ᠮᠢᠨᠤ ᠬᠠᠢ᠌ᠷᠠᠳᠠᠢ ᠬᠤᠶᠠᠷ ᠠᠯᠠᠭ

ᠮᠤᠤᠷ


ᠣᠬᠠᠭᠠᠨ ᠬᠠᠷᠠᠬᠠᠨ ᠣᠷᠤᠭᠠᠳᠠᠢ ᠪᠠᠢ᠌ᠭᠰᠠᠨ ᠵᠢᠯ

ᠣᠯᠠᠭᠠᠨ ᠭᠤᠤ ᠳᠤ ᠪᠠᠨ ᠨᠠᠭᠠᠳᠴᠤ ᠥᠰᠦᠭ᠍ᠰᠡᠨ ᠦᠶ᠎ᠡ

ᠬᠠᠩᠵᠤᠨ ᠤ ᠮᠢᠨᠢ ᠴᠢᠮᠡᠭ᠌ ᠬᠠᠷ᠎ᠠ ᠡᠷᠢᠶᠡᠨ ᠮᠤᠤᠷ ᠶᠢᠡᠨ

ᠬᠠᠢ᠌ᠷᠠᠯᠠᠬᠤ ᠶᠢ ᠮᠡᠳᠡᠭᠦ ᠦᠭᠡᠶ ᠬᠠᠯᠠ ᠥᠵᠡᠭᠦᠯᠳᠡᠭ᠌ ᠪᠠᠢ᠌ᠯ᠎ᠠ


ᠡᠷᠢᠶᠡᠨ ᠮᠤᠤᠷ ᠢ ᠮᠢᠨᠢ ᠡᠭ᠍ᠰᠢᠭᠡᠯ᠎ᠡ ᠭᠡᠳ

ᠡᠮᠡᠭᠡ ᠮᠢᠨᠢ ᠨᠢᠳᠤᠨ ᠳᠤ ᠪᠠᠨ ᠵᠠᠢ᠌ᠷ ᠲᠡᠶ ᠪᠠᠢ᠌ᠯ᠎ᠠ

ᠨᠠᠳᠠ ᠡᠴᠡ ᠢᠯᠡᠭᠦᠤ ᠰᠠᠨᠠᠯ᠎ᠠ ᠭᠡᠵᠤ ᠪᠢ

ᠨᠠᠢ᠌ᠷ ᠬᠠᠢ᠌ᠷ᠎ᠠ ᠦᠭᠡᠶ ᠠᠳᠠᠯᠠᠳᠠᠭ ᠪᠠᠢ᠌ᠯ᠎ᠠ


ᠨᠠᠰᠤ ᠨᠡᠮᠡᠭ᠍ᠳᠡᠵᠤ ᠣᠬᠠᠭᠠᠨ ᠰᠠᠷᠠᠭᠤᠯᠵᠢᠯ᠎ᠠ

ᠨᠠᠭᠠᠳᠴᠤ ᠨᠠᠷᠭᠢᠭᠰᠠᠨ ᠮᠢᠨᠢ ᠡᠨᠡᠦᠭᠡᠨ ᠳᠤ ᠪᠠᠢ᠌ᠯ᠎ᠠ

ᠨᠠᠭᠠᠰᠢᠯᠠᠪᠠᠯ ᠪᠠᠵᠠᠵᠤ ᠴᠠᠭᠠᠰᠢᠯᠠᠬᠤ ᠳᠤ ᠨᠢ ᠴᠢᠯᠠᠭᠤᠳᠠᠳᠠᠭ

ᠨᠠᠢ᠌ᠷ ᠦᠭᠡᠶ ᠮᠤᠤᠷ ᠲᠤ ᠬᠠᠷᠢᠨ ᠬᠠᠢ᠌ᠷᠠᠳᠠᠢ ᠪᠣᠯᠤᠯ᠎ᠠ


ᠬᠠᠶᠠ ᠬᠠᠶᠠ ᠵᠡᠭᠦᠳᠤᠨ ᠳᠤᠳᠤᠷ᠎ᠠ

ᠬᠠᠢ᠌ᠷᠠᠳᠠᠢ ᠮᠤᠤᠷ ᠮᠢᠨᠢ ᠠᠯᠢᠶᠠᠯᠠᠵᠤ ᠬᠠᠷᠠᠭᠳᠠᠨ᠎ᠠ

ᠭᠦᠰᠡᠯ ᠮᠦᠷᠦᠭᠡᠳᠦᠯ ᠤᠨ ᠡᠴᠢᠨ᠎ᠡ ᠳᠠᠯᠳᠠ ᠡᠴᠡ

ᠭᠦᠭᠡᠷᠦᠭᠦᠢ ᠡᠮᠡᠭᠡ ᠮᠢᠨᠢ ᠪᠦᠭ᠍ᠳᠥᠢᠵᠤ ᠨᠠᠭᠠᠰᠢᠯᠠᠨ᠎ᠠ


ᠬᠠᠷ᠎ᠠ᠂ ᠰᠢᠷ᠎ᠠ ᠭᠡᠵᠤ ᠢᠯᠭᠠᠯ ᠥᠭᠡᠢ

ᠬᠠᠢ᠌ᠷᠠᠯᠠᠵᠤ ᠮᠤᠤᠷ ᠢ ᠡᠩᠭᠦᠷᠡᠢ᠌ᠯᠡᠳᠡᠭ᠌ ᠮᠢᠨᠢ

ᠬᠠᠷᠠᠳᠠᠵᠤ ᠭᠤᠶᠠᠳᠠᠭᠰᠠᠨ ᠰᠡᠳᠭᠢᠯ ᠤᠨ ᠦᠷᠢ ᠳᠤ ᠪᠠᠨ ᠤᠤ

ᠬᠠᠢ᠌ᠷᠠᠳᠠᠢ ᠡᠮᠡᠭᠡ ᠶᠢᠨ ᠶᠢᠡᠨ ᠨᠢᠯᠪᠣᠰᠤᠨ ᠳᠤ ᠨᠢ ᠤᠤ


ᠡᠷᠪᠠᠭᠡᠢ


ᠨᠠᠷᠠᠯᠠᠭ ᠰᠠᠢ᠌ᠬᠠᠨ ᠵᠤᠨ ᠤ ᠪᠠᠢ᠌ᠭᠠᠯᠢ ᠳᠤᠯᠢᠳᠠᠨ

ᠨᠠᠮᠤᠭᠤᠨ ᠴᠡᠩᠭᠡᠷ ᠴᠠᠪ ᠤᠨ ᠨᠠᠭᠤᠷ ᠳᠤᠨᠤᠯᠵᠠᠨ ᠮᠦᠰᠢᠶᠠᠨ᠎ᠡ

ᠨᠠᠪᠴᠢᠨ ᠨᠤᠭᠤᠭᠠᠨ ᠳᠤᠷᠠᠯᠠᠯ ᠭᠦᠪᠦᠷᠡᠵᠤ

ᠨᠠᠷᠢᠬᠠᠨ ᠳᠤᠯᠭᠢᠶᠠᠨ ᠳᠤ ᠨᠢ ᠰᠡᠳᠭᠢᠯ ᠭᠦᠪᠦᠯᠵᠡᠨ᠎ᠡ


ᠠᠭᠠᠷ ᠲᠤ ᠳᠠᠪᠳᠠᠷᠢᠨ ᠰᠢᠪᠠᠭᠤᠳ ᠭᠠᠩᠭ᠋ᠠᠨᠠᠵᠤ

ᠠᠶᠠᠷ ᠠᠶᠠᠷ ᠨᠠᠭᠤᠷ ᠶᠢᠡᠨ ᠦᠨᠦᠰᠤᠨ᠎ᠡ

ᠰᠡᠩᠭᠢᠨᠡᠭᠦ ᠰᠠᠯᠭᠢ ᠨᠢ ᠡᠷᠪᠠᠭᠡᠢ ᠲᠡᠶ ᠪᠠᠨ

ᠰᠡᠮᠭᠡᠨ ᠰᠡᠮᠭᠡᠨ ᠴᠡᠴᠡᠭᠡᠰ ᠶᠢᠡᠨ ᠢᠯᠪᠢᠨ᠎ᠡ


ᠴᠡᠴᠡᠭ᠌ ᠨᠢ ᠠᠩᠭᠢᠯᠤᠵᠤ ᠡᠷᠪᠠᠭᠡᠢ ᠪᠠᠨ ᠰᠤᠭᠳᠤᠭᠠᠨ᠎ᠠ

ᠴᠢ ᠮᠢᠨᠢ ᠨᠠᠳᠠ ᠳᠤ ᠪᠠᠨ ᠪᠠᠭᠤᠪᠴᠢ ᠭᠦᠷᠤᠨ᠎ᠡ

ᠭᠠᠩᠭ᠋ᠠᠩ ᠴᠡᠴᠡᠭ᠌ ᠤᠨ ᠪᠠᠭᠤᠪᠴᠢ ᠴᠢᠨᠢ ᠭᠠᠷ ᠢ ᠮᠢᠨᠢ ᠣᠷᠢᠶᠠᠭᠰᠠᠨ ᠴᠠᠭ ᠡᠴᠡ

ᠭᠠᠯ ᠬᠠᠯᠠᠭᠤᠨ ᠬᠠᠢ᠌ᠷ᠎ᠠ ᠳᠤ ᠴᠢᠨᠢ ᠪᠢ ᠮᠥᠩᠭᠡ ᠳᠦᠷᠠᠯᠵᠠᠪᠠ


ᠵᠢᠷᠭᠠᠯ ᠬᠠᠢ᠌ᠷᠠᠯᠠᠭᠰᠠᠨ ᠳᠠᠷᠠ ᠨᠢᠭᠡᠨ ᠵᠤᠨ ᠳᠤ ᠪᠠᠨ

ᠵᠠᠭᠤᠨ ᠵᠠᠭᠤᠨ ᠵᠢᠯ ᠳᠠᠯᠠᠷᠬᠠᠨ ᠰᠥᠭᠦᠳᠦᠮᠡᠷ

ᠳᠤᠷᠠᠯᠠᠯ ᠤᠨ ᠳᠡᠭ᠍ᠷᠢ ᠳᠤ ᠵᠢᠷᠦᠭᠡ ᠲᠡᠶ ᠮᠢᠨᠢ ᠬᠠᠮᠳᠤ ᠳᠡᠪᠳᠡᠷᠢᠭ᠍ᠰᠡᠨ

ᠳᠤᠷᠠᠰᠤᠯ ᠬᠠᠢ᠌ᠷ᠎ᠠ ᠶᠢᠨ ᠮᠢᠨᠢ ᠣᠶᠠᠬᠠᠨ ᠳᠠᠭᠢᠨᠢ ᠊᠊᠊᠊᠊᠊᠊᠊᠊᠊᠊᠊᠊᠊᠊ ᠡᠷᠪᠠᠭᠡᠢ ᠳᠤ ᠪᠢ ᠬᠠᠢ᠌ᠷᠠᠳᠠᠢ᠃


ᠵᠤᠬᠢᠶᠠᠭᠴᠢ ᠶᠢᠨ ᠬᠠᠶ‍ᠢᠭ᠄ ᠪᠠᠭᠠᠷᠢᠨ ᠪᠠᠷᠠᠭᠤᠨ ᠬᠤᠰᠢᠭᠤᠨ ᠤ ᠴᠠᠭᠠᠠᠮᠤᠷᠠᠨ ᠪᠠᠯᠭᠠᠰᠤ᠂ ᠰᠢᠪᠠᠷᠳᠠᠢ ᠭᠤᠤᠯ ᠪᠠᠭ᠎ᠠ ᠰᠦᠷᠭᠠᠭᠤᠯᠢ

ᠵᠤᠬᠢᠶᠠᠭᠴᠢ᠄ ᠰ·ᠮᠥᠩᠭᠡᠨᠡᠷᠡᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠳᠠᠷᠤᠮ᠄ 1274
ᠴᠠᠭ᠄ 2010 ᠤᠨ ᠤ 06 ᠰᠠᠷ᠎ᠠ ᠶᠢᠨ 30
ᠪᠢᠴᠢᠭ᠍‍ᠯᠡᠭᠴᠢ᠄ ᠪᠦᠬᠡᠡᠷᠳᠡᠨᠢ
ᠨᠠᠢ᠌ᠷᠠᠭᠤᠯᠤᠭᠴᠢ᠄ ᠪᠦᠬᠡᠡᠷᠳᠡᠨᠢ