ ᠴᠠᠭ ᠨᠢ ᠪᠣᠯᠤᠭ᠎ᠠ ᠶᠤᠮ ᠮᠡᠳᠡᠭᠦ ᠦᠭᠡᠶ ︕》 ᠭᠡᠴᠢᠭᠡᠭ᠍ᠰᠡᠨ ᠡᠵᠢ ᠵᠠᠯᠪᠠᠷᠢᠨ᠎ᠠ᠃ ᠠᠷᠭ᠎ᠠ ᠴᠤ ᠦᠭᠡᠶ ᠶᠤᠮ᠃ ᠣᠴᠠᠭᠠᠷ ᠣᠠᠳᠤᠭᠤᠴᠠᠯ ᠶᠢᠡᠨ ᠭᠠᠷᠭᠠᠵᠤ ᠪᠠᠢ᠌ᠭ᠎ᠠ ᠨᠢ ᠳᠠᠷᠠ ᠪᠢᠵᠠ᠃ ᠡᠩᠭᠡᠷ ᠬᠠᠠᠴᠤᠢ ᠳᠤ ᠨᠢ ᠵᠡᠭᠦᠭ᠍ᠳᠡᠨ ᠦᠰᠴᠢᠭᠡᠭᠡᠳ ᠡᠵᠡᠨ ᠪᠣᠯᠬᠤ ᠶᠢᠨ ᠬᠠᠷᠢᠭᠤᠴᠠᠯᠭ᠎ᠠ ᠠᠯᠳᠠᠵᠤ ᠶᠠᠪᠣᠭ᠎ᠠ ᠳᠤ ᠨᠢ ᠭᠤᠮᠤᠳᠠᠳᠠᠭ ᠴᠤ ᠪᠠᠢ᠌ᠯᠭᠦᠢ ︕ ᠥᠶ‍ᠦᠭ᠌ ᠳᠤᠯᠠᠭᠠᠨ ᠳᠠᠭᠤᠨ ᠶᠢᠡᠨ ᠰᠤᠨᠤᠰᠬᠠᠨ ᠪᠠᠶᠠᠰᠬᠠᠵᠤ᠂ ᠬᠤᠷᠮᠤᠢ ᠪᠠᠯ ᠶᠢᠡᠷ ᠨᠢ ᠭᠢᠰᠭᠢᠯᠠᠨ ᠬᠤᠶᠠᠩ ᠰᠢᠷ᠎ᠠ ᠣᠰᠤ ᠶᠢ ᠨᠢ ᠳᠠᠷᠬᠠᠭᠠᠨ ᠠᠮᠤᠷᠵᠢᠭᠤᠯᠳᠠᠭ ᠬᠠᠯᠠᠭᠤᠨ ᠵᠠᠶᠠᠭ᠎ᠠ ᠲᠡᠶ ᠰᠦᠷᠦᠭ᠌ ᠤᠨ ᠶᠢᠡᠨ ᠪᠠᠷ᠎ᠠ ᠶᠢ ᠦᠭᠡᠢ᠌ᠯᠠᠨ ᠡᠩᠰᠡᠷᠡᠭᠡ ᠴᠤ ᠪᠣᠯᠪᠠᠤ ︖

ᠬᠤᠯᠠ ᠶᠢᠨ ᠭᠠᠵᠠᠷ ᠡᠴᠠ ᠣᠰᠤ ᠨᠤᠳᠤᠭ ᠶᠢᠡᠨ ᠵᠤᠷᠢᠭᠠᠤᠨ ᠬᠠᠷᠢᠬᠤ ᠳᠤ ᠮᠠᠩᠬ᠎ᠠ ᠳᠤᠯᠤᠭᠠᠤᠨ ᠪᠦᠭᠦᠨ ᠣᠷᠤ ᠣᠷᠤᠨ ᠳᠠᠭᠠᠨ ᠦᠨᠳᠠᠯᠵᠠᠨ ᠭᠦᠤ ᠪᠠᠨ ᠬᠠᠷᠠᠨ ᠵᠢᠷᠭᠠᠳᠠᠭ᠃ ᠡᠳᠦᠷ ᠤᠨ ᠨᠠᠷᠠ ᠴᠤ ᠢᠳᠠ ᠨᠠᠮᠠᠨ ᠳᠤᠨᠤᠷᠠᠵᠤ᠂ ᠡᠵᠢ ᠮᠢᠨᠢ ᠣᠭᠤᠷᠠᠭ ᠰᠢᠷᠭᠠᠯ ᠴᠠᠢ ᠪᠠᠨ ᠠᠯᠳᠠᠯᠠᠨ ᠣᠳᠠᠭᠠᠨ ᠰᠠᠮᠤᠷᠴᠤ ᠨᠤᠳᠤᠭ ᠤᠨ ᠶᠢᠡᠨ ᠳᠤᠯᠤᠭᠠᠤᠨ ᠪᠦᠭᠦᠨ ᠳᠤ ᠳᠡᠭᠡᠵᠢᠯᠡᠨ ᠭᠦᠤ ᠶᠢᠨ ᠶᠢᠡᠨ ᠭᠡᠢ᠌ᠮᠦᠷᠢ ᠲᠡᠶ ᠶᠠᠪᠣᠭ᠎ᠠ ᠳᠤ ᠪᠠᠶᠠᠷᠯᠠᠳᠠᠭ᠃

ᠡᠨᠡᠷᠢᠩᠭᠦᠢ ᠳᠤᠯᠠᠭᠠᠨ ᠢ ᠬᠠᠷᠠᠴᠠᠨ ᠳᠠᠭᠠᠨ ᠰᠠᠭᠠᠵᠤ᠂ ᠨᠠᠮᠤᠷ ᠤᠨ ᠰᠡᠷᠢᠭᠦᠨ ᠳᠤ ᠪᠦᠦᠳᠡᠢ᠌ᠭ᠍ᠰᠡᠨ ᠡᠵᠢ ᠮᠢᠨᠢ ᠬᠤᠯᠠ ᠶᠢᠨ ᠵᠡᠷᠭᠡᠯᠭᠡᠨ ᠳᠤ ᠬᠠᠭᠤᠷᠳᠠᠨ ᠭᠡᠷ ᠲᠡᠭᠡᠨ ᠡᠭᠡᠨ᠎ᠡ᠃ ᠭᠦᠤ ᠶᠢᠨ ᠶᠢᠡᠨ ᠰᠤᠷᠠᠭ ᠢ ᠳᠤᠭᠤᠯᠬᠤ ᠭᠡᠵᠤ ᠣᠰᠤ ᠳᠤᠯᠤᠭᠠᠤᠨ ᠤᠨ ᠳᠡᠭᠡᠭᠦᠷ ᠰᠢᠪᠠᠭᠤᠳ ᠤᠨ ᠳᠠᠭᠤᠨ ᠢ ᠴᠢᠩᠨᠠᠨ᠎ᠠ ᠁

ᠬᠤᠨᠤᠭ ᠤᠨ ᠣᠷᠳᠤ ᠳᠤ ᠵᠡᠭᠦᠳᠤᠨ ᠳᠤ ᠢᠷᠠᠵᠤ᠂ ᠬᠤᠯᠠ ᠶᠢᠨ ᠭᠠᠵᠠᠷ ᠡᠴᠠ ᠵᠢᠷᠦᠭᠡᠨ ᠳᠤ ᠠᠨᠢᠷᠯᠠᠬᠤ ᠨᠤᠳᠤᠭ ᠡᠵᠢ ᠬᠤᠶᠠᠷ ᠮᠢᠨᠢ ᠭᠦᠤ ᠨᠢ ᠡᠵᠡᠭᠦᠢ ᠰᠠᠷ᠎ᠠ ᠡᠳᠦᠷ ᠤᠳ ᠢ ᠢᠩᠭᠢᠵᠤ ᠯᠠ ᠭᠠᠵᠠᠷ ᠤᠨ ᠰᠤᠳᠠᠰᠤᠨ ᠡᠴᠠ ᠰᠤᠷᠠᠭ ᠬᠠᠢ᠌ᠮ᠎ᠠ ᠰᠠᠨᠠᠵᠤ ᠭᠦᠯᠢᠶᠡᠳᠡᠭ᠌ ᠪᠠᠢ᠌ᠨᠠᠮ ︕

ᠡᠩᠭᠦᠷᠡᠢ᠌ᠭᠡᠨ ᠭᠦᠤ ᠴᠢᠨᠢ ᠡᠷᠳᠡᠨᠢ ᠶᠢᠨ ᠠᠷᠢᠭᠤᠨ ᠭᠠᠠᠵᠤᠭ᠎ᠠ ᠳᠤᠰᠤᠳᠠᠨ ᠬᠤᠶᠠᠷ ᠲᠠᠭᠠᠨ ᠭᠦᠯ ᠲᠡᠶ ᠨᠠᠷᠠ ᠰᠢᠭ ᠭᠦᠷᠦᠭᠡᠳ ᠣᠴᠢᠨ᠎ᠠ ᠳ᠋ᠠ᠃


ᠵᠤᠬᠢᠶᠠᠭᠴᠢ ᠶᠢᠨ ᠬᠠ‍‌ᠶᠢᠭ ᠄ ᠰᠢᠯᠢ ᠶᠢᠨ ᠭᠤᠤᠯ ᠠᠢ᠌ᠮᠠᠭ ᠤᠨ ᠰᠢᠯᠤᠭᠤᠨ ᠭᠦᠭᠡ ᠬᠤᠰᠢᠭᠤ

ᠵᠤᠬᠢᠶᠠᠭᠴᠢ᠄ ᠭᠦᠭᠡᠭᠡᠢ᠌ᠮᠦᠷᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢ᠌ᠷᠠᠭᠤᠯᠤᠯ
ᠳᠠᠷᠤᠮ᠄ 2947
ᠴᠠᠭ᠄ 2013 ᠤᠨ ᠤ 03 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁